ᠤᠷᠳᠤᠰ ᠠᠷᠠᠳ ᠤᠨ ᠱᠤᠭ ᠶᠦᠮᠦᠷ ᠦᠯᠢᠭᠡᠷ — ᠪᠣᠶᠢᠳᠤᠭ ᠲᠣᠭᠤᠷᠴᠤᠭ ᠬᠤᠶᠠᠷ
ᠨᠡᠶᠢᠲᠡᠯᠡᠭᠰᠡᠨ ᠴᠠᠭ᠄
2022/9/24
      ᠡᠷᠲᠡ ᠤᠷᠢᠳᠤ ᠴᠠᠭ ᠲᠤ᠂ ᠨᠢᠭᠡ ᠨᠣᠶᠠᠨ ᠤ ᠭᠡᠷ ᠤᠨ ᠣᠷᠴᠢᠮ ᠳᠤ ᠨᠢᠭᠡ ᠶᠠᠳᠠᠭᠤ ᠡᠷᠤᠭᠡ ᠨᠤᠲᠤᠭᠯᠠᠨ ᠰᠠᠭᠤᠵᠤ ᠪᠠᠶᠢᠵᠠᠢ᠃ ᠨᠢᠭᠡ ᠵᠢᠯ ᠤᠨ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠨᠣᠶᠠᠨ ᠤ ᠡᠬᠡᠨᠡᠷ ᠨᠢᠭᠡ ᠬᠦᠦ ᠲᠦᠷᠦᠪᠡ᠃ ᠨᠣᠶᠠᠨ ᠬᠦᠦ ᠲᠠᠢ ᠪᠣᠯᠤᠭᠰᠠᠨ ᠲᠤᠯᠠ ᠶᠡᠬᠡᠳᠡ ᠪᠠᠶᠠᠷᠯᠠᠨ᠂ ᠬᠦᠦ ᠳᠤ ᠪᠠᠨ ᠬᠥᠮᠥᠨ ᠲᠥᠷᠥᠯᠬᠢᠲᠡᠨ ᠤ ᠣᠷᠣᠢ ᠶᠢᠨ ᠳᠡᠭᠡᠳᠦ ᠪᠤᠯᠬᠤ ︽ᠲᠣᠭᠤᠷᠴᠤᠭ︾ ︵ᠮᠠᠯᠠᠭᠠᠢ︶ ᠭᠡᠳᠡᠭ ᠨᠡᠷ᠎ᠡ ᠬᠠᠶᠢᠷᠠᠯᠠᠵᠠᠢ᠃ ᠡᠨᠡ ᠡᠳᠦᠷ ᠨᠢ ᠶᠠᠳᠠᠭᠤ ᠡᠷᠤᠭᠡ ᠶᠢᠨ ᠪᠦᠰᠡᠭᠦᠢ ᠪᠠᠰᠠ ᠨᠢᠭᠡ ᠬᠦᠦ ᠲᠦᠷᠦᠵᠠᠢ᠃ ᠲᠡᠷᠡ ᠡᠷ᠎ᠡ ᠡᠮ᠎ᠡ ᠬᠤᠶᠠᠭᠤᠯᠠ ᠪᠠᠨ ᠨᠣᠶᠠᠨ ᠠᠴᠠ ᠬᠦᠦ ᠳᠤ ᠪᠠᠨ ᠨᠡᠷ᠎ᠡ ᠭᠤᠶᠤᠪᠠ᠃ ᠨᠣᠶᠠᠨ ᠳᠣᠲᠣᠷ᠎ᠠ ᠪᠠᠨ᠂ ᠡᠨᠡ ᠮᠠᠭᠤ ᠶᠠᠳᠠᠭᠤ ᠡᠷᠤᠭᠡ ᠶᠢᠨ ᠬᠢᠨ ᠪᠠᠰᠠ ᠮᠢᠨᠤ ᠬᠦᠦ ᠶᠢᠨ ᠲᠦᠷᠦᠭᠰᠡᠨ ᠡᠳᠦᠷ ᠬᠦᠦ ᠲᠦᠷᠦᠴᠢᠭᠡᠵᠡᠢ᠂ ᠬᠡᠳᠦᠢ ᠳᠡᠮᠪᠡᠷᠡᠯ ᠮᠠᠭᠤ ᠲᠠᠢ ᠪᠤᠢ︖ ᠭᠡᠵᠦ ᠠᠭᠤᠷᠯᠠᠬᠤ ᠳᠤ ᠪᠠᠨ ᠶᠠᠳᠠᠭᠤ ᠬᠥᠮᠥᠨ ᠤ ᠬᠦᠦ ᠳᠤ ᠬᠥᠮᠥᠨ ᠲᠥᠷᠥᠯᠬᠢᠲᠡᠨ ᠤ ᠬᠥᠯ ᠳᠤ ᠭᠢᠰᠬᠢᠭᠳᠡᠵᠦ ᠶᠠᠪᠤᠬᠤ ︽ᠪᠣᠶᠢᠳᠤᠭ︾ ︵ᠬᠡᠦᠬᠡᠳ ᠤᠨ ᠢᠰᠡᠭᠡᠢ ᠣᠶᠢᠮᠤᠰᠤ︶ ᠭᠡᠮᠡᠬᠦ ᠨᠡᠷ᠎ᠡ ᠥᠭᠪᠡ᠃ ᠶᠠᠳᠠᠭᠤ ᠡᠷ᠎ᠡ ᠡᠮ᠎ᠡ ᠬᠤᠶᠠᠭᠤᠯᠠ ᠬᠦᠦ ᠳᠤ ᠪᠠᠨ ᠡᠶᠢᠮᠦ ᠳᠣᠷᠣᠮᠵᠢᠯᠠᠭᠳᠠᠭᠰᠠᠨ ᠨᠡᠷ᠎ᠡ ᠠᠪᠤᠭᠠᠳ ᠬᠡᠬᠦᠳᠡᠭ ᠴᠡᠭᠡᠵᠢᠨ ᠳᠤ  ᠪᠠᠨ ᠠᠭᠤᠷᠯᠠᠭᠰᠠᠨ ᠪᠤᠯᠪᠠᠴᠤ ᠶᠠᠭᠠᠬᠢᠬᠤ ᠶᠢᠨ ᠠᠷᠭ᠎ᠠ ᠦᠭᠡᠢ ᠪᠠᠶᠢᠪᠠ᠃ ᠵᠠᠪᠰᠢᠶᠠᠨ ᠪᠤᠰᠤ ᠪᠠᠷ ᠶᠠᠳᠠᠭᠤ ᠡᠷᠤᠭᠡ ᠶᠢᠨ ᠪᠣᠶᠢᠳᠤᠭ ᠬᠦᠦ ᠨᠢ ᠵᠠᠭᠤᠷᠮᠠᠭ ᠨᠠᠰᠤᠯᠠᠨ ᠦᠬᠦᠪᠡ᠃ ᠨᠢᠭᠡ ᠵᠢᠯ ᠤᠨ ᠵᠤᠨ ᠤ ᠣᠪᠣᠭᠠᠨ ᠨᠠᠶᠢᠷ ᠤᠨ ᠲᠠᠶᠢᠯᠭ᠎ᠠ ᠳᠡᠭᠡᠷ᠎ᠡ ᠲᠡᠷᠡ ᠨᠣᠶᠠᠨ ᠣᠶᠢᠷ᠎ᠠ ᠬᠠᠪᠢ ᠶᠢᠨ ᠬᠤᠰᠢᠭᠤᠨ ᠤ ᠨᠣᠶᠠᠳ ᠲᠦᠰᠢᠮᠡᠳ ᠢ ᠤᠷᠢᠵᠤ ᠢᠷᠡᠭᠦᠯᠦᠨ ᠨᠠᠶᠢᠷᠯᠠᠵᠠᠢ᠃ ᠡᠨᠡ ᠶᠡᠭᠡ ᠨᠠᠶᠢᠷ ᠨᠠᠭᠠᠳᠤᠮ ᠳᠡᠭᠡᠷ᠎ᠡ ᠨᠣᠶᠠᠨ ᠥᠪᠡᠷ ᠤᠨ ᠲᠣᠭᠤᠷᠴᠤᠭ ᠨᠡᠷ᠎ᠡ ᠲᠠᠢ ᠬᠥᠪᠡᠭᠦᠨ ᠢᠶᠠᠨ ᠳᠠᠭᠠᠭᠤᠯᠤᠨ ᠢᠷᠡᠵᠤ ᠬᠠᠵᠠᠭᠤ  ᠳᠤ ᠪᠠᠨ ᠰᠠᠭᠤᠯᠭᠠᠵᠤ ᠪᠠᠶᠢᠪᠠ᠃ ᠡᠨᠡ ᠦᠶ᠎ᠡ ᠳᠤ ᠶᠠᠳᠠᠭᠤ ᠡᠷᠤᠭᠡ ᠶᠢᠨ ᠪᠣᠶᠢᠳᠤᠭ ᠤᠨ ᠡᠴᠢᠭᠡ ᠨᠢ ᠤᠯᠠᠨ ᠬᠥᠮᠥᠨ ᠤ ᠳᠤᠮᠳᠠ ᠨᠣᠶᠠᠨ ᠤ ᠡᠮᠦᠨ᠎ᠡ᠄ ︽ᠨᠣᠶᠠᠨ ᠮᠢᠨᠢ ᠠ᠋︕ ᠲᠠᠨ ᠤ ᠲᠣᠭᠤᠷᠴᠤᠭ ᠢ ᠦᠵᠡᠪᠡᠯ ᠮᠢᠨᠤ ᠪᠣᠶᠢᠳᠤᠭ ᠰᠠᠨᠠᠭᠳᠠᠭᠠᠳ ᠪᠠᠶᠢᠨ᠎ᠠ᠃ ᠲᠠᠨ ᠤ ᠲᠣᠭᠤᠷᠴᠤᠭ ᠮᠢᠨᠤ ᠪᠣᠶᠢᠳᠤᠭ ᠲᠠᠢ ᠶᠠᠭᠠᠬᠢᠭᠰᠠᠨ ᠠᠳᠠᠯᠢᠬᠠᠨ ᠪᠤᠢ︾ ᠭᠡᠵᠦ ᠲᠠᠭᠤ ᠲᠠᠯᠪᠢᠨ ᠤᠬᠢᠯᠠᠪᠠ᠃ ᠨᠠᠶᠢᠷ ᠲᠤ ᠢᠷᠡᠭᠰᠡᠨ ᠬᠥᠮᠥᠰ ᠡᠨᠡ ᠬᠥᠮᠥᠨ ᠨᠣᠶᠠᠨ ᠤ ᠮᠠᠯᠠᠭᠠᠢ ᠶᠢ ᠥᠪᠡᠷ ᠤᠨ ᠣᠶᠢᠮᠤᠰᠤ ᠲᠠᠢ ᠪᠠᠨ ᠠᠳᠠᠯᠢᠳᠬᠠᠵᠤ ᠪᠠᠶᠢᠨ᠎ᠠ ᠭᠡᠳ ︽ᠲᠦᠷ︾ ᠬᠢᠲᠡᠯ᠎ᠡ ᠢᠨᠢᠶᠡᠯᠴᠡᠪᠡ᠃ ᠨᠣᠶᠠᠨ ᠢᠩᠭᠢᠵᠦ ᠬᠠᠷᠢᠶᠠᠭᠳᠠᠭᠰᠠᠨ ᠳᠤ ᠪᠠᠨ ᠶᠠᠳᠠᠭᠤ ᠪᠣᠶᠢᠳᠤᠭ ᠤᠨ ᠡᠴᠢᠭᠡ ᠶᠢ ᠬᠤᠷᠣᠰᠤᠨ ᠵᠠᠨᠤᠭᠰᠠᠨ ᠪᠤᠯᠪᠠᠴᠤ ᠶᠠᠭᠠᠬᠢᠬᠤ ᠶᠢᠨ ᠴᠤ ᠠᠷᠭ᠎ᠠ ᠦᠭᠡᠢ ᠪᠣᠯᠵᠤ ᠰᠠᠨᠳᠤᠷᠴᠤ ᠭᠡᠨ᠎ᠡ᠃                                                     ᠲᠠᠷᠬᠠᠭᠰᠠᠨ ᠭᠠᠵᠠᠷ᠄ ᠣᠷᠳᠣᠰ
ᠢᠷᠡᠯᠲᠡ᠄ ᠤᠷᠳᠤᠰ ᠠᠷᠠᠳ ᠤᠨ ᠱᠤᠭ ᠶᠦᠮᠦᠷ ᠦᠯᠢᠭᠡᠷ ᠤᠨ ᠡᠮᠬᠢᠳᠭᠡᠯ