ᠳᠠᠯᠠᠳ ᠠᠷᠠᠳ ᠤᠨ ᠳᠠᠭᠤᠤ — ᠪᠣᠷᠣ ᠲᠣᠬᠤᠢ ᠶᠢᠨ ᠴᠡᠴᠡᠭ
ᠨᠡᠶᠢᠲᠡᠯᠡᠭᠰᠡᠨ ᠴᠠᠭ᠄
2022/9/26
img20220909_10594249.jpg
ᠪᠣᠷᠣ ᠲᠣᠬᠤᠢ ᠶᠢᠨ ᠴᠡᠴᠡᠭ ᠨᠢᠪᠣᠷᠣᠭᠠᠨ ᠤ ᠠᠶᠠᠰ ᠢᠶᠠᠷ ᠨᠠᠶᠢᠭᠤᠨ᠎ᠠ ᠳ᠋ᠣᠣᠪᠣᠭᠳᠠ ᠴᠢᠩᠭᠢᠰ ᠤᠨ ᠵᠠᠷᠯᠢᠭ ᠢᠲᠠᠭᠠᠵᠤ ᠬᠦᠯᠢᠶᠡᠬᠦ ᠶᠣᠰᠣᠲᠠᠢ᠃      ᠴᠡᠪᠡᠷᠬᠡᠨ ᠬᠦᠷᠡᠩ ᠢᠶᠠᠨ ᠤᠨᠤᠶ᠎ᠠ ᠳ᠋ᠣᠣ     ᠴᠢᠩᠭᠢᠰ ᠤᠨ ᠡᠮᠦᠨ᠎ᠡ ᠠᠴᠠ ᠵᠢᠭᠰᠠᠶ᠎ᠠ ᠳ᠋ᠣᠣ     ᠴᠡᠷᠪᠡᠵᠤ ᠨᠢᠰᠬᠦ ᠰᠢᠪᠠᠭᠤᠳ ᠢ     ᠴᠢᠭᠯᠡᠵᠦ ᠰᠠᠭᠤᠭᠠᠳ ᠬᠠᠷᠪᠤᠶ᠎ᠠ ᠳ᠋ᠣᠣ᠃ᠨᠣᠮᠣᠬᠠᠨ ᠬᠦᠷᠡᠩ ᠢᠶᠠᠨ ᠤᠨᠤᠶ᠎ᠠ ᠳ᠋ᠣᠣᠨᠣᠶᠠᠨᠲᠠᠨ ᠤ ᠡᠮᠦᠨ᠎ᠡ ᠠᠴᠠ ᠵᠢᠭᠰᠠᠶ᠎ᠠ ᠳ᠋ᠣᠣᠨᠠᠭᠤᠷ ᠲᠠᠭᠠᠨ ᠰᠠᠭᠤᠭᠰᠠᠨ ᠰᠢᠪᠠᠭᠤ ᠶᠢᠨᠢᠭᠤᠵᠤ ᠰᠠᠭᠤᠭᠠᠳ ᠬᠠᠷᠪᠤᠶ᠎ᠠ ᠳ᠋ᠣᠣ᠃     ᠲᠡᠯᠡᠮᠡᠬᠦᠨ ᠬᠦᠷᠡᠩ ᠢᠶᠠᠨ ᠤᠨᠤᠶ᠎ᠠ ᠳ᠋ᠣᠣ     ᠳᠡᠭᠡᠳᠦ ᠶᠢᠨ ᠡᠮᠦᠨ᠎ᠡ ᠠᠴᠠ ᠵᠢᠭᠰᠠᠶ᠎ᠠ ᠳ᠋ᠣᠣ     ᠳᠡᠷᠪᠡᠵᠦ ᠨᠢᠰᠬᠦ ᠰᠢᠪᠠᠭᠤᠬᠠᠢ ᠶᠢ     ᠳᠡᠷᠭᠡᠳᠡ ᠣᠶᠢᠷ᠎ᠠ ᠠᠴᠠ ᠬᠠᠷᠪᠤᠶ᠎ᠠ ᠳ᠋ᠣᠣ᠃ᠡᠮᠨᠢᠭ ᠰᠢᠷᠭ᠎ᠠ ᠪᠠᠨ ᠤᠨᠤᠶ᠎ᠠ ᠳ᠋ᠣᠣᠡᠵᠡᠳ ᠤᠨ ᠡᠮᠦᠨ᠎ᠡ ᠠᠴᠠ ᠵᠢᠭᠰᠠᠶ᠎ᠠ ᠳ᠋ᠣᠣᠡᠵᠡᠨ ᠪᠣᠭᠳᠠ ᠶᠢᠨ ᠡᠮᠦᠨ᠎ᠡ ᠠᠴᠠᠰᠥᠬᠦᠷᠡᠨ ᠮᠦᠷᠬᠦᠬᠦ ᠶᠣᠰᠣᠲᠠᠢ᠃     ᠪᠣᠷᠣ ᠲᠣᠬᠤᠢ ᠶᠢᠨ ᠴᠡᠴᠡᠭ ᠨᠢ     ᠪᠣᠷᠣᠭᠠᠨ ᠤ ᠠᠶᠠᠰ ᠢᠶᠠᠷ ᠨᠠᠶᠢᠭᠤᠨ᠎ᠠ ᠳ᠋ᠣᠣ     ᠪᠣᠭᠳᠠ ᠴᠢᠩᠭᠢᠰ ᠤᠨ ᠦᠷᠡᠰ ᠨᠢ     ᠪᠤᠬᠢᠷᠤᠨ ᠰᠥᠬᠦᠷᠡᠵᠦ ᠶᠠᠪᠤᠶ᠎ᠠ ᠳ᠋ᠣᠣ᠃ᠡᠷᠭᠢᠲᠦ ᠰᠢᠯᠢ ᠶᠢᠨ ᠴᠡᠴᠡᠭ ᠨᠢᠡᠷᠭᠢ ᠪᠠᠨ ᠲᠠᠭᠠᠭᠠᠳ ᠨᠠᠶᠢᠭᠤᠨ᠎ᠠ ᠳ᠋ᠣᠣᠡᠵᠡᠨ ᠴᠢᠩᠭᠢᠰ ᠤᠨ ᠦᠷᠡᠰ ᠨᠢᠡᠷᠳᠡᠮ ᠤᠨ ᠰᠠᠶᠢᠨ ᠢ ᠰᠤᠷᠤᠶ᠎ᠠ ᠳ᠋ᠣᠣ᠃     ᠠᠯᠳᠠᠨ ᠲᠡᠪᠰᠢ ᠶᠢᠨ ᠠᠷᠢᠭᠤᠨ ᠴᠡᠴᠡᠭ     ᠠᠯᠤᠰ ᠬᠤᠯᠠ ᠳᠠᠭᠠᠨ ᠠᠩᠬᠢᠯᠤᠮ᠎ᠠ     ᠠᠯᠠᠭᠯᠠᠭᠰᠠᠨ ᠬᠤᠶᠢᠴᠢ ᠶᠢᠨ ᠦᠷᠡᠰ     ᠠᠯᠤᠰ ᠵᠠᠮ ᠳᠠᠭᠠᠨ ᠲᠤᠩᠭᠠᠯᠠᠭ᠃ 
ᠢᠷᠡᠯᠲᠡ᠄ ᠳᠠᠯᠠᠳ ᠠᠷᠠᠳ ᠤᠨ ᠳᠠᠭᠤᠤ