ᠤᠷᠳᠤᠰ ᠠᠷᠠᠳ ᠤᠨ ᠱᠤᠭ ᠶᠦᠮᠦᠷ ᠦᠯᠢᠭᠡᠷ — ᠬᠡᠯᠡᠭᠡᠢ ᠲᠠᠰᠢᠭᠤᠷᠴᠢᠨ
ᠨᠡᠶᠢᠲᠡᠯᠡᠭᠰᠡᠨ ᠴᠠᠭ᠄
2022/9/25
      ᠸᠠᠩ ᠨᠣᠶᠠᠨ ᠤ ᠬᠠᠷ᠎ᠠ ᠲᠠᠰᠢᠭᠤᠷ ᠡᠷᠭᠢᠭᠦᠯᠳᠡᠭ ᠨᠢᠭᠡ ᠬᠤᠪᠳᠤᠭ ᠲᠠᠰᠢᠭᠤᠷᠴᠢᠨ ᠪᠠᠶᠢᠵᠤ ᠭᠡᠨ᠎ᠡ᠃ ᠶᠠᠯᠠᠯᠠᠭᠳᠠᠭᠰᠠᠨ ᠬᠥᠮᠥᠨ ᠠᠴᠠ ᠪᠠᠭ᠎ᠠ ᠰᠠᠭ᠎ᠠ ᠶᠠᠭᠤᠮ᠎ᠠ ᠥᠭᠪᠡᠯ ᠬᠥᠩᠭᠡᠨ ᠰᠢᠭ ᠵᠣᠳᠣᠵᠤ ᠥᠩᠭᠡᠷᠡᠭᠡᠭᠡᠳ ᠬᠡᠭᠡᠯᠢ ᠬᠠᠭ᠋ᠤᠤᠯᠢ ᠢᠳᠡᠵᠦ ᠰᠤᠷᠤᠬᠰᠠᠨ ᠭᠡᠨ᠎ᠡ᠃     ᠲᠡᠭᠡᠵᠤ ᠪᠠᠶᠢᠲᠠᠯ᠎ᠠ ᠨᠢᠭᠡᠨ ᠠᠳᠤᠭᠤᠴᠢᠨ ᠢ ᠸᠠᠩ ᠤᠨ ᠠᠳᠤᠭᠤ ᠬᠤᠯᠠᠭᠠᠶᠢᠯᠠᠯ᠎ᠠ ᠬᠡᠮᠡᠨ ᠭᠦᠵᠢᠷᠯᠡᠵᠦ ᠲᠠᠪᠢᠨ ᠲᠠᠰᠢᠭᠤᠷ ᠵᠣᠳᠣᠬᠤ ᠪᠠᠷ ᠰᠢᠢᠳᠬᠡᠪᠡ᠃ ᠡᠨᠡ ᠠᠳᠤᠭᠤᠴᠢᠨ ᠶᠠᠰᠤ ᠮᠢᠬ᠎ᠠ ᠬᠡᠭᠵᠡᠷᠡᠬᠦ ᠵᠤᠪᠠᠯᠠᠩ ᠠᠴᠠ ᠮᠤᠯᠲᠤᠷᠠᠬᠤ ᠶᠢᠨ ᠲᠥᠯᠥᠭᠡ ᠰᠡᠮᠡᠭᠡᠷ ᠨᠢᠭᠡ ᠬᠤᠷᠤᠭᠤ ᠪᠠᠨ ᠭᠤᠵᠣᠶᠢᠯᠭᠠᠵᠤ ᠬᠤᠪᠳᠤᠭ ᠲᠠᠰᠢᠭᠤᠷᠴᠢᠨ ᠳᠤ ᠦᠵᠡᠭᠦᠯᠵᠡᠢ᠃ ᠲᠠᠰᠢᠭᠤᠷᠴᠢᠨ ᠳᠣᠲᠣᠷ᠎ᠠ ᠪᠠᠨ᠄ ᠦ᠂ ᠨᠠᠳᠠ ᠨᠢᠭᠡ ᠮᠣᠷᠢ ᠦᠭᠬᠦ ᠭᠡᠰᠡᠨ ᠳᠣᠬᠢᠶ᠎ᠠ ᠪᠠᠶᠢᠨ᠎ᠠ ᠰᠢᠤ ᠭᠡᠵᠦ ᠪᠤᠳᠤᠭᠠᠳ ᠲᠠᠰᠢᠭᠤᠷ ᠤᠨ ᠦᠵᠦᠭᠦᠷ ᠎ ᠢᠶᠠᠨ ᠰᠢᠷᠣᠢ ᠳᠡᠭᠡᠷ᠎ᠡ ᠲᠤᠰᠬᠠᠵᠤ ᠲᠠᠪᠢᠨ ᠲᠠᠰᠢᠭᠤᠷ ︽ᠭᠤᠶᠠᠳᠠᠭᠠᠳ︾ ᠠᠳᠤᠭᠤᠴᠢᠨ ᠭᠤᠸᠠᠢ ᠶᠢ ᠲᠠᠯᠪᠢᠵᠤ ᠶᠠᠪᠤᠭᠤᠯᠤᠭᠰᠠᠨ ᠭᠡᠨ᠎ᠡ᠃     ᠬᠤᠵᠢᠮ ᠨᠢ ᠲᠠᠰᠢᠭᠤᠷᠴᠢᠨ᠂ ᠠᠳᠤᠭᠤᠴᠢᠨ ᠢ ᠡᠷᠢᠵᠦ ᠨᠢᠭᠡ ᠮᠣᠷᠢ ᠠᠪᠬᠤ ᠭᠡᠰᠡᠨ ᠳᠤ᠂ ᠠᠳᠤᠭᠤᠴᠢᠨ᠄     ︽ᠲᠡᠷᠡ ᠴᠢᠨᠢ ᠤᠯᠠᠭᠠᠨ ᠠᠮᠢ ᠮᠢᠨᠢ ᠭᠠᠭᠴᠠᠬᠠᠨ ᠪᠠᠶᠢᠨ᠎ᠠ᠂ ᠶᠡᠷᠦ ᠥᠷᠥᠰᠢᠶᠡᠵᠦ ᠬᠠᠶᠢᠷᠠᠯᠠᠬᠤ ᠪᠣᠯᠪᠠ ᠤᠤ ᠭᠡᠰᠡᠨ ᠦᠭᠡ ᠶᠤᠮᠰᠠᠨ ᠳ᠋ᠠ︾ ᠭᠡᠵᠡᠢ᠃ ᠢᠡᠭᠬᠢᠬᠦ ᠳᠤ ᠸᠠᠩ ᠤᠨ ᠲᠠᠰᠢᠭᠤᠷᠴᠢᠨ ᠮᠡᠬᠡᠯᠡᠭᠳᠡᠭᠰᠡᠨ ᠳᠤ ᠪᠠᠨ ᠬᠡᠯᠡ ᠪᠠᠨ ᠬᠥᠨᠳᠡᠯᠡᠨ ᠵᠠᠭᠤᠵᠤ ᠶᠠᠭᠤ ᠴᠦ ᠣᠯᠣᠭᠰᠠᠨ ᠦᠭᠡᠢ ᠬᠡᠯᠡᠭᠡᠶᠢᠷᠡᠭᠰᠡᠨ ᠭᠡᠨ᠎ᠡ᠃                                                       ᠲᠠᠷᠬᠠᠵᠤ ᠪᠠᠶᠢᠬᠤ ᠭᠠᠵᠠᠷ᠄ ᠦᠦᠰᠢᠨ᠂ ᠤᠳᠤᠭ᠃
ᠢᠷᠡᠯᠲᠡ᠄ ᠤᠷᠳᠤᠰ ᠠᠷᠠᠳ ᠤᠨ ᠱᠤᠭ ᠶᠦᠮᠦᠷ ᠦᠯᠢᠭᠡᠷ ᠤᠨ ᠡᠮᠬᠢᠳᠭᠡᠯ