ᠤᠷᠳᠤᠰ ᠠᠷᠠᠳ ᠤᠨ ᠱᠤᠭ ᠶᠦᠮᠦᠷ ᠦᠯᠢᠭᠡᠷ — ᠵᠠᠩᠭᠤᠶᠢᠳᠠ ᠶᠢᠨ ᠬᠠᠮᠠᠷ
ᠨᠡᠶᠢᠲᠡᠯᠡᠭᠰᠡᠨ ᠴᠠᠭ᠄
2022/9/24
      ᠨᠢᠭᠡᠨ ᠪᠠᠶᠠᠨ ᠠᠶᠢᠯ ᠤᠨ ᠬᠢ ᠦᠳᠡᠰᠢ ᠪᠣᠯᠭᠠᠨ ᠳ᠋ᠧᠩ ᠵᠤᠯᠠ ᠦᠭᠡᠢ ᠬᠠᠷᠠᠩᠭᠤᠢ ᠪᠠᠷ ᠪᠤᠳᠠᠭ᠎ᠠ ᠢᠳᠡᠵᠦ ᠥᠪᠡᠷᠰᠡᠳ ᠢᠶᠠᠨ ᠰᠠᠶᠢᠨ ᠬᠤᠭᠤᠯᠠ ᠢᠳᠡᠭᠡᠳ ᠬᠥᠯᠥᠰᠦᠨ ᠬᠥᠮᠥᠨ ᠢᠶᠠᠨ ᠬᠤᠭᠤᠯᠠ ᠪᠠᠷ ᠢᠯᠭᠠᠳᠠᠭ ᠪᠠᠶᠢᠪᠠ᠃     ᠬᠥᠯᠥᠰᠦᠨ ᠬᠥᠮᠥᠨ ᠨᠢ ᠡᠳᠦᠷ ᠤᠳᠠᠭᠠᠨ ᠢᠶᠠᠷ ᠡᠭᠦᠨ ᠢ ᠰᠡᠷᠡᠵᠦ ᠮᠡᠳᠡᠪᠡ᠃ ᠲᠡᠭᠡᠭᠡᠳ ᠨᠢᠭᠡᠨ ᠡᠳᠦᠷ ᠤᠨ ᠣᠷᠣᠢ ᠶᠢᠨ ᠪᠤᠳᠠᠭ᠎ᠠ ᠢᠳᠡᠬᠦ ᠦᠶᠡᠰ ᠬᠥᠯᠥᠰᠦᠨ ᠬᠥᠮᠥᠨ ᠨᠢ ᠨᠢᠭᠡ ᠬᠠᠯᠪᠠᠭ᠎ᠠ ᠬᠠᠯᠠᠭᠤᠨ ᠰᠥᠮᠥᠰᠤ ᠤᠳᠬᠤᠨ ᠠᠪᠴᠤ ᠳᠡᠷᠭᠡᠳᠡ ᠨᠢ ᠣᠴᠣᠶᠢᠭᠠᠳ ᠪᠤᠳᠠᠭᠠᠯᠠᠵᠤ ᠪᠠᠶᠢᠭᠰᠠᠨ ᠪᠢᠴᠢᠬᠠᠨ ᠬᠦᠦ ᠶᠢᠨ ᠬᠢᠨᠢ ᠬᠠᠮᠠᠷ ᠤᠷᠤᠭᠤ ᠴᠢᠳᠬᠤᠭᠰᠠᠨ ᠳᠤ ᠬᠦᠦ ᠨᠢ ᠲᠠᠭᠤ ᠲᠠᠯᠪᠢᠨ ᠤᠬᠢᠯᠠᠪᠠ᠃     ᠪᠠᠶᠠᠨ ᠡᠷ᠎ᠡ ᠡᠮ᠎ᠡ ᠶᠠᠭᠠᠷᠠᠨ ᠬᠠᠨᠵᠤᠨ ᠠᠴᠠ ᠪᠠᠨ ᠦᠰᠦᠷᠤᠨ ᠪᠠᠭᠤᠵᠤ ᠳ᠋ᠧᠩ ᠢᠶᠠᠨ ᠰᠢᠲᠠᠭᠠᠵᠤ ᠦᠵᠡᠬᠦᠯᠡᠷ ᠬᠦᠦ ᠶᠢᠨ ᠬᠢᠨᠢ ᠬᠠᠮᠠᠷ ᠠᠮᠠᠨ ᠠᠴᠠ ᠨᠠᠪᠴᠢᠳᠠᠢ ᠨᠠᠷᠢᠮᠤ ᠶᠢᠨ ᠰᠢᠩᠭᠡᠨ ᠪᠤᠳᠠᠭ᠎ᠠ ᠤᠷᠤᠰᠴᠤ ᠠᠶᠠᠭ᠎ᠠ ᠲᠠᠢ ᠲᠤᠲᠤᠷᠭᠠᠨ ᠪᠤᠳᠠᠭᠠᠨ ᠳᠤ ᠨᠢ ᠣᠷᠣᠵᠤ ᠪᠠᠶᠢᠯ᠎ᠠ᠃ ᠪᠠᠶᠠᠨ ᠤᠴᠢᠷ ᠢ ᠨᠢ ᠮᠡᠳᠡᠭᠡᠳ ᠬᠥᠯᠥᠰᠦᠨ ᠬᠥᠮᠥᠨ ᠠᠴᠠ ᠪᠠᠨ᠄ ︽ᠴᠢᠨᠦ ᠡᠨᠡ ᠴᠢᠨᠢ ᠶᠠᠭᠠᠬᠢᠵᠤ ᠪᠠᠶᠢᠬᠤ ᠶᠤᠮ ᠪᠤᠢ︖︾ ᠭᠡᠵᠦ ᠵᠠᠩᠳᠤᠷᠤᠨ ᠠᠰᠠᠭᠤᠭᠰᠠᠨ ᠳᠤ ᠬᠥᠯᠥᠰᠦᠨ ᠬᠥᠮᠥᠨ ᠨᠢ᠄ ︽ᠮᠢᠨᠤ ᠠᠮᠠ ᠶᠤᠮ ᠤᠤ ᠭᠡᠰᠡᠨ ᠴᠢᠨᠢ ᠵᠠᠩᠭᠤᠶᠢᠳᠠ ᠶᠢᠨ ᠬᠠᠮᠠᠷ ᠪᠠᠶᠢᠭᠰᠠᠨ ᠶᠤᠮ ᠪᠠᠶᠢᠨ᠎ᠠ︾ ᠭᠡᠵᠦ ᠶᠠᠭᠠᠷᠠᠯ ᠦᠭᠡᠢ ᠪᠠᠷ ᠬᠠᠷᠢᠭᠤᠯᠤᠭᠰᠠᠨ ᠭᠡᠨ᠎ᠡ᠃     ᠪᠠᠶᠠᠨ ᠬᠥᠮᠥᠨ ᠰᠡᠬᠦᠯ ᠢᠶᠠᠨ ᠪᠠᠷᠢᠭᠳᠠᠭᠰᠠᠨ ᠲᠤᠯᠠ ᠠᠭᠤᠷᠯᠠᠭᠠᠳ ᠭᠡᠯᠡᠬᠦ ᠦᠭᠡ ᠦᠭᠡᠢ ᠪᠣᠯᠵᠤ ᠲᠠᠬᠢᠵᠤ ᠳ᠋ᠧᠩ ᠢᠶᠠᠨ ᠰᠢᠲᠠᠭᠠᠯ ᠦᠭᠡᠢ ᠪᠠᠷ ᠪᠤᠳᠠᠭᠠᠯᠠᠬᠤ  ᠪᠠᠨ ᠪᠣᠯᠢᠵᠤ ᠭᠡᠨ᠎ᠡ᠃                                          ᠲᠠᠷᠬᠠᠵᠤ ᠪᠠᠶᠢᠬᠤ ᠭᠠᠵᠠᠷ᠄ ᠣᠷᠳᠣᠰ ᠤᠨ ᠡᠮᠦᠨ᠎ᠡ ᠬᠡᠰᠡᠭ
ᠢᠷᠡᠯᠲᠡ᠄ ᠤᠷᠳᠤᠰ ᠠᠷᠠᠳ ᠤᠨ ᠱᠤᠭ ᠶᠦᠮᠦᠷ ᠦᠯᠢᠭᠡᠷ ᠤᠨ ᠡᠮᠬᠢᠳᠭᠡᠯ