ᠲᠤᠭᠤᠯᠯᠠᠭᠰᠠᠨ ᠦᠨᠢᠶᠡᠨ ᠤ ᠰᠨ ᠡᠪᠡᠳᠴᠢᠨ ᠢ ᠰᠡᠷᠭᠡᠶᠢᠯᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2022/9/27
        ᠲᠤᠭᠤᠯᠯᠠᠭᠰᠠᠨ ᠦᠨᠢᠶᠡᠨ ᠤ ᠰᠨ ᠡᠪᠡᠳᠴᠢᠨ ᠢ ᠰᠡᠷᠭᠡᠶᠢᠯᠡᠨ ᠵᠠᠰᠠᠬᠤ ᠠᠷᠭ᠎ᠠ ᠳ᠋ᠤᠭᠤᠯᠯᠠᠭᠰᠠᠨ ᠤ ᠬᠤᠶᠢᠨᠠᠬᠢ ᠦᠨᠢᠶᠡᠨ ᠤ ᠰᠨ ᠶᠢ ᠪᠠᠰᠠ ᠰᠦᠨ ᠤ ᠬᠠᠯᠠᠭᠤᠨ ᠭᠡᠮ ᠭᠡᠳᠡᠭ᠃ ᠡᠨᠡ ᠪᠣᠯ ᠲᠤᠭᠤᠯᠯᠠᠭᠠᠳ 48 — 72 ᠴᠠᠭ ᠪᠣᠯᠤᠭᠰᠠᠨ ᠰᠠᠭᠠᠯᠢ ᠶᠢᠨ ᠦᠨᠢᠶ᠎ᠡ ᠳᠤ ᠯᠨ ᠡᠬᠦᠰᠳᠡᠭ ᠨᠢᠭᠡ ᠵᠦᠢᠯ ᠤᠨ ᠲᠦᠷᠭᠡᠨ ᠴᠢᠨᠠᠷᠲᠠᠢ ᠳᠣᠣᠷ᠎ᠠ ᠺᠠᠯᠼᠳᠤ ᠴᠢᠰᠤᠨ ᠤ ᠭᠡᠮ ᠪᠤᠯᠬᠤ ᠶᠤᠮ᠃ ᠳᠠᠷᠤᠢ᠂ ᠭᠡᠮᠨᠡᠭᠰᠡᠨ ᠦᠨᠢᠶ᠎ᠡ ᠬᠡᠪᠲᠡᠭᠡᠳ ᠪᠤᠰᠬᠤ ᠦᠭᠡᠢ᠂ ᠴᠤᠭ ᠰᠦᠯᠳᠡ ᠮᠠᠭᠤᠳᠠᠬᠤ᠂ ᠮᠠᠭᠤᠵᠢᠷᠠᠬᠤ ᠪᠤᠶᠤ ᠰᠨ ᠪᠤᠯᠬᠤ ᠵᠡᠷᠭᠡ ᠢᠯᠡᠷᠡᠯ ᠲᠠᠢ ᠶᠤᠮ᠃        ᠤᠷᠢᠳᠴᠢᠯᠠᠨ ᠰᠡᠷᠭᠡᠶᠢᠯᠡᠬᠦ ᠲᠠᠯ᠎ᠠ ᠪᠠᠷ᠂ ᠲᠤᠭᠤᠯᠯᠠᠬᠤ ᠠᠴᠠ ᠡᠮᠦᠨ᠎ᠡ 5 — 7 ᠡᠳᠦᠷ ᠲᠤ ᠺᠠᠯᠼ ᠤᠨ ᠰᠢᠩᠭᠡᠭᠡᠯᠲᠡ ᠶᠢ ᠬᠢᠵᠠᠭᠠᠷᠯᠠᠬᠤ ᠪᠥᠭᠡᠳ ᠸᠢᠲ᠋ᠠᠮᠢᠨ D ︵ᠡᠳᠦᠷ ᠪᠦᠷᠢ 2 — 3 ᠮᠢᠩᠭᠠᠨ ᠨᠢᠭᠡᠴᠢ ᠥᠭᠬᠦ ᠶᠢ ᠬᠢᠵᠠᠭᠠᠷᠯᠠᠨ᠎ᠠ᠃ ᠡᠭᠦᠨ ᠤ ᠳᠠᠭᠠᠤ ᠡᠳᠦᠷ ᠤᠨ ᠲᠡᠵᠢᠭᠡᠯ ᠳᠠᠬᠢ ᠹᠣᠰᠹᠣᠷ ᠤᠨ ᠠᠬᠤᠭᠤᠯᠤᠭᠳᠠᠴᠨ ᠶᠢ ᠨᠡᠮᠡᠭᠳᠡᠭᠦᠯᠦᠨ᠎ᠡ᠃        ᠡᠮᠨᠡᠨ ᠵᠠᠰᠠᠬᠤ ᠲᠠᠯ᠎ᠠ ᠪᠠᠷ ᠳᠣᠣᠷᠠᠬᠢ ᠠᠷᠭ᠎ᠠ ᠨᠤᠭᠤᠳ ᠢ ᠠᠪᠴᠤ ᠪᠣᠯᠣᠨ᠎ᠠ᠃        1. 4%᠎ ᠶᠢᠨ 500 — 1000 ᠮᠢᠯᠢᠯᠢᠲ᠋ᠧᠷ ᠪᠤᠷ ᠬᠦᠴᠢᠯ ᠪᠣᠯᠣᠨ 20% — 30%᠎ ᠶᠢᠨ ᠦᠵᠦᠮ ᠤᠨ ᠰᠢᠬᠢᠷ ᠤᠨ ᠬᠦᠴᠢᠯᠳᠦ ᠺᠠᠯᠼ ᠢ ᠨᠠᠮᠵᠢᠭᠤᠨ ᠰᠤᠳᠠᠯ ᠳᠤᠨᠢ ᠠᠭᠠᠵᠢᠮ ᠢᠶᠠᠷ ᠲᠠᠷᠢᠨ᠎ᠠ ︵ᠲᠠᠷᠢᠯᠭ᠎ᠠ ᠳᠤ ᠬᠡᠷᠡᠭᠰᠡᠬᠦ ᠴᠠᠭ ᠢ ᠠᠳᠠᠭ ᠲᠠᠭᠠᠨ 10 — 20 ᠮᠢᠨᠦ᠋ᠲ ᠠᠴᠠ ᠳᠡᠭᠡᠭᠰᠢ ᠪᠠᠶᠢᠯᠭᠠᠨ᠎ᠠ︶᠂ ᠡᠳᠦᠷ ᠲᠤ ᠬᠤᠶᠠᠷ ᠤᠳᠠᠭ᠎ᠠ ᠲᠠᠷᠢᠨ᠎ᠠ᠃ ᠺᠠᠯᠼ ᠤᠨ ᠡᠮᠴᠢᠯᠡᠭᠡ ᠶᠢ ᠬᠡᠷᠡᠭᠯᠡᠬᠦ ᠦᠶ᠎ᠡ ᠳᠤ ᠭᠡᠮ ᠲᠠᠢ ᠦᠨᠢᠶ᠎ᠡ ᠶᠢᠨ ᠵᠢᠷᠦᠬᠡᠨ ᠤ ᠠᠵᠢᠯᠯᠠᠭ᠎ᠠ ᠶᠢ ᠠᠩᠬᠠᠷᠬᠤ ᠬᠡᠷᠡᠭᠲᠡᠢ ᠃ ᠬᠡᠷᠪᠡ ᠵᠢᠷᠦᠬᠡᠨ ᠤ ᠴᠣᠬᠢᠯᠲᠠ ᠨᠢ ᠵᠢᠭᠳᠡ ᠪᠤᠰᠤ ᠪᠤᠶᠤ ᠲᠦᠷᠭᠡᠨ ᠪᠠᠶᠢᠬᠤ ᠦᠶ᠎ᠡ ᠳᠤ ᠲᠠᠷᠢᠯᠭ᠎ᠠ ᠪᠠᠨ ᠳᠠᠷᠦ᠋ᠢᠬᠠᠨ ᠵᠣᠭᠰᠣᠵᠤ᠂ ᠬᠡᠪ ᠤᠨ ᠪᠠᠶᠢᠳᠠᠯ ᠲᠠᠢ ᠪᠣᠯᠤᠭᠰᠠᠨ ᠤ ᠲᠠᠷᠠᠭ᠎ᠠ ᠲᠠᠭᠢᠨ ᠲᠠᠷᠢᠬᠤ ᠬᠡᠷᠡᠭᠲᠡᠢ᠃        2. ᠲᠠᠯᠠᠩ ᠢ ᠨᠢ ᠰᠠᠯᠬᠢᠳᠠᠭᠤᠯᠤᠨ᠎ᠠ᠃ ᠰᠦ ᠶᠢ ᠨᠢ ᠰᠠᠭᠠᠵᠤ ᠪᠠᠷᠠᠭᠰᠠᠨ ᠤ ᠲᠠᠷᠠᠭ᠎ᠠ ᠲᠠᠯᠠᠩ ᠤᠨ ᠰᠠᠯᠭᠢᠳᠠᠭᠤᠷ ᠢᠶᠠᠨ ᠨᠢᠮᠪᠠᠢ ᠠᠷᠢᠭᠤᠳᠬᠠᠭᠠᠳ ᠲᠠᠯᠠᠩ ᠢ ᠵᠣᠬᠢᠬᠤ ᠬᠡᠮᠵᠢᠶ᠎ᠡ ᠲᠠᠢ ᠪᠠᠷ ᠰᠠᠯᠬᠢᠳᠠᠭᠤᠯᠪᠠᠯ ᠴᠢᠰᠤᠨ ᠺᠠᠯᠼ ᠤᠨ ᠥᠳᠬᠡᠴᠡ ᠨᠢ ᠥᠨᠳᠥᠷᠵᠢᠨ᠂ ᠬᠡᠳᠦᠨ ᠴᠠᠭ ᠤᠨ ᠳᠣᠲᠣᠷ᠎ᠠ ᠭᠡᠮ ᠲᠠᠢ ᠦᠨᠢᠶ᠎ᠡ ᠨᠢ ᠬᠡᠪ ᠤᠨ ᠪᠠᠶᠢᠳᠠᠯ ᠳᠠᠭᠠᠨ ᠣᠷᠣᠨ᠎ᠠ᠃         3. ᠺᠠᠯᠼ ᠢᠶᠠᠷ ᠡᠮᠨᠡᠭᠰᠡᠨ ᠤ ᠲᠠᠷᠠᠭ᠎ᠠ ᠦᠨᠢᠶ᠎ᠡ ᠰᠡᠷᠭᠦᠨ ᠰᠠᠷᠭᠡᠭᠵᠢᠬᠦ ᠪᠤᠯᠪᠠᠴᠤ ᠮᠥᠨ ᠯᠨ ᠪᠣᠰᠴᠤ ᠲᠠᠶᠢᠯᠬᠦ ᠦᠭᠡᠢ ᠶᠤᠮ᠃ ᠡᠨᠡ ᠦᠶ᠎ᠡ ᠳᠤ ᠨᠠᠮᠵᠢᠭᠤᠨ ᠰᠤᠳᠠᠯ ᠳᠤᠨᠢ 20%᠎ ᠶᠢᠨ 300 — 500 ᠮᠢᠯᠢᠯᠢᠲ᠋ᠧᠷ ᠹᠣᠰᠹᠣᠷ ᠬᠦᠴᠢᠯ ᠤᠨ ᠬᠤᠶᠠᠷᠴᠢ ᠤᠰᠤᠲᠥ᠋ᠷᠥᠭᠴᠢᠲᠤ ᠨᠠᠳ᠋ᠷᠢ ᠪᠤᠶᠤ 3%᠎ ᠶᠢᠨ 100 ᠮᠢᠯᠢᠯᠢᠲ᠋ᠧᠷ ᠳᠡᠳ᠋ ᠹᠣᠰᠹᠣᠷ ᠬᠦᠴᠢᠯ ᠤᠨ ᠺᠠᠯᠼ ᠤᠨ ᠠᠭᠤᠰᠤᠮᠠᠯ ᠢ ᠲᠠᠷᠢᠪᠠᠯ ᠰᠠᠶᠢᠨ᠃   
ᠢᠷᠡᠯᠲᠡ᠄ ᠦᠦᠰᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ