ᠬᠤᠷ ᠤᠨ ᠵᠢᠷᠭᠤᠭᠠᠨ ᠪᠠᠯᠭᠠᠳ — ᠴᠠᠭᠠᠨ ᠪᠠᠯᠭᠠᠰᠦ
ᠨᠡᠶᠢᠲᠡᠯᠡᠭᠰᠡᠨ ᠴᠠᠭ᠄
2022/9/28
      ᠳᠡᠯᠡᠬᠡᠢ ᠶᠢᠨ ᠪᠣᠯᠪᠠᠰᠣᠨ ᠤ ᠠᠭᠤᠯᠵᠠᠷ ᠭᠡᠭᠳᠡᠳᠡᠭ ᠠᠮᠤᠳᠠᠷᠶ᠎ᠠ ᠰᠢᠷᠳᠠᠷᠶ᠎ᠠ ᠬᠤᠶᠠᠷ ᠭᠤᠤᠯ ᠤᠨ ᠬᠤᠭᠤᠷᠣᠨᠳᠣ ᠢᠳᠡᠭᠡᠰᠢᠨ ᠠᠮᠢᠳᠤᠷᠠᠵᠤ  ᠠᠭᠰᠠᠨ ᠰᠤᠭᠲᠠ ᠬᠦᠮᠦᠰ ᠪᠣᠯ ᠨᠢᠳᠦ ᠭᠢᠯᠠᠰᠣᠮ᠎ᠠ ᠲᠡᠤᠬᠡ ᠰᠣᠶᠣᠯ ᠲᠠᠢ ᠡᠷᠲᠡᠨ ᠤ ᠦᠨᠳᠦᠰᠦᠲᠡᠨ ᠶᠠᠰᠤᠲᠠᠨ ᠤ ᠨᠢᠭᠡᠨ ᠪᠢᠯᠡ᠃ ᠰᠣᠭᠳᠠ ᠪᠢᠴᠢᠭ ᠠᠴᠠ ᠡᠭᠦᠰᠦᠨ ᠬᠤᠪᠢᠰᠴᠦ ᠢᠷᠡᠭᠰᠡᠨ ᠤᠶᠢᠭᠤᠷᠵᠢᠨ ᠪᠢᠴᠢᠭ᠂ ᠤᠶᠢᠭᠤᠷᠵᠢᠨ ᠮᠣᠩᠭᠤᠯ ᠪᠢᠴᠢᠭ᠂ ᠮᠠᠨᠵᠤ ᠪᠢᠴᠢᠭ ᠢ ᠡᠳᠦᠭᠡ ᠴᠤ ᠭᠡᠰᠡᠨ ᠬᠡᠷᠡᠭᠯᠡᠭᠰᠡᠭᠡᠷ ᠪᠠᠶᠢᠨ᠎ᠠ᠃ ᠲᠠᠩ ᠤᠨ ᠲᠦᠷᠦ ᠪᠠᠶᠢᠭᠤᠯᠤᠭᠳᠠᠭᠠᠳ ᠳᠡᠮᠡᠢ ᠤᠳᠠᠭᠰᠠᠨ ᠦᠭᠡᠢ᠂ ᠵᠧᠨ ᠭᠤᠸᠠᠨ ᠤ ᠳᠦᠳᠦᠭᠡᠷ ᠤᠨ ︵630 ᠣᠨ︶᠎ ᠳᠤ᠂ ᠵᠡᠭᠦᠨ ᠲᠦᠷᠦᠭ ᠬᠠᠭᠠᠨᠳᠦ ᠤᠯᠤᠰ ᠢ ᠮᠥᠬᠦᠭᠡᠪᠡ᠃ ᠵᠡᠭᠦᠨ ᠲᠦᠷᠦᠭ ᠤᠨ ᠠᠷᠪᠠᠨ ᠲᠦᠮᠡᠨ ᠡᠷᠦᠬᠡ ᠲᠠᠩ ᠤᠯᠤᠰ ᠢ ᠳᠠᠭᠠᠵᠠᠢ᠃ ᠲᠠᠩ ᠤᠨ ᠲᠦᠷᠦ ᠠᠴᠠ ᠳᠠᠭᠠᠭᠰᠠᠨ ᠢᠷᠭᠡᠳ ᠢ ᠾᠧ ᠴᠢᠥᠢ ︵ᠭᠤᠣᠯ ᠤᠨ ᠲᠣᠬᠤᠢ ︶ ᠭᠠᠵᠠᠷ᠎ᠠ ᠨᠡᠭᠦᠯᠭᠡᠨ᠂ ᠨᠤᠭᠲᠤᠯᠠᠨ ᠬᠠᠮᠢᠶᠠᠷᠬᠤ ᠵᠸᠤ ② ᠪᠠᠶᠢᠭᠤᠯᠵᠤ ᠵᠠᠬᠢᠷᠪᠠ᠃ ᠲᠢᠶᠣᠣ ᠯᠦ ᠶᠢᠨ ᠲᠡᠷᠢᠭᠦᠨ ᠣᠨ ︵679 ᠣᠨ︶᠎ ᠎ ᠳᠤ᠂ ᠲᠠᠩ ᠤᠨ ᠲᠦᠷᠦ ᠠᠴᠠ ᠵᠡᠭᠦᠨ ᠲᠦᠷᠦᠭ ᠤᠨ ᠳᠠᠭᠠᠭᠰᠠᠨ ᠢᠷᠭᠡᠨ ᠤ ᠳᠣᠲᠣᠷᠠᠬᠢ ᠰᠣᠭᠳᠠ ᠬᠦᠮᠦᠰ ᠢ ᠯᠢᠩ᠂ ᠰᠢᠶᠠ ᠬᠤᠶᠠᠷ ᠵᠧᠦ ᠶᠢᠨ ᠬᠤᠭᠤᠷᠣᠨᠳᠣ ᠨᠡᠭᠦᠯᠭᠡᠨ᠂ ᠣᠪᠣᠭ ᠤᠭᠰᠠᠭ᠎ᠠ ᠪᠠᠷ ᠨᠢ ᠢᠯᠭᠠᠵᠤ᠂ ᠯᠦ᠂ ᠯᠢ᠂ ᠬᠠᠨ᠂ ᠰᠠᠢ᠂ ᠶᠢ᠂ ᠴᠢ ᠬᠡᠮᠡᠬᠦ ᠨᠤᠭᠲᠤᠯᠠᠨ ᠬᠠᠮᠢᠶᠠᠷᠬᠤ ᠵᠢᠷᠭᠤᠭᠠᠨ ᠵᠧᠦ ᠶᠢ ᠪᠠᠶᠢᠭᠤᠯᠤᠨ ᠵᠠᠬᠢᠷᠴᠠᠢ᠃ ᠡᠨᠡ ᠵᠢᠷᠭᠤᠭᠠᠨ ᠵᠧᠦ ᠶᠢᠨ ᠲᠣᠭᠲᠠᠨᠢᠵᠣ ᠠᠭᠰᠠᠨ ᠲᠡᠣᠬᠡᠨ ᠴᠠᠭ ᠦᠶ᠎ᠡ ︵679~704 ᠣᠨ︶᠎ ᠨᠢ ᠣᠬᠤᠷᠬᠠᠨ ᠪᠣᠯᠪᠠᠴᠣ ︽ᠬᠤᠷ ᠤᠨ ᠵᠢᠷᠭᠤᠬᠠᠨ ᠵᠧᠦ︾ ᠭᠡᠰᠡᠨ ᠨᠡᠷ᠎ᠡ ᠪᠠᠷ ᠲᠡᠤᠬᠡᠨ ᠳᠤ ᠦᠯᠡᠳᠡᠭᠰᠡᠨ ᠪᠠᠶᠢᠯ᠎ᠠ᠃      ᠬᠤᠷ ᠤᠨ ᠵᠢᠷᠭᠤᠬᠠᠨ ᠵᠧᠦ ᠶᠢᠨ ᠬᠤᠪᠢᠳᠠᠭᠰᠠᠨ ᠨᠤᠲᠤᠭ ᠨᠢ ᠡᠳᠦᠭᠡ ᠶᠢᠨ ᠥᠪᠥᠷ ᠮᠣᠩᠭᠤᠯ ᠤᠨ ᠣᠲᠤᠭ ᠤᠨ ᠡᠮᠦᠨᠡᠲᠦ ᠬᠤᠰᠢᠭᠤ᠂ ᠨᠢᠩᠰᠢᠶᠠ ᠶᠢᠨ ᠲᠡᠷᠭᠡ ᠰᠢᠶᠠᠨ ᠤ ᠭᠠᠵᠠᠷ ᠨᠤᠲᠤᠭ ᠪᠣᠯᠬᠤ ᠪᠦᠭᠡᠳ ᠵᠸᠦ ᠶᠢᠨ ᠵᠠᠬᠢᠷᠭᠠᠨ ᠤ ᠬᠤᠲᠠ ᠨᠢ ᠡᠨᠡ ᠬᠤᠶᠠᠷ ᠬᠤᠰᠢᠭᠤ ᠰᠢᠶᠠᠨ ᠤ ᠬᠠᠷᠢᠶᠠᠨ ᠳᠤ ᠪᠠᠶᠢᠭ᠎ᠠ ᠲᠠᠩ ᠤᠨ ᠦᠶ᠎ᠡ ᠶᠢᠨ ᠡᠷᠲᠡᠨ ᠤ ᠪᠠᠯᠭᠠᠳ ᠪᠠᠶᠢᠬ᠎ᠠ ᠭᠡᠵᠦ ᠮᠠᠭᠠᠳᠯᠠᠳᠠᠭ᠃ ᠬᠤᠷ ᠤᠨ ᠵᠢᠷᠭᠤᠬᠠᠨ ᠪᠠᠯᠭᠠᠳ ᠤᠨ ᠨᠢᠭᠡ ᠨᠢ ᠨᠢᠩᠰᠢᠶᠠ ᠶᠢᠨ ᠲᠡᠷᠭᠡ ᠰᠢᠶᠠᠨ ᠳᠤ ᠬᠠᠷᠢᠶᠠᠯᠠᠭᠳᠠᠬᠤ ᠡᠷᠲᠡᠨ ᠤ ᠰᠢᠩ ᠦ᠋ ᠬᠤᠲᠠ ᠪᠣᠯᠣᠨ᠎ᠠ᠂ ᠡᠨᠡ ᠬᠤᠲᠠ ᠨᠡᠯᠢᠶᠡᠳ ᠪᠦᠷᠢᠨ ᠪᠦᠲᠦᠨ ᠢᠶᠠᠷ ᠢᠶᠠᠨ ᠪᠠᠶᠢᠳᠠᠭ ᠤᠨ ᠤᠴᠢᠷ ᠪᠣᠯ ᠮᠢᠩ ᠤᠨ ᠦᠶ᠎ᠡ ᠳᠤ ᠰᠡᠯᠪᠢᠨ ᠵᠠᠰᠠᠭᠰᠠᠨ ᠤ᠂ ᠠᠳᠡ ᠲᠠᠨᠢᠯᠴᠠᠭᠤᠯᠬᠤ ᠦᠭᠡᠢ᠃ ᠣᠲᠤᠭ ᠤᠨ ᠡᠮᠦᠨᠡᠲᠦ ᠬᠤᠰᠢᠭᠤᠨ ᠤ ᠬᠢᠵᠠᠭᠠᠷ ᠲᠤ ᠣᠷᠣᠰᠢᠬᠤ 1.ᠤᠯᠠᠭᠠᠨ ᠳᠤᠪᠤᠩ ᠤᠨ ᠪᠠᠯᠭᠠᠰᠤ᠂ 2. ᠪᠠᠯᠠᠩ ᠤᠨ ᠰᠦᠮ᠎ᠡ ᠶᠢᠨ ᠪᠠᠯᠭᠠᠰᠤ᠂ 3. ᠡᠪᠳᠡᠷᠬᠡᠢ ᠪᠠᠯᠭᠠᠰᠤ᠂ 4. ᠴᠠᠭᠠᠨ ᠪᠠᠯᠭᠠᠰᠦ᠂ 5.ᠤᠯᠵᠠᠴᠢ ᠶᠢᠨ ᠪᠠᠯᠭᠠᠰᠦ᠂ 6. ᠳ᠋ᠠ ᠬᠦᠷᠢᠶ᠎ᠡ᠂ 7. ᠠᠷᠯᠠᠢ ᠶᠢᠨ ᠪᠠᠯᠭᠠᠰᠦ᠂ 8.ᠰᠦᠯᠳᠡ ᠶᠢᠨ ᠪᠠᠯᠭᠠᠰᠤ᠂ 9.ᠤᠭᠤᠲᠤᠷ ᠪᠠᠯᠭᠠᠰᠤ᠂ 10. ᠪᠠᠶᠠᠨ ᠬᠤᠷᠠᠬᠤ ᠶᠢᠨ ᠪᠠᠯᠭᠠᠰᠤ ᠵᠡᠷᠭᠡ ᠡᠳᠡᠭᠡᠷ ᠲᠠᠩ ᠤᠨ ᠦᠶ᠎ᠡ ᠶᠢᠨ ᠡᠷᠲᠡᠨ ᠤ ᠬᠤᠲᠠᠨ ᠤ ᠳᠣᠲᠣᠷ᠎ᠠ ᠦᠯᠡᠳᠡᠭᠰᠡᠨ ᠲᠠᠪᠤᠨ ᠬᠤᠷ ᠤᠨ ᠪᠠᠯᠭᠠᠳ ᠪᠠᠶᠢᠭ᠎ᠠ ᠨᠢ ᠮᠠᠭᠠᠳ ᠪᠣᠯᠪᠠᠴᠣ ᠴᠣᠬᠤᠮ ᠠᠯᠢ ᠠᠯᠢ ᠨᠢ ᠮᠦᠨ ᠪᠣᠯᠬᠤ ᠶᠢ ᠬᠠᠷᠠᠬᠠᠨ ᠨᠤᠲᠠᠯᠠᠭ᠎ᠠ ᠦᠭᠡᠢ᠃ ᠳᠤᠤᠷ᠎ᠠ ᠡᠳᠡᠭᠡᠷ ᠪᠠᠯᠭᠠᠰᠤ ᠶᠢ ᠲᠤᠪᠴᠢ ᠶᠢᠨ ᠲᠡᠳᠦᠢ ᠲᠠᠨᠢᠯᠴᠠᠭᠤᠯᠰᠤᠭᠠᠢ᠃     4. ᠴᠠᠭᠠᠨ ᠪᠠᠯᠭᠠᠰᠦ      ᠤᠲᠤᠭ ᠤᠨ ᠡᠮᠦᠨᠡᠲᠦ ᠬᠤᠰᠢᠭᠤᠨ ᠤ ᠵᠢᠷᠠ ᠰᠤᠮᠤᠨ ᠤ ᠴᠠᠭᠠᠨ ᠪᠠᠯᠭᠠᠰᠤ ᠭᠠᠴᠠᠭᠠᠨ ᠤ ᠵᠡᠭᠦᠨ ᠡᠮᠦᠨ᠎ᠡ 6.5km᠎ ᠎ ᠲᠠᠬᠢ ᠮᠠᠩᠬᠠᠨ ᠭᠠᠵᠠᠷ ᠪᠠᠶᠢᠷᠢᠰᠢᠨ᠎ᠠ᠃ ᠵᠡᠭᠦᠨᠰᠢ ᠪᠠᠷᠠᠭᠤᠨᠰᠢ ᠪᠠᠨ 720m᠂ ᠡᠮᠦᠨᠡᠰᠢ ᠬᠤᠶᠢᠰᠢ ᠪᠠᠨ 354m᠃ ᠬᠤᠲᠠ ᠶᠢᠨ ᠬᠡᠷᠡᠮ ᠡᠯᠡᠰᠦᠨ ᠳᠤ  ᠳᠠᠷᠤᠭᠳᠠᠭᠰᠠᠨ ᠠᠴᠠ ᠬᠠᠮᠠᠭᠠᠯᠠᠯᠲᠠ ᠰᠠᠶᠢᠲᠠᠢ ᠪᠠᠶᠢᠨ᠎ᠠ᠂ ᠴᠤᠬᠤᠶᠢᠨ ᠭᠠᠷᠤᠭᠰᠠᠨ ᠵᠠᠷᠢᠮ ᠬᠡᠰᠡᠭ ᠬᠡᠷᠡᠮ ᠤᠨ ᠦᠷᠭᠡᠨ 4m᠂ ᠦᠨᠳᠦᠷ 1~5 m᠂ ᠴᠢᠭᠵᠢᠭᠰᠡᠨ ᠵᠤᠵᠠᠭᠠᠨ 10~11cm᠂ ᠴᠢᠭᠵᠢᠭᠰᠡᠨ ᠬᠤᠩᠬᠤᠷ ᠨᠢ ᠳᠤᠲᠤᠷᠬᠠᠢ᠃ ᠬᠠᠮᠠᠷ ᠬᠡᠷᠡᠮ④᠎ ᠲᠠᠢ ᠪᠠᠶᠢᠭᠰᠠᠨ ᠨᠢ ᠦᠵᠡᠭᠳᠡᠨ᠎ᠡ᠂ ᠬᠠᠮᠠᠷ ᠬᠡᠷᠡᠮ ᠤᠨ ᠭᠦᠳᠦᠭᠦᠷ 11m᠂ ᠦᠷᠭᠡᠨ 7m᠂ ᠬᠤᠭᠤᠷᠤᠨᠳᠤ ᠪᠠᠨ 58m ᠵᠠᠶᠢᠲᠠᠢ᠃ ᠡᠮᠦᠨ᠎ᠡ᠂ ᠵᠡᠭᠦᠨ ᠬᠡᠷᠡᠮ ᠳᠤᠨᠢ 10m ᠦᠷᠭᠡᠨ ᠬᠠᠭᠠᠯᠭ᠎ᠠ ᠲᠠᠢ᠂ ᠵᠡᠭᠦᠨ ᠬᠠᠭᠠᠯᠭᠠᠨ ᠳᠤᠨᠢ ᠪᠤᠲᠤᠩ ᠬᠤᠲᠠ⑤᠎ ᠲᠠᠢ᠃     ᠬᠤᠲᠠ ᠶᠢᠨ ᠳᠤᠲᠤᠷ᠎ᠠ ᠴᠢᠭ᠍ᠵᠢᠵᠤ ᠨᠢᠭᠲᠠᠷᠰᠢᠭᠤᠯᠤᠭᠰᠠᠨ ᠰᠢᠪᠠᠷ ᠭᠦᠳᠦᠩ ᠪᠤᠢ᠂ ᠳᠡᠭᠡᠷ᠎ᠡ ᠨᠢ ᠸᠠᠭᠠᠷ ᠲᠤᠭᠤᠰᠬᠠᠨ ᠤ ᠬᠠᠭᠠᠷᠬᠠᠢ ᠨᠢᠭᠲᠠ ᠲᠠᠷᠬᠠᠵᠠᠢ᠃ ᠠᠳᠡ ᠠᠴᠠ ᠤᠯᠳᠠᠭᠰᠠᠨ ᠬᠦᠬᠡ ᠲᠤᠭᠤᠰᠬᠠᠨ ᠤ ᠦᠷᠬᠡᠨ 18cm᠂ ᠵᠤᠵᠠᠭᠠᠨ 16cm᠂ ᠬᠠᠪᠲᠠᠭᠠᠢ ᠸᠠᠭᠠᠷ ᠤᠨ ᠦᠷᠭᠡᠨ 20cm᠂ ᠵᠤᠵᠠᠭᠠᠨ 1.8~2.2cm᠂ ᠬᠦᠮᠦᠭᠡᠷ ᠸᠠᠭᠠᠷ ᠤᠨ ᠵᠤᠵᠠᠭᠠᠨ 1~2cm᠂ ᠸᠠᠭᠠᠷ ᠤᠨ ᠨᠢᠭᠤᠷ ᠲᠠᠯ᠎ᠠ ᠶᠢ ᠢᠯᠢᠵᠦ ᠬᠢᠭᠰᠡᠨ ᠪᠠᠶᠢᠨ᠎ᠠ᠃ ᠬᠤᠲᠠᠨ ᠤ ᠳᠤᠲᠤᠷ᠎ᠠ ᠠᠴᠠ ᠲᠡᠮᠦᠷ ᠲᠣᠭᠤᠭ᠎ᠠ᠂ ᠲᠤᠤᠬᠠᠢ᠂ ᠸᠠᠭᠠᠷᠤᠨ ᠮᠠᠯᠤ᠂ ᠬᠤᠸᠠᠩ ᠰᠦᠩ ᠪᠤᠤ ᠲᠥᠩ ᠰᠤᠬᠤᠷ ᠵᠤᠭᠤᠰ ᠢ ᠤᠯᠪᠤᠷᠢᠯᠠᠵᠠᠢ᠃     ᠠᠳᠡ ᠠᠴᠠ ᠤᠯᠳᠠᠭᠰᠠᠨ ᠵᠦᠢᠯᠡᠰ ᠪᠤᠯᠤᠨ ᠬᠤᠲᠠᠨ ᠤ ᠵᠡᠭᠦᠨ ᠡᠮᠦᠨ᠎ᠡ ᠠᠴᠠ ᠢᠯᠡᠷᠡᠭᠦᠯᠦᠭᠰᠡᠨ ᠬᠤᠶᠠᠷ ᠪᠤᠯᠠᠰᠢᠨ ᠤ ᠤᠨᠴᠠᠯᠢᠭ ᠰᠢᠨᠵᠢ᠂ ᠤᠷᠤᠰᠢᠭᠤᠯᠤᠭᠰᠠᠨ ᠪᠠᠶᠢᠳᠠᠯ ᠨᠢ ᠡᠪᠳᠡᠷᠬᠡᠢ ᠪᠠᠯᠭᠠᠰᠤᠨ ᠠᠴᠠ ᠤᠯᠳᠠᠭᠰᠠᠨ ᠵᠦᠢᠯᠡᠰ᠂ ᠪᠤᠯᠠᠰᠢᠨ ᠤ ᠪᠠᠶᠢᠳᠠᠯ ᠲᠠᠢ ᠠᠳᠠᠯᠢᠬᠠᠨ ︵ᠰᠠᠳᠠᠭᠠᠯᠠᠭᠰᠠᠨ ᠵᠦᠢᠯ ᠯᠠ ᠪᠠᠭ᠎ᠠ ᠰᠠᠭ᠎ᠠ ᠵᠦᠷᠢᠶᠡᠨ ᠲᠠᠢ︶ ᠪᠠᠶᠢᠬᠤ ᠠᠴᠠ ᠦᠵᠡᠬᠦᠯ᠎ᠡ ᠲᠠᠩ ᠤᠯᠤᠰ᠂ ᠪᠠᠷᠠᠭᠤᠨ ᠰᠢᠶᠠ ᠶᠢᠨ ᠦᠶ᠎ᠡ ᠶᠢᠨ ᠬᠤᠲᠠ ᠪᠤᠯᠤᠯᠲᠠᠢ᠃     ᠬᠤᠲᠠ ᠶᠢᠨ 90᠎ ᠠᠴᠠ ᠳᠡᠭᠡᠭᠰᠢ ᠬᠤᠪᠢ ᠨᠢ ᠡᠯᠡᠰᠦᠨ ᠳᠤ ᠳᠠᠷᠤᠭᠳᠠᠭᠰᠠᠨ ᠪᠤᠯᠪᠠᠴᠦ᠂ ᠲᠠᠭᠠᠭᠤᠯᠢ ᠤᠳᠤᠨ ᠤ ᠵᠢᠷᠤᠭ ᠳᠡᠭᠡᠷ᠎ᠡ ᠲᠦᠯᠦᠪ ᠪᠠᠶᠢᠳᠠᠯ ᠨᠢ ᠳᠤᠲᠤᠷᠬᠠᠢ ᠦᠵᠡᠭᠳᠡᠬᠦ ᠠᠵᠢ᠃ 
ᠢᠷᠡᠯᠲᠡ᠄ ᠣᠭᠤᠨᠣᠰ ᠵᠢᠷᠭᠠᠯᠲᠦ