ᠬᠤᠷ  ᠤᠨ ᠵᠢᠷᠭᠤᠭᠠᠨ ᠪᠠᠯᠭᠠᠳ — ᠤᠭᠤᠲᠤᠷ ᠪᠠᠯᠭᠠᠰᠤ᠂ ᠪᠠᠶᠠᠨ ᠬᠤᠷᠠᠬᠤ ᠶᠢᠨ ᠪᠠᠯᠭᠠᠰᠤ
ᠨᠡᠶᠢᠲᠡᠯᠡᠭᠰᠡᠨ ᠴᠠᠭ᠄
2022/9/28
      ᠳᠡᠯᠡᠬᠡᠢ ᠶᠢᠨ ᠪᠣᠯᠪᠠᠰᠣᠨ ᠤ ᠠᠭᠤᠯᠵᠠᠷ ᠭᠡᠭᠳᠡᠳᠡᠭ ᠠᠮᠤᠳᠠᠷᠶ᠎ᠠ ᠰᠢᠷᠳᠠᠷᠶ᠎ᠠ ᠬᠤᠶᠠᠷ ᠭᠤᠤᠯ ᠤᠨ ᠬᠤᠭᠤᠷᠣᠨᠳᠣ ᠢᠳᠡᠭᠡᠰᠢᠨ ᠠᠮᠢᠳᠤᠷᠠᠵᠤ  ᠠᠭᠰᠠᠨ ᠰᠤᠭᠲᠠ ᠬᠦᠮᠦᠰ ᠪᠣᠯ ᠨᠢᠳᠦ ᠭᠢᠯᠠᠰᠣᠮ᠎ᠠ ᠲᠡᠤᠬᠡ ᠰᠣᠶᠣᠯ ᠲᠠᠢ ᠡᠷᠲᠡᠨ ᠤ ᠦᠨᠳᠦᠰᠦᠲᠡᠨ ᠶᠠᠰᠤᠲᠠᠨ ᠤ ᠨᠢᠭᠡᠨ ᠪᠢᠯᠡ᠃ ᠰᠣᠭᠳᠠ ᠪᠢᠴᠢᠭ ᠠᠴᠠ ᠡᠭᠦᠰᠦᠨ ᠬᠤᠪᠢᠰᠴᠦ ᠢᠷᠡᠭᠰᠡᠨ ᠤᠶᠢᠭᠤᠷᠵᠢᠨ ᠪᠢᠴᠢᠭ᠂ ᠤᠶᠢᠭᠤᠷᠵᠢᠨ ᠮᠣᠩᠭᠤᠯ ᠪᠢᠴᠢᠭ᠂ ᠮᠠᠨᠵᠤ ᠪᠢᠴᠢᠭ ᠢ ᠡᠳᠦᠭᠡ ᠴᠤ ᠭᠡᠰᠡᠨ ᠬᠡᠷᠡᠭᠯᠡᠭᠰᠡᠭᠡᠷ ᠪᠠᠶᠢᠨ᠎ᠠ᠃ ᠲᠠᠩ ᠤᠨ ᠲᠦᠷᠦ ᠪᠠᠶᠢᠭᠤᠯᠤᠭᠳᠠᠭᠠᠳ ᠳᠡᠮᠡᠢ ᠤᠳᠠᠭᠰᠠᠨ ᠦᠭᠡᠢ᠂ ᠵᠧᠨ ᠭᠤᠸᠠᠨ ᠤ ᠳᠦᠳᠦᠭᠡᠷ ᠤᠨ ︵630 ᠣᠨ︶᠎ ᠳᠤ᠂ ᠵᠡᠭᠦᠨ ᠲᠦᠷᠦᠭ ᠬᠠᠭᠠᠨᠳᠦ ᠤᠯᠤᠰ ᠢ ᠮᠥᠬᠦᠭᠡᠪᠡ᠃ ᠵᠡᠭᠦᠨ ᠲᠦᠷᠦᠭ ᠤᠨ ᠠᠷᠪᠠᠨ ᠲᠦᠮᠡᠨ ᠡᠷᠦᠬᠡ ᠲᠠᠩ ᠤᠯᠤᠰ ᠢ ᠳᠠᠭᠠᠵᠠᠢ᠃ ᠲᠠᠩ ᠤᠨ ᠲᠦᠷᠦ ᠠᠴᠠ ᠳᠠᠭᠠᠭᠰᠠᠨ ᠢᠷᠭᠡᠳ ᠢ ᠾᠧ ᠴᠢᠥᠢ ︵ᠭᠤᠣᠯ ᠤᠨ ᠲᠣᠬᠤᠢ ︶ ᠭᠠᠵᠠᠷ᠎ᠠ ᠨᠡᠭᠦᠯᠭᠡᠨ᠂ ᠨᠤᠭᠲᠤᠯᠠᠨ ᠬᠠᠮᠢᠶᠠᠷᠬᠤ ᠵᠸᠤ ② ᠪᠠᠶᠢᠭᠤᠯᠵᠤ ᠵᠠᠬᠢᠷᠪᠠ᠃ ᠲᠢᠶᠣᠣ ᠯᠦ ᠶᠢᠨ ᠲᠡᠷᠢᠭᠦᠨ ᠣᠨ ︵679 ᠣᠨ︶᠎ ᠎ ᠳᠤ᠂ ᠲᠠᠩ ᠤᠨ ᠲᠦᠷᠦ ᠠᠴᠠ ᠵᠡᠭᠦᠨ ᠲᠦᠷᠦᠭ ᠤᠨ ᠳᠠᠭᠠᠭᠰᠠᠨ ᠢᠷᠭᠡᠨ ᠤ ᠳᠣᠲᠣᠷᠠᠬᠢ ᠰᠣᠭᠳᠠ ᠬᠦᠮᠦᠰ ᠢ ᠯᠢᠩ᠂ ᠰᠢᠶᠠ ᠬᠤᠶᠠᠷ ᠵᠧᠦ ᠶᠢᠨ ᠬᠤᠭᠤᠷᠣᠨᠳᠣ ᠨᠡᠭᠦᠯᠭᠡᠨ᠂ ᠣᠪᠣᠭ ᠤᠭᠰᠠᠭ᠎ᠠ ᠪᠠᠷ ᠨᠢ ᠢᠯᠭᠠᠵᠤ᠂ ᠯᠦ᠂ ᠯᠢ᠂ ᠬᠠᠨ᠂ ᠰᠠᠢ᠂ ᠶᠢ᠂ ᠴᠢ ᠬᠡᠮᠡᠬᠦ ᠨᠤᠭᠲᠤᠯᠠᠨ ᠬᠠᠮᠢᠶᠠᠷᠬᠤ ᠵᠢᠷᠭᠤᠭᠠᠨ ᠵᠧᠦ ᠶᠢ ᠪᠠᠶᠢᠭᠤᠯᠤᠨ ᠵᠠᠬᠢᠷᠴᠠᠢ᠃ ᠡᠨᠡ ᠵᠢᠷᠭᠤᠭᠠᠨ ᠵᠧᠦ ᠶᠢᠨ ᠲᠣᠭᠲᠠᠨᠢᠵᠣ ᠠᠭᠰᠠᠨ ᠲᠡᠣᠬᠡᠨ ᠴᠠᠭ ᠦᠶ᠎ᠡ ︵679~704 ᠣᠨ︶᠎ ᠨᠢ ᠣᠬᠤᠷᠬᠠᠨ ᠪᠣᠯᠪᠠᠴᠣ ︽ᠬᠤᠷ ᠤᠨ ᠵᠢᠷᠭᠤᠬᠠᠨ ᠵᠧᠦ︾ ᠭᠡᠰᠡᠨ ᠨᠡᠷ᠎ᠡ ᠪᠠᠷ ᠲᠡᠤᠬᠡᠨ ᠳᠤ ᠦᠯᠡᠳᠡᠭᠰᠡᠨ ᠪᠠᠶᠢᠯ᠎ᠠ᠃      ᠬᠤᠷ ᠤᠨ ᠵᠢᠷᠭᠤᠬᠠᠨ ᠵᠧᠦ ᠶᠢᠨ ᠬᠤᠪᠢᠳᠠᠭᠰᠠᠨ ᠨᠤᠲᠤᠭ ᠨᠢ ᠡᠳᠦᠭᠡ ᠶᠢᠨ ᠥᠪᠥᠷ ᠮᠣᠩᠭᠤᠯ ᠤᠨ ᠣᠲᠤᠭ ᠤᠨ ᠡᠮᠦᠨᠡᠲᠦ ᠬᠤᠰᠢᠭᠤ᠂ ᠨᠢᠩᠰᠢᠶᠠ ᠶᠢᠨ ᠲᠡᠷᠭᠡ ᠰᠢᠶᠠᠨ ᠤ ᠭᠠᠵᠠᠷ ᠨᠤᠲᠤᠭ ᠪᠣᠯᠬᠤ ᠪᠦᠭᠡᠳ ᠵᠸᠦ ᠶᠢᠨ ᠵᠠᠬᠢᠷᠭᠠᠨ ᠤ ᠬᠤᠲᠠ ᠨᠢ ᠡᠨᠡ ᠬᠤᠶᠠᠷ ᠬᠤᠰᠢᠭᠤ ᠰᠢᠶᠠᠨ ᠤ ᠬᠠᠷᠢᠶᠠᠨ ᠳᠤ ᠪᠠᠶᠢᠭ᠎ᠠ ᠲᠠᠩ ᠤᠨ ᠦᠶ᠎ᠡ ᠶᠢᠨ ᠡᠷᠲᠡᠨ ᠤ ᠪᠠᠯᠭᠠᠳ ᠪᠠᠶᠢᠬ᠎ᠠ ᠭᠡᠵᠦ ᠮᠠᠭᠠᠳᠯᠠᠳᠠᠭ᠃ ᠬᠤᠷ ᠤᠨ ᠵᠢᠷᠭᠤᠬᠠᠨ ᠪᠠᠯᠭᠠᠳ ᠤᠨ ᠨᠢᠭᠡ ᠨᠢ ᠨᠢᠩᠰᠢᠶᠠ ᠶᠢᠨ ᠲᠡᠷᠭᠡ ᠰᠢᠶᠠᠨ ᠳᠤ ᠬᠠᠷᠢᠶᠠᠯᠠᠭᠳᠠᠬᠤ ᠡᠷᠲᠡᠨ ᠤ ᠰᠢᠩ ᠦ᠋ ᠬᠤᠲᠠ ᠪᠣᠯᠣᠨ᠎ᠠ᠂ ᠡᠨᠡ ᠬᠤᠲᠠ ᠨᠡᠯᠢᠶᠡᠳ ᠪᠦᠷᠢᠨ ᠪᠦᠲᠦᠨ ᠢᠶᠠᠷ ᠢᠶᠠᠨ ᠪᠠᠶᠢᠳᠠᠭ ᠤᠨ ᠤᠴᠢᠷ ᠪᠣᠯ ᠮᠢᠩ ᠤᠨ ᠦᠶ᠎ᠡ ᠳᠤ ᠰᠡᠯᠪᠢᠨ ᠵᠠᠰᠠᠭᠰᠠᠨ ᠤ᠂ ᠠᠳᠡ ᠲᠠᠨᠢᠯᠴᠠᠭᠤᠯᠬᠤ ᠦᠭᠡᠢ᠃ ᠣᠲᠤᠭ ᠤᠨ ᠡᠮᠦᠨᠡᠲᠦ ᠬᠤᠰᠢᠭᠤᠨ ᠤ ᠬᠢᠵᠠᠭᠠᠷ ᠲᠤ ᠣᠷᠣᠰᠢᠬᠤ 1.ᠤᠯᠠᠭᠠᠨ ᠳᠤᠪᠤᠩ ᠤᠨ ᠪᠠᠯᠭᠠᠰᠤ᠂ 2. ᠪᠠᠯᠠᠩ ᠤᠨ ᠰᠦᠮ᠎ᠡ ᠶᠢᠨ ᠪᠠᠯᠭᠠᠰᠤ᠂ 3. ᠡᠪᠳᠡᠷᠬᠡᠢ ᠪᠠᠯᠭᠠᠰᠤ᠂ 4. ᠴᠠᠭᠠᠨ ᠪᠠᠯᠭᠠᠰᠦ᠂ 5.ᠤᠯᠵᠠᠴᠢ ᠶᠢᠨ ᠪᠠᠯᠭᠠᠰᠦ᠂ 6. ᠳ᠋ᠠ ᠬᠦᠷᠢᠶ᠎ᠡ᠂ 7. ᠠᠷᠯᠠᠢ ᠶᠢᠨ ᠪᠠᠯᠭᠠᠰᠦ᠂ 8.ᠰᠦᠯᠳᠡ ᠶᠢᠨ ᠪᠠᠯᠭᠠᠰᠤ᠂ 9.ᠤᠭᠤᠲᠤᠷ ᠪᠠᠯᠭᠠᠰᠤ᠂ 10. ᠪᠠᠶᠠᠨ ᠬᠤᠷᠠᠬᠤ ᠶᠢᠨ ᠪᠠᠯᠭᠠᠰᠤ ᠵᠡᠷᠭᠡ ᠡᠳᠡᠭᠡᠷ ᠲᠠᠩ ᠤᠨ ᠦᠶ᠎ᠡ ᠶᠢᠨ ᠡᠷᠲᠡᠨ ᠤ ᠬᠤᠲᠠᠨ ᠤ ᠳᠣᠲᠣᠷ᠎ᠠ ᠦᠯᠡᠳᠡᠭᠰᠡᠨ ᠲᠠᠪᠤᠨ ᠬᠤᠷ ᠤᠨ ᠪᠠᠯᠭᠠᠳ ᠪᠠᠶᠢᠭ᠎ᠠ ᠨᠢ ᠮᠠᠭᠠᠳ ᠪᠣᠯᠪᠠᠴᠣ ᠴᠣᠬᠤᠮ ᠠᠯᠢ ᠠᠯᠢ ᠨᠢ ᠮᠦᠨ ᠪᠣᠯᠬᠤ ᠶᠢ ᠬᠠᠷᠠᠬᠠᠨ ᠨᠤᠲᠠᠯᠠᠭ᠎ᠠ ᠦᠭᠡᠢ᠃ ᠳᠤᠤᠷ᠎ᠠ ᠡᠳᠡᠭᠡᠷ ᠪᠠᠯᠭᠠᠰᠤ ᠶᠢ ᠲᠤᠪᠴᠢ ᠶᠢᠨ ᠲᠡᠳᠦᠢ ᠲᠠᠨᠢᠯᠴᠠᠭᠤᠯᠰᠤᠭᠠᠢ᠃     9. ᠤᠭᠤᠲᠤᠷ ᠪᠠᠯᠭᠠᠰᠤ      ᠤᠲᠤᠭ ᠤᠨ ᠡᠮᠦᠨᠡᠲᠦ ᠬᠤᠰᠢᠭᠤᠨ ᠤ ᠵᠢᠷᠠ ᠰᠤᠮᠤᠨ ᠤ ᠲᠠᠪᠤᠨᠲᠣᠯᠣᠭᠠᠢ ᠭᠠᠴᠠᠭᠠᠨ ᠳᠤ ᠪᠠᠶᠢᠭ᠎ᠠ ᠬᠠᠭᠤᠴᠢᠨ ᠬᠤᠲᠠ ᠶᠢ ︽ᠤᠭᠤᠲᠤᠷ ᠪᠠᠯᠭᠠᠰᠤ》ᠭᠡᠳᠡᠭ ᠪᠢᠯᠡ᠃     2005 ᠤᠨ ᠤ ᠪᠠᠶᠢᠴᠠᠭᠠᠯᠲᠠ ᠪᠠᠷ ᠬᠤᠲᠠᠨ ᠤ ᠤᠷᠴᠢᠮ ᠠᠴᠠ ᠰᠢᠷᠦᠭᠦᠨ ᠬᠠᠶᠢᠷ ᠤᠨ ᠬᠦᠬᠡ ᠸᠠᠭᠠᠷ᠂ ᠨᠠᠷᠢᠨ ᠬᠠᠶᠢᠷ ᠤᠨ ᠬᠦᠬᠡ ᠸᠠᠭᠠᠷ᠂ ᠰᠢᠪᠠᠷ ᠬᠢᠴᠡᠲᠡᠢ ᠬᠦᠬᠡ ᠸᠠᠭᠠᠷ ᠤᠨ ᠬᠠᠭᠠᠷᠬᠠᠢ ᠤᠯᠳᠠᠵᠠᠢ᠃ ᠬᠤᠲᠠᠨ ᠤ ᠬᠡᠪᠴᠢᠶ᠎ᠡ ᠪᠠᠭ᠎ᠠ᠂ ᠡᠯᠡᠰᠦᠨ ᠳᠤ ᠳᠠᠷᠤᠭᠳᠠᠵᠠᠢ᠃     10. ᠪᠠᠶᠠᠨ ᠬᠤᠷᠠᠬᠤ ᠶᠢᠨ ᠪᠠᠯᠭᠠᠰᠤ      ᠤᠲᠤᠭ ᠤᠨ ᠡᠮᠦᠨᠡᠲᠦ ᠬᠤᠰᠢᠭᠤᠨ ᠤ ᠴᠠᠭᠠᠨ ᠲᠤᠯᠤᠭᠠᠢ ᠰᠤᠮᠤᠨ ᠤ ᠵᠡᠭᠦᠨ ᠡᠮᠦᠨ᠎ᠡ 20km᠎ ᠲᠤ᠂ ᠪᠠᠶᠠᠨ ᠬᠤᠷᠠᠬᠤ ᠭᠠᠴᠠᠭᠠᠨ ᠳᠤ ᠪᠠᠶᠢᠷᠢᠰᠢᠨ᠎ᠠ᠂ ᠡᠯᠡᠰᠦᠨ ᠳᠤ ᠬᠤᠴᠢᠭᠳᠠᠵᠠᠢ᠃      ᠬᠤᠲᠠ ᠶᠢᠨ ᠪᠠᠶᠢᠳᠠᠯ ᠤᠷᠲᠤ ᠳᠦᠷᠪᠡᠯᠵᠢᠨ᠂ ᠵᠡᠭᠦᠨᠰᠢ ᠪᠠᠷᠠᠭᠤᠨᠰᠢ ᠪᠠᠨ 305m᠂ ᠡᠮᠦᠨᠡᠰᠢ ᠬᠤᠶᠢᠰᠢ ᠪᠠᠨ 605m᠂ ᠬᠦᠷᠢᠶᠡᠨ ᠤ ᠤᠷᠲᠤ 1820m᠃ ᠬᠡᠷᠡᠮ ᠤᠨ ᠦᠷᠭᠡᠨ 8m᠂ ᠦᠨᠳᠦᠷ 2~6m᠂ ᠴᠢᠭ᠍ᠵᠢᠵᠤ ᠴᠤᠭᠴᠠᠯᠠᠵᠠᠢ᠃ ᠵᠡᠭᠦᠨ᠂ ᠡᠮᠦᠨ᠎ᠡ᠂ ᠪᠠᠷᠠᠭᠤᠨ ᠲᠠᠯ᠎ᠠ ᠳᠠᠭᠠᠨ ᠬᠠᠭᠠᠯᠭ᠎ᠠ ᠲᠠᠢ᠂ ᠦᠨᠴᠦᠭ ᠤᠨ ᠠᠰᠠᠷ ᠲᠠᠢ᠂ ᠬᠠᠮᠠᠷ ᠬᠡᠷᠡᠮ ᠲᠠᠢ᠃ ᠡᠮᠦᠨ᠎ᠡ ᠬᠠᠭᠠᠯᠭᠠᠨ ᠳᠤᠨᠢ ᠪᠤᠲᠤᠩ ᠬᠤᠲᠠ ᠲᠠᠢ᠃      ᠬᠤᠲᠠᠨ ᠤ ᠳᠤᠲᠤᠷᠠᠬᠢ ᠥᠩᠭᠡᠨ ᠬᠥᠷᠥᠰᠥᠨ ᠠᠴᠠ ᠸᠠᠭᠠᠷ ᠤᠨ ᠬᠠᠭᠠᠷᠬᠠᠢ᠂ ᠲᠡᠮᠦᠷ ᠤᠨ ᠦᠯᠳᠦᠷᠬᠡᠢ᠂ ᠠᠮᠢᠲᠠᠨ ᠤ ᠶᠠᠰᠤᠨ ᠤ ᠬᠡᠮᠬᠡᠷᠬᠡᠢ ᠵᠡᠷᠭᠡ ᠣᠯᠳᠠᠨ᠎ᠠ ᠂ ᠭᠤᠣᠯᠳᠠᠭᠤ ᠬᠤᠲᠠ ᠶᠢᠨ ᠬᠡᠷᠡᠮ ᠤᠨ ᠬᠠᠪᠢ ᠪᠠᠷ ᠳᠠᠷᠬᠠᠵᠤ ᠪᠠᠶᠢᠨ᠎ᠠ᠃      ᠬᠤᠷ ᠤᠨ ᠵᠢᠷᠭᠤᠭᠠᠨ ᠵᠸᠤ ᠪᠠᠶᠢᠭᠤᠯᠤᠭᠳᠠᠭᠰᠠᠨ ᠤ ᠳᠠᠷᠠᠭ᠎ᠠ ᠲᠠᠩ ᠤᠨ ᠲᠦᠷᠦ ᠠᠴᠠ ᠠᠶᠢᠮᠠᠭ ᠤᠭᠰᠠᠭ᠎ᠠ ᠶᠢ ᠨᠢ ᠰᠠᠯᠭᠠᠬᠤ᠂ ᠬᠠᠷᠢᠶᠠᠲᠦ ᠢᠷᠭᠡᠨ ᠪᠤᠰᠤ ᠬᠠᠷᠢ ᠶᠢᠨ ᠠᠯᠪᠠᠲᠦ ᠪᠣᠯᠭᠠᠬᠤ᠂ ᠲᠠᠩ ᠤᠨ ᠬᠦᠮᠦᠨ ᠢᠶᠠᠷ ᠵᠠᠬᠢᠷᠤᠭᠴᠢ ᠳᠦᠰᠢᠮᠡᠯ ᠲᠣᠮᠢᠯᠠᠬᠤ ᠵᠡᠷᠭᠡ ᠪᠣᠳᠣᠯᠭ᠎ᠠ ᠪᠠᠷ ᠡᠷᠬᠡᠰᠢᠶᠠᠨ ᠵᠠᠬᠢᠷᠪᠠ᠃ ᠴᠠᠩ ᠠᠨ ᠤ ᠳᠦᠳᠦᠭᠡᠷ ᠣᠨ ︵704 ᠣᠨ︶᠎ ᠎ ᠳᠤ ᠬᠤᠷ ᠤᠨ ᠵᠢᠷᠭᠤᠭᠠᠨ ᠵᠸᠤ ᠶᠢ ᠺᠣᠸᠠᠩ᠂ ᠴᠠᠩ ᠬᠤᠶᠠᠷ ᠵᠸᠤ ᠪᠤᠯᠭᠠᠵᠤ ᠦᠭᠡᠷᠡᠴᠢᠯᠡᠪᠡ᠃  ᠺᠠᠢ ᠶᠤᠸᠠᠨ ᠤ ᠶᠢᠰᠦᠳᠦᠭᠡᠷ ᠣᠨ ︵721 ᠣᠨ︶᠎ ᠎ ᠤ ᠳᠦᠷᠪᠡᠳᠦᠭᠡᠷ ᠰᠠᠷ᠎ᠠ ᠳᠤ ᠬᠤᠷ ᠤᠨ ᠵᠢᠷᠭᠤᠭᠠᠨ ᠵᠸᠤ ᠶᠢᠨ ᠺᠠᠩ ᠳ᠋ᠠᠢ ᠪᠢᠨ ᠲᠡᠷᠢᠭᠦᠲᠡᠢ ᠠᠷᠠᠳ ᠤᠨ ᠲᠠᠩ ᠢ ᠡᠰᠡᠷᠭᠦᠴᠡᠭᠰᠡᠨ ᠪᠣᠰᠣᠯᠭ᠎ᠠ ᠡᠭᠦᠰᠪᠡ᠂ ᠲᠡᠤᠬᠡᠨ ᠳᠤ《ᠺᠠᠩ ᠳ᠋ᠠᠢ ᠪᠢᠨ ᠤ ᠦᠢᠮᠡᠭᠡᠨ》ᠭᠡᠳᠡᠭ᠃ ᠺᠠᠢ ᠶᠤᠸᠠᠨ ᠤ ᠠᠷᠪᠠᠳᠤᠭᠠᠷ ᠣᠨ ︵722 ᠣᠨ︶᠎ ᠎ ᠤ ᠶᠢᠰᠦᠳᠦᠭᠡᠷ ᠰᠠᠷ᠎ᠠ ᠳᠤ ᠤᠭ ᠪᠣᠰᠣᠯᠭ᠎ᠠ ᠪᠦᠷᠢᠮᠦᠰᠦᠨ ᠳᠠᠷᠤᠭᠳᠠᠪᠠ᠃ ᠲᠠᠩ ᠤᠨ ᠲᠦᠷᠦ ᠠᠴᠠ ᠬᠤᠷ ᠤᠨ ᠵᠢᠷᠭᠤᠭᠠᠨ ᠵᠸᠤ ᠶᠢᠨ ᠰᠤᠬᠳᠠ ᠬᠦᠮᠦᠰ ᠢ ᠪᠠᠭᠲᠠᠭᠠᠭᠰᠠᠨ ᠾᠧ ᠴᠢᠥᠢ ︵ᠭᠤᠣᠯ ᠤᠨ ᠲᠣᠬᠤᠢ︶ ᠤᠷᠤᠨ ᠤ ᠵᠢᠷᠭᠤᠭᠠᠨ ᠵᠸᠤ ᠶᠢᠨ ᠲᠠᠪᠤᠨ ᠲᠦᠮᠡᠨ ᠡᠷᠦᠬᠡ ᠬᠤᠷ ᠬᠦᠮᠦᠰ ᠪᠦᠭᠦᠳᠡ ᠶᠢ ᠮᠢᠩᠭᠠᠨ ᠭᠠᠵᠠᠷ ᠤᠨ ᠬᠤᠯᠠ ᠳᠠᠬᠢ ᠡᠳᠦᠭᠡ ᠶᠢᠨ ᠾᠧᠨᠠᠨ ᠮᠤᠵᠢ ᠶᠢᠨ ᠰᠢᠦᠢ ᠴᠠᠩ᠂ ᠯᠢᠨ ᠷᠦ᠋᠂ ᠳ᠋ᠧᠩ ᠰᠢᠶᠠᠨ᠂ ᠦ᠋ ᠶᠠᠩ᠂ ᠷᠦ᠋ ᠨᠠᠨ ᠵᠡᠷᠭᠡ ᠶᠢᠨ ᠭᠠᠵᠠᠷ ᠢᠶᠠᠷ ᠪᠤᠲᠠᠷᠠᠭᠠᠨ ᠴᠦᠯᠡᠪᠡ᠃ ᠡᠭᠦᠨᠴᠡ ᠬᠤᠷ ᠤᠨ ᠵᠢᠷᠭᠤᠭᠠᠨ ᠪᠠᠯᠭᠠᠳ ᠠᠭᠠᠵᠢᠮ ᠢᠶᠠᠷ ᠡᠵᠡᠬᠦᠶᠢᠷᠡᠨ ᠬᠠᠶᠠᠭᠳᠠᠪᠠᠢ᠃      ᠮᠢᠩᠭ᠎ᠠ ᠭᠤᠷᠪᠠᠨ ᠵᠠᠭᠤ ᠭᠠᠷᠤᠢ ᠵᠢᠯ ᠤᠨ ᠰᠠᠯᠬᠢᠨ ᠪᠣᠷᠣᠭᠠᠨ ᠢ ᠦᠩᠭᠡᠷᠡᠭᠡᠭᠰᠡᠨ ᠬᠤᠷ ᠤᠨ ᠵᠢᠷᠭᠤᠭᠠᠨ ᠪᠠᠯᠭᠠᠳ ᠪᠠᠯᠠᠷᠬᠠᠢ ᠤᠷᠤᠮ᠂ ᠨᠤᠷᠠᠩᠬᠠᠢ ᠬᠡᠷᠡᠮ᠂ ᠡᠪᠳᠡᠷᠬᠡᠢ ᠲᠤᠭᠤᠰᠬ᠎ᠠ᠂ ᠡᠮᠲᠡᠷᠬᠡᠢ ᠸᠠᠭᠠᠷ ᠢᠶᠠᠷ ᠢᠶᠠᠨ ᠡᠷᠲᠡ ᠤᠵᠤᠭᠤᠷ  ᠤᠨ ᠦᠦᠬᠡ ᠲᠡᠤᠬᠡ ᠪᠠᠨ ᠥᠭᠦᠯᠡᠵᠦ ᠦᠵᠡᠭᠦᠯᠦᠭᠰᠡᠭᠡᠷ ᠠᠵᠤᠭᠤ᠃ 
ᠢᠷᠡᠯᠲᠡ᠄ ᠣᠭᠤᠨᠣᠰ ᠵᠢᠷᠭᠠᠯᠲᠦ