ᠢᠩᠭᠡ ᠰᠠᠭᠠᠬᠤ
ᠨᠡᠶᠢᠲᠡᠯᠡᠭᠰᠡᠨ ᠴᠠᠭ᠄
2022/9/23
      ᠢᠩᠭᠡ ᠪᠣᠲᠣᠭᠤᠯᠠᠪᠠᠯ ᠤᠭᠤᠷᠠᠭ ᠰᠦ ᠪᠠᠭᠤᠳᠠᠭ ᠪᠣᠯᠬᠤᠷ ᠪᠣᠲᠣᠭᠤ ᠨᠢ ᠬᠦᠬᠦᠬᠦ ᠠᠴᠠ ᠭᠠᠳᠠᠨ᠎ᠠ ᠤᠭᠤᠷᠠᠭ ᠪᠠ ᠰᠦ ᠶᠢ ᠨᠢ ᠰᠠᠭᠠᠨ ᠠᠪᠴᠤ ᠠᠮᠲᠠᠲᠤ ᠰᠠᠶᠢᠬᠠᠨ ᠴᠠᠭᠠᠨ ᠢᠳᠡᠭᠡᠨ ᠪᠣᠯᠭᠠᠳᠠᠭ᠃ ᠢᠩᠭᠡ ᠶᠢ ᠰᠠᠭᠠᠬᠤ ᠳᠤ ᠪᠠᠨ ᠤᠷᠢᠳ ᠢᠶᠠᠷ ᠭᠠᠷ ᠪᠠ ᠰᠠᠪᠠ ᠰᠠᠭᠤᠯᠠᠭ᠎ᠠ ︵ᠬᠤᠪᠢᠩ︶ ᠪᠠᠨ ᠤᠰᠤ ᠪᠠᠷ ᠤᠬᠢᠶᠠᠵᠤ ᠪᠣᠲᠣᠭᠤ ᠶᠢ ᠨᠢ ᠬᠥᠬᠦᠭᠦᠯᠵᠦ ᠢᠩᠭᠡ ᠪᠠᠨ ᠢᠪᠢᠯᠭᠡᠭᠰᠡᠨ ᠤ ᠲᠠᠷᠠᠭ᠎ᠠ ᠵᠥᠪᠲᠡᠢ ᠲᠠᠯ᠎ᠠ ᠶᠢᠨ ᠬᠤᠶᠢᠲᠤ ᠬᠥᠯ ᠢ ᠲᠣᠬᠤᠢ ᠰᠢᠬᠠᠮ ᠬᠤᠶᠢᠰᠢ ᠭᠢᠰᠬᠢᠭᠦᠯᠵᠦ᠂ ᠰᠠᠭᠠᠯᠢᠴᠢᠨ ᠪᠠᠷᠠᠭᠤᠨ ᠬᠥᠯ ᠢᠶᠠᠷ ᠢᠶᠠᠨ ᠵᠣᠭᠰᠣᠵᠤ ᠵᠡᠭᠦᠨ ᠬᠥᠯ ᠢᠶᠠᠨ ᠬᠠᠭᠠᠰ ᠨᠤᠭᠤᠯᠵᠤ ᠦᠰᠦᠭᠡᠢ ᠪᠠᠨ ᠪᠠᠷᠠᠭᠤᠨ ᠬᠥᠯ ᠤᠨ ᠢᠶᠠᠨ ᠡᠪᠦᠳᠦᠭ ᠳᠡᠭᠡᠷ᠎ᠡ ᠲᠠᠯᠪᠢᠵᠤ᠂ ᠰᠠᠭᠤᠯᠠᠭ᠎ᠠ ᠪᠠᠨ ᠵᠡᠭᠦᠨ ᠡᠪᠦᠳᠦᠭ ᠳᠡᠭᠡᠷ᠎ᠡ ᠪᠠᠨ ᠲᠠᠯᠪᠢᠨ ᠰᠠᠭᠤᠯᠠᠭ᠎ᠠ ᠶᠢᠨ ᠣᠭᠤᠰᠣᠷ ᠢ ᠵᠡᠭᠦᠨ ᠭᠠᠷ ᠤᠨ ᠪᠠᠭᠤᠤ ᠳᠤ ᠡᠯᠭᠦᠵᠦ᠂ ᠬᠤᠶᠠᠷ ᠭᠠᠷ ᠤᠨ ᠡᠷᠡᠬᠡᠢ᠂ ᠳᠣᠯᠣᠪᠤᠷ᠂ ᠳᠤᠮᠳᠠ ᠬᠤᠷᠤᠭᠤ ᠪᠠᠷ ᠢᠶᠠᠨ ᠬᠥᠬᠦ ᠶᠢᠨ ᠤᠭ ᠠᠴᠠ ᠦᠵᠦᠭᠦᠷ ᠲᠡᠶᠢᠰᠢ ᠨᠢ ᠰᠢᠪᠳᠤᠷᠴᠤ ᠰᠠᠭᠠᠳᠠᠭ᠃ ᠢᠩᠭᠡ ᠶᠢ ᠲᠦᠷᠪᠡᠨ ᠤᠯᠠᠷᠢᠯ ᠳᠤ ᠪᠦᠷ ᠰᠠᠭᠠᠵᠤ ᠪᠤᠯᠬᠤ ᠪᠥᠭᠡᠳ ᠰᠠᠭᠠᠬᠤ ᠬᠤᠭᠤᠴᠠᠭ᠎ᠠ ᠨᠢ ᠪᠠᠷᠤᠭ ᠠᠷᠪᠠᠨ ᠳᠥᠷᠪᠡ ᠠᠴᠠ ᠠᠷᠪᠠᠨ ᠵᠢᠷᠭᠤᠭ᠎ᠠ ᠲᠤᠯᠤᠭᠠᠨ ᠰᠠᠷ᠎ᠠ ᠪᠠᠶᠢᠳᠠᠭ᠃ ᠡᠩ ᠤᠨ ᠢᠩᠭᠡᠨ  ᠠᠴᠠ ᠡᠳᠦᠷ ᠲᠤ1 ~ 2 ᠵᠢᠩ ︵0.5 ~1.0 ᠺᠢᠯᠦᠭᠷᠡᠮ︶ ᠰᠦ ᠰᠠᠭᠠᠵᠤ᠂ ᠰᠦ ᠰᠠᠶᠢᠲᠠᠢ ᠢᠩᠭᠡᠨ ᠠᠴᠠ 3 ~7 ᠵᠢᠩ ᠰᠦ ᠰᠠᠭᠠᠳᠠᠭ᠃ ᠭᠡᠪᠡᠴᠦ ᠢᠩᠭᠡᠨ  ᠤ ᠨᠠᠰᠤ ᠰᠢᠳᠤ᠂ ᠲᠠᠷᠭᠤ ᠬᠦᠴᠦ᠂ ᠪᠡᠯᠴᠢᠭᠡᠷ ᠤᠰᠤᠨ ᠤ ᠪᠠᠶᠢᠳᠠᠯ ᠵᠢᠴᠢ ᠰᠠᠭᠠᠯᠢᠴᠢᠨ ᠤ ᠮᠡᠷᠭᠡᠵᠢᠯ ᠠᠴᠠ ᠰᠢᠯᠲᠠᠭᠠᠯᠠᠵᠤ᠂ ᠰᠦ ᠶᠢᠨ ᠭᠠᠷᠤᠯᠲᠠ ᠶᠢᠨ ᠬᠡᠮᠵᠢᠶ᠎ᠡ  ᠨᠢ ᠠᠳᠠᠯᠢ ᠦᠭᠡᠢ ᠪᠠᠶᠢᠳᠠᠭ᠃ ᠢᠩᠭᠡ ᠰᠠᠭᠠᠬᠤ ᠠᠷᠭ᠎ᠠ ᠪᠠᠷᠢᠯ ᠤᠯᠠᠨ ᠪᠠᠶᠢᠳᠠᠭ ᠪᠥᠭᠡᠳ ᠵᠣᠬᠢᠬᠤ ᠮᠡᠷᠭᠡᠵᠢᠯ ᠱᠠᠭᠠᠷᠳᠠᠭᠳᠠᠳᠠᠭ᠃      ᠢᠩᠭᠡ ᠰᠠᠭᠠᠬᠤ ᠨᠢ ᠰᠦ ᠴᠠᠭ᠎ᠠ ᠨᠥᠭᠡᠴᠡᠯᠡᠬᠦ᠂ ᠴᠠᠭᠠᠨ ᠢᠳᠡᠭᠡᠨ ᠤ ᠢᠷᠡᠯᠲᠡ ᠶᠢ ᠬᠠᠩᠭᠠᠬᠤ᠂ ᠪᠣᠲᠣᠭᠤᠨ ᠤ ᠬᠢᠨᠢ ᠬᠡᠮᠵᠢᠶ᠎ᠡ ᠲᠠᠢ ᠬᠥᠬᠦᠵᠦ ᠰᠢᠩᠭᠡᠭᠡᠬᠦ ᠪᠠ ᠥᠰᠴᠦ ᠪᠣᠶᠢᠵᠢᠬᠤ ᠳᠤ ᠨᠢ ᠲᠤᠩ ᠰᠠᠶᠢᠨ ᠪᠠᠶᠢᠳᠠᠭ᠃ ᠢᠩᠭᠡᠨ ᠤ ᠰᠦ ᠪᠠᠷ ᠴᠠᠢ ᠰᠦᠯᠡᠬᠦ᠂ ᠬᠥᠭᠡᠷᠦᠭᠦᠯᠵᠦ ᠤᠤᠭᠤᠬᠤ᠂ ᠥᠷᠥᠮ᠎ᠡ᠂ ᠵᠥᠭᠡᠬᠡᠢ᠂ ᠲᠣᠰᠣ᠂ ᠡᠭᠡᠵᠡᠭᠡᠢ᠂ ᠪᠢᠰᠢᠯᠠᠭ᠂ ᠠᠶᠢᠷᠠᠭ᠂ ᠴᠠᠭ᠎ᠠ᠂ ᠠᠭᠠᠷᠴᠠ᠂ ᠠᠭᠠᠷᠤᠤᠯ᠂ ᠬᠤᠭᠤᠷᠮᠠᠭ᠂ ᠬᠤᠷᠤᠳ᠂ ᠴᠤᠷᠮ᠎ᠠ᠂ ᠱᠦᠬᠦᠮᠡᠯ ᠬᠢᠬᠦ ᠪᠤᠶᠤ ᠰᠠᠭᠠᠯᠢ ᠶᠢᠨ ᠠᠷᠢᠬᠢ ᠨᠡᠷᠡᠳᠡᠭ᠃ ᠢᠩᠭᠡᠨ ᠤ ᠰᠦ ᠪᠠᠷ ᠨᠡᠷᠡᠭᠰᠡᠨ ᠰᠠᠭᠠᠯᠢ ᠶᠢᠨ ᠠᠷᠢᠬᠢ ᠪᠣᠯ ᠠᠭᠤᠰᠬᠢᠨ ᠡᠪᠡᠳᠴᠢᠨ ᠳᠤ ᠣᠨᠴᠠ ᠰᠠᠶᠢᠨ ᠪᠠᠶᠢᠳᠠᠭ᠃ ᠢᠩᠭᠡᠨ ᠤ ᠰᠦ ᠨᠢ ᠰᠡᠷᠢᠭᠦᠨ ᠴᠢᠨᠠᠷᠲᠠᠢ ᠪᠥᠭᠡᠳ ᠰᠢᠮ᠎ᠡ ᠲᠡᠵᠢᠭᠡᠯ ᠰᠠᠶᠢᠲᠠᠢ ᠲᠤᠯᠠ ᠤᠯᠠᠨ ᠵᠦᠢᠯ ᠤᠨ ᠡᠮᠵᠡᠭ ᠡᠪᠡᠳᠴᠢᠨ ᠳᠤ ᠪᠦᠷ ᠲᠤᠰᠠ ᠪᠤᠯᠳᠠᠭ᠃ ᠲᠡᠷᠡ ᠨᠢ ᠵᠢᠷᠦᠬᠡᠨ ᠤ ᠡᠪᠡᠳᠴᠢᠨ᠂ ᠪᠡᠲᠡᠭᠢ ᠡᠪᠡᠳᠴᠢᠨ᠂ ᠰᠢᠭᠡᠰᠦ ᠬᠤᠷᠢᠭᠳᠠᠬᠤ᠂ ᠬᠤᠣᠷᠠᠲᠤ ᠮᠣᠭᠠᠢ ︵ᠬᠤᠷᠣᠬᠠᠢ︶ ᠳᠤ ᠬᠠᠳᠬᠤᠭᠳᠠᠭᠰᠠᠨ᠂ ᠪᠠᠮ᠂ ᠬᠠᠪᠤᠳᠠᠷ ᠵᠡᠷᠭᠡ ᠡᠪᠡᠳᠴᠢᠨ ᠢ ᠡᠮᠨᠡᠨ ᠵᠠᠰᠠᠬᠤ ᠰᠠᠶᠢᠨ ᠡᠮ ᠪᠤᠯᠬᠤ ᠪᠥᠭᠡᠳ ᠮᠠᠯᠴᠢᠳ ᠤᠨ ᠭᠤᠣᠯ ᠪᠤᠯᠬᠤ ᠴᠠᠭᠠᠨ ᠢᠳᠡᠭᠡᠨ ᠤ ᠡᠬᠢ ᠰᠤᠷᠪᠤᠯᠵᠢ ᠪᠤᠯᠳᠠᠭ᠃ ᠮᠠᠯᠴᠢᠳ ᠢᠩᠭᠡ ᠪᠣᠲᠣᠭᠤᠯᠠᠵᠤ ᠰᠠᠭᠠᠯᠢ ᠰᠠᠭᠠᠵᠤ ᠡᠬᠢᠯᠡᠬᠦ ᠳᠤ ᠲᠥᠯ ᠮᠠᠯ ᠢᠶᠠᠨ ᠪᠦᠷᠢᠨ ᠮᠡᠨᠳᠤ ᠪᠣᠶᠢᠵᠢᠭᠤᠯᠬᠤ᠂ ᠴᠠᠭᠠᠨ ᠢᠳᠡᠭᠡ ᠡᠯᠪᠡᠭ ᠪᠠᠶᠢᠬᠤ ᠶᠢ ᠪᠡᠯᠭᠡᠳᠡᠨ ᠰᠠᠭᠠᠭᠰᠠᠨ ᠰᠦ ᠶᠢᠨ ᠢᠶᠠᠨ ᠳᠡᠭᠡᠵᠢ ᠪᠠᠨ ᠲᠡᠭᠷᠢ᠂ ᠭᠠᠵᠠᠷ᠂ ᠠᠭᠤᠯᠠ᠂ ᠤᠰᠤᠨ ᠳᠤ ᠪᠠᠨ ᠰᠠᠴᠤᠯᠢ ᠡᠷᠭᠦᠨ ᠳᠠᠭᠠᠳᠬᠠᠳᠠᠭ᠃ ᠲᠡᠷᠡᠴᠢᠯᠡᠨ ᠢᠩᠭᠡᠨ ᠤ ᠰᠦ ᠪᠠᠷ ᠬᠤᠯᠠ ᠶᠠᠪᠤᠬᠤ ᠲᠦᠷᠦᠯ ᠰᠠᠳᠤᠨ᠂ ᠣᠶᠢᠷ᠎ᠠ ᠳᠣᠲᠣᠨᠣ ᠬᠥᠮᠥᠰ ᠤᠨ ᠢᠶᠠᠨ ᠬᠤᠶᠢᠨ᠎ᠠ ᠠᠴᠠ ᠰᠠᠴᠤᠯᠢ ᠡᠷᠭᠦᠵᠦ ᠰᠠᠶᠢᠨ ᠰᠠᠶᠢᠬᠠᠨ ᠢ ᠨᠢ ᠪᠡᠯᠭᠡᠳᠡᠳᠡᠭ᠃
ᠢᠷᠡᠯᠲᠡ᠄ ᠮᠤᠩᠭᠤᠯ ᠰᠤᠶᠤᠯ ᠵᠠᠩ ᠦᠢᠯᠡ ᠶᠢᠨ ᠬᠦᠮᠦᠵᠢᠯ