ᠲᠤᠭᠤᠯ ᠤᠨ ᠪᠦᠳᠦᠭᠦᠨ ᠭᠡᠳᠡᠰᠦᠨ ᠤ ᠰᠠᠪᠬᠠᠨᠴᠢᠷ ᠪᠠᠺᠲ᠋ᠧᠷᠢᠲᠦ ᠡᠪᠡᠳᠴᠢᠨ ︵ᠲᠤᠭᠤᠯ ᠤᠨ ᠴᠠᠭᠠᠨ ᠴᠢᠴᠠᠭ᠎ᠠ︶
ᠨᠡᠶᠢᠲᠡᠯᠡᠭᠰᠡᠨ ᠴᠠᠭ᠄
2022/9/27
                   ᠭᠤᠣᠯᠳᠠᠭᠤ ᠨᠢᠭᠡ ᠭᠠᠷᠠᠭ ᠤᠨ ᠨᠠᠰᠤᠨ ᠤ ᠨᠢᠯᠬ᠎ᠠ ᠲᠤᠭᠤᠯ ᠳᠤ ᠡᠭᠦᠰᠳᠡᠭ᠃ ᠪᠤᠰᠤᠳ ᠲᠤᠭᠤᠯ ᠳᠤ ᠡᠬᠦᠰᠬᠦ ᠨᠢ ᠨᠡᠯᠢᠶᠡᠳ ᠴᠥᠭᠡᠨ ᠪᠠᠶᠢᠳᠠᠭ᠃ ᠡᠮᠴᠢᠯᠡᠪᠦᠷᠢ ᠶᠢᠨ ᠢᠯᠡᠷᠡᠯ ᠨᠢ ᠭᠤᠷᠪᠠᠨ ᠵᠦᠢᠯ ᠤᠨ ᠭᠡᠯᠪᠡᠷᠢ ᠲᠠᠢ ⑴ ᠴᠢᠰᠤ ᠦᠵᠢᠷᠡᠬᠦ ᠬᠡᠯᠪᠡᠷᠢ᠃ ᠪᠠᠺᠲ᠋ᠧᠷᠢᠲᠦ ᠴᠢᠰᠤᠨ ᠬᠡᠮ ᠡᠭᠦᠰᠬᠡᠳᠡᠭ ᠪᠦᠳᠦᠭᠦᠨ ᠭᠡᠳᠡᠰᠦᠨ ᠤ ᠰᠠᠪᠬᠠᠨᠴᠢᠷ ᠪᠠᠺᠲ᠋ᠧᠷᠢ ᠠᠴᠠ ᠪᠣᠯᠵᠤ ᠡᠪᠡᠳᠴᠢᠯᠡᠨ᠎ᠡ᠃ ⑵ ᠭᠡᠳᠡᠰᠦᠨ ᠤ ᠬᠡᠯᠪᠡᠷᠢ᠃ ᠭᠡᠳᠡᠰᠦ ᠶᠢ ᠡᠪᠡᠳᠴᠢᠯᠡᠭᠦᠯᠬᠦ ᠪᠠᠺᠲ᠋ᠧᠷᠢ ᠶᠢᠨ ᠰᠠᠭᠤᠷᠢ ᠨᠢ ᠨᠠᠷᠢᠨ ᠭᠡᠳᠡᠰᠦᠨ ᠳᠤ ᠦᠷᠡᠵᠢᠵᠦ ᠭᠡᠳᠡᠰᠦᠨ ᠤ ᠬᠤᠤᠷᠰᠦ ᠡᠭᠦᠰᠬᠡᠭᠡᠳ ᠬᠦᠨᠳᠦ ᠴᠢᠴᠠᠭ᠎ᠠ ᠠᠯᠳᠠᠭᠤᠯᠤᠨ᠎ᠠ᠃ ⑶ ᠭᠡᠳᠡᠰᠦᠨ ᠤ ᠴᠢᠰᠤ ᠬᠤᠣᠷᠳᠠᠭᠳᠠᠬᠤ ᠭᠡᠯᠪᠡᠷᠢ᠃ ᠴᠥᠭᠡᠨ ᠲᠣᠬᠢᠶᠠᠯᠳᠤᠨ᠎ᠠ᠂ ᠪᠠᠺᠲ᠋ᠧᠷᠢᠲᠦ ᠴᠢᠰᠤᠨ ᠬᠡᠮ ᠦᠭᠡᠢ᠃     ᠡᠪᠡᠳᠴᠢᠨ ᠤ ᠳᠡᠯᠭᠡᠷᠡᠬᠦ ᠵᠦᠢ᠄     ᠬᠠᠯᠳᠠᠪᠤᠷᠢᠯᠠᠮᠠᠲᠠᠭᠠᠢ ᠠᠮᠢᠳᠠᠨ ᠨᠢ 10 ᠡᠳᠦᠷ ᠤᠨ ᠨᠠᠰᠤᠨ ᠤ ᠳᠣᠲᠣᠷᠠᠬᠢ ᠨᠢᠯᠬ᠎ᠠ ᠲᠤᠭᠤᠯ ᠤᠳ ᠪᠣᠯᠣᠨ᠎ᠠ᠃ ᠬᠠᠯᠳᠠᠪᠤᠷᠢ ᠶᠢᠨ ᠡᠬᠢ ᠨᠢ ᠡᠪᠡᠳᠴᠢᠨ ᠲᠠᠢ ᠦᠨᠢᠶ᠎ᠡ᠂ ᠲᠤᠭᠤᠯ ᠪᠤᠶᠤ ᠡᠪᠡᠳᠴᠢᠯᠡᠭᠦᠯᠦᠭᠴᠢ ᠶᠢ ᠠᠴᠢᠭᠴᠢ ᠮᠠᠯ ᠪᠣᠯᠣᠨ᠎ᠠ᠃ ᠭᠤᠣᠯᠳᠠᠭᠤ ᠰᠢᠩᠭᠡᠭᠡᠯᠲᠡ ᠶᠢᠨ ᠵᠠᠮ᠂ ᠰᠠᠪᠠ᠂ ᠬᠦᠢᠰᠦᠨ ᠣᠭᠤᠰᠣᠷ ᠢᠶᠠᠷ ᠳᠠᠮᠵᠢᠨ ᠬᠠᠯᠳᠠᠪᠤᠷᠢᠯᠠᠨ᠎ᠠ᠃ ᠣᠯᠠᠩᠬᠢ ᠳᠠᠭᠠᠨ ᠬᠠᠰᠢᠶᠠᠯᠠᠨ ᠲᠡᠵᠢᠭᠡᠬᠦ ︵ᠡᠪᠦᠯ᠂ ᠬᠠᠪᠤᠷ︶ ᠬᠤᠭᠤᠴᠠᠭᠠᠨ ᠳᠤ ᠡᠭᠦᠰᠴᠦ᠂ ᠭᠠᠵᠠᠷ ᠣᠷᠣᠨ ᠤ ᠴᠢᠨᠠᠷᠲᠠᠢ ᠳᠡᠯᠭᠡᠷᠡᠯᠲᠡ ᠪᠤᠶᠤ ᠲᠠᠷᠠᠬᠠᠢ ᠳᠡᠯᠭᠡᠷᠡᠯᠲᠡ ᠡᠬᠦᠰᠳᠡᠭ᠃ ᠲᠤᠭᠤᠯ ᠤᠨ ᠡᠰᠡᠷᠭᠦᠴᠡᠬᠦ ᠬᠦᠴᠦ ᠶᠢ ᠪᠠᠭᠤᠷᠠᠭᠤᠯᠬᠤ ᠡᠯ᠎ᠡ ᠵᠦᠢᠯ ᠤᠨ ᠬᠦᠴᠦᠨ ᠵᠦᠢᠯ ᠪᠦᠬᠦᠨ ᠨᠢ ᠲᠤᠰ ᠡᠪᠡᠳᠴᠢᠨ ᠤ ᠡᠬᠦᠰᠬᠦ ᠶᠢ ᠠᠬᠢᠭᠤᠯᠬᠤ ᠪᠤᠶᠤ ᠬᠦᠨᠳᠦᠷᠡᠭᠦᠯᠳᠡᠭ᠃     ᠰᠢᠨᠵᠢ ᠲᠡᠮᠳᠡᠭ ᠴᠢᠰᠤ ᠦᠵᠢᠷᠡᠬᠦ ᠬᠡᠯᠪᠡᠷᠢ᠄      ᠳᠠᠯᠳᠠ ᠬᠤᠭᠤᠴᠠᠭ᠎ᠠ ᠨᠢ ᠣᠬᠤᠷ ᠬᠡᠳᠦᠬᠡᠨ ᠴᠠᠭ ᠪᠠᠶᠢᠳᠠᠭ᠃ ᠡᠪᠡᠳᠴᠢᠯᠡᠵᠦ ᠡᠬᠢᠯᠡᠬᠦ ᠳᠤ ᠪᠡᠶ᠎ᠡ ᠶᠢᠨ ᠳᠤᠯᠠᠭᠠᠨ ᠨᠢ ᠳᠡᠭᠡᠭᠰᠢᠯᠡᠭᠡᠳ 40℃ ᠬᠦᠷᠴᠦ᠂ ᠰᠦᠷ ᠰᠦᠯᠳᠡ ᠪᠣᠯᠣᠨ ᠢᠳᠡᠰᠢᠨ ᠤ ᠳᠤᠷᠠᠰᠢᠯ ᠨᠢ ᠮᠠᠭᠤᠳᠠᠵᠤ ᠢᠳᠡᠰᠢ ᠢᠳᠡᠬᠦ ᠦᠭᠡᠢ ᠪᠣᠯᠣᠨ᠎ᠠ᠃ ᠲᠡᠭᠡᠭᠡᠳ ᠬᠡᠳᠦᠨ ᠴᠠᠭ ᠤᠨ ᠳᠠᠷᠠᠭ᠎ᠠ ᠴᠢᠴᠠᠭ᠎ᠠ ᠠᠯᠳᠠᠵᠤ᠂ ᠪᠠᠭᠠᠰᠤ ᠨᠢ ᠡᠬᠢᠨ ᠳᠡᠭᠡᠨ ᠰᠢᠩᠭᠡᠨ ᠰᠢᠷ᠎ᠠ ᠥᠩᠭᠡ ᠲᠠᠢ᠂ ᠵᠤᠲᠠᠩ ᠰᠢᠭ᠋ ᠲᠤᠩ ᠦᠮᠡᠬᠡᠢ ᠪᠠᠶᠢᠭᠰᠠᠨ ᠠᠴᠠ ᠪᠠᠨ ᠤᠰᠤ ᠰᠢᠭ᠋ ᠴᠠᠶᠢᠪᠤᠷ ᠪᠣᠯᠵᠤ᠂ ᠡᠭᠡᠳᠡᠷᠡᠭᠰᠡᠨ ᠴᠢᠰᠤ ᠪᠤᠶᠤ ᠬᠡᠢ ᠴᠥᠪᠥᠷᠢᠭᠦᠦ ᠬᠤᠯᠢᠯᠳᠤᠵᠤ ᠭᠠᠷᠤᠨ᠎ᠠ᠃ ᠰᠡᠭᠦᠯᠴᠢ ᠶᠢᠨ ᠬᠤᠭᠤᠴᠠᠭᠠᠨ ᠳᠤ ᠪᠡᠶ᠎ᠡ ᠨᠢ ᠤᠯᠠᠮ ᠢᠶᠠᠷ ᠮᠠᠭᠤᠳᠠᠵᠤ ᠬᠡᠪᠲᠡᠷᠢ ᠳᠤ ᠣᠷᠣᠭᠠᠳ 1 ~ 3 ᠡᠳᠦᠷ ᠤᠨ ᠳᠠᠷᠠᠭ᠎ᠠ ᠦᠬᠦᠳᠡᠭ᠃ ᠦᠬᠦᠯ ᠤᠨ ᠨᠤᠷᠮ᠎ᠠ ᠨᠢ 80% ~ 100%᠎ ᠳᠤ ᠬᠦᠷᠳᠡᠭ᠃     ᠭᠡᠳᠡᠰᠦᠨ ᠤ ᠬᠡᠯᠪᠡᠷᠢ᠄       ᠪᠡᠶ᠎ᠡ ᠶᠢᠨ ᠳᠤᠯᠠᠭᠠᠨ ᠨᠢ ᠪᠠᠭ᠎ᠠ ᠬᠤᠪᠢᠷᠠᠯᠲᠠ ᠭᠠᠷᠴᠤ᠂ ᠴᠢᠴᠠᠭ᠎ᠠ ᠠᠯᠳᠠᠵᠤ ᠤᠰᠤ ᠠᠯᠳᠠᠭᠠᠳ ᠦᠬᠦᠨ᠎ᠡ᠃ ᠪᠠᠭᠠᠰᠤ ᠨᠢ ᠡᠬᠢᠨ ᠳᠡᠭᠡᠨ ᠨᠠᠭᠠᠯᠲᠠ ᠰᠢᠭ᠋᠂ ᠰᠡᠬᠦᠯ ᠳᠡᠭᠡᠨ ᠤᠰᠤ ᠰᠢᠭ᠋᠂ ᠰᠢᠷ᠎ᠠ ᠪᠤᠶᠤ ᠴᠠᠭᠠᠨ ᠰᠢᠩᠭᠡᠭᠡᠭᠰᠡᠨ ᠦᠭᠡᠢ ᠰᠦ ᠬᠤᠯᠢᠯᠳᠤᠵᠤ᠂ ᠪᠠᠰᠠ ᠴᠢᠰᠤ᠂ ᠬᠦᠬᠡᠰᠤ ᠵᠢᠴᠢ ᠬᠦᠴᠢᠯᠯᠢᠭ ᠦᠨᠦᠷ ᠲᠠᠢ᠂ ᠭᠡᠳᠡᠰᠦ ᠬᠡᠪᠡᠯᠢ ᠨᠢ ᠡᠪᠡᠳᠬᠦ᠂ ᠬᠡᠪᠡᠯᠢ ᠪᠠᠨ ᠢᠰᠬᠦᠯᠬᠦ ᠵᠡᠷᠭᠡ ᠢᠯᠡᠷᠡᠯ ᠲᠠᠢ ᠪᠠᠶᠢᠵᠤ᠂ ᠡᠪᠡᠳᠴᠢᠨ ᠤ ᠶᠠᠪᠤᠴᠠ ᠶᠢᠨ ᠤᠷᠲᠤ ᠨᠢ ᠠᠭᠤᠰᠬᠢᠨ ᠦᠷᠪᠢᠰᠦᠯ ᠪᠠ ᠬᠦᠢᠰᠦᠨ ᠤ ᠦᠷᠪᠢᠰᠦᠯ ᠡᠭᠦᠰᠦᠨ᠎ᠡ᠃      ᠭᠡᠳᠡᠰᠦᠨ ᠤ ᠴᠢᠰᠤ ᠬᠤᠣᠷᠳᠠᠭᠳᠠᠬᠤ ᠬᠡᠮ ᠤᠨ ᠬᠡᠯᠪᠡᠷᠢ᠄      ᠡᠬᠦᠰᠬᠦ ᠨᠢ ᠴᠥᠭᠡᠨ᠂ ᠭᠡᠨᠡᠳᠲᠡ ᠪᠠᠷ ᠦᠬᠦᠬᠦ᠂ ᠡᠪᠡᠳᠴᠢᠨ ᠤ ᠶᠠᠪᠤᠴᠠ ᠶᠢᠨ ᠤᠷᠳᠤ ᠰᠢᠭ᠋ ᠨᠢ ᠲᠠᠶᠢᠪᠤᠩ ᠦᠭᠡᠢ ᠪᠠᠶᠢᠵᠤ᠂ ᠬᠦᠬᠡᠷᠭᠦ᠂ ᠮᠢᠨᠴᠦᠭᠦᠷᠡᠬᠦ ᠵᠡᠷᠭᠡ ᠬᠤᠣᠷᠳᠠᠭᠳᠠᠭᠰᠠᠨ ᠮᠡᠳᠡᠷᠡᠯ ᠤᠨ ᠰᠢᠨᠵᠢ ᠲᠡᠮᠳᠡᠭ ᠢᠯᠡᠷᠡᠨ᠎ᠡ᠃ ᠡᠪᠡᠳᠴᠢᠨ ᠤ ᠵᠦᠢ ᠶᠢᠨ ᠬᠤᠪᠢᠷᠠᠯᠲᠠ ᠬᠤᠳᠣᠭᠤᠳᠤ ᠭᠡᠳᠡᠰᠦᠨ ᠤ ᠰᠠᠯᠢᠰᠤᠲᠤ ᠪᠦᠷᠬᠦᠪᠴᠢ ᠠᠴᠠ  ᠨᠢ ᠴᠢᠰᠤ ᠭᠠᠷᠬᠤ ᠦᠷᠪᠢᠰᠦᠯ ᠲᠠᠢ᠃ ᠡᠯᠢᠭᠡ᠂ ᠪᠥᠭᠡᠷ᠎ᠡ ᠨᠢ ᠴᠠᠶᠢᠪᠤᠷ ᠥᠩᠭᠡ ᠲᠠᠢ ᠪᠥᠭᠡᠳ ᠱᠦᠬᠦᠰᠦᠲᠤ ᠪᠦᠷᠬᠦᠭᠦᠯ ᠳᠣᠣᠷ᠎ᠠ ᠨᠢ ᠴᠢᠰᠤᠲᠤ ᠲᠣᠯᠪᠤ ᠲᠠᠢ᠃ ᠡᠭᠦᠨ ᠠᠴᠠ ᠭᠠᠳᠠᠨ᠎ᠠ ᠭᠡᠳᠡᠰᠦᠨ ᠤ ᠴᠢᠴᠠᠷᠬᠠᠢ ᠶᠢᠨ ᠯᠢᠮᠪᠠ ᠶᠢᠨ ᠵᠠᠩᠭᠢᠯᠠᠭ᠎ᠠ ᠨᠢ ᠬᠠᠪᠤᠳᠴᠤ ᠪᠦᠳᠦᠭᠦᠷᠡᠭᠡᠳ ᠵᠢᠷᠦᠬᠡᠨ ᠤ ᠳᠣᠲᠣᠷ᠎ᠠ ᠪᠦᠷᠬᠦᠪᠴᠢ ᠳᠤᠨᠢ ᠴᠢᠰᠤ ᠭᠠᠷᠴᠤ᠂ ᠭᠡᠳᠡᠰᠦᠨ ᠤ ᠬᠡᠯᠪᠡᠷᠢ ᠳᠤ ᠶᠠᠮᠠᠷᠴᠤ ᠬᠤᠪᠢᠷᠠᠯᠲᠠ ᠦᠭᠡᠢ ᠮᠥᠷᠲᠡᠭᠡᠨ ᠭᠠᠭ᠋ᠠᠢ ᠶᠢᠨ ᠲᠤᠷᠤᠢ ᠶᠢᠨ ᠴᠠᠭᠠᠨ ᠴᠢᠴᠠᠭ᠎ᠠ ᠲᠠᠢ ᠠᠳᠠᠯᠢᠪᠲᠤᠷ ᠪᠠᠶᠢᠳᠠᠭ᠃        
ᠢᠷᠡᠯᠲᠡ᠄ ᠦᠦᠰᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ