ᠬᠤᠷ ᠤᠨ ᠵᠢᠷᠭᠤᠭᠠᠨ ᠪᠠᠯᠭᠠᠳ —  ᠤᠯᠵᠠᠴᠢ ᠶᠢᠨ ᠪᠠᠯᠭᠠᠰᠦ
ᠨᠡᠶᠢᠲᠡᠯᠡᠭᠰᠡᠨ ᠴᠠᠭ᠄
2022/9/28
      ᠳᠡᠯᠡᠬᠡᠢ ᠶᠢᠨ ᠪᠣᠯᠪᠠᠰᠣᠨ ᠤ ᠠᠭᠤᠯᠵᠠᠷ ᠭᠡᠭᠳᠡᠳᠡᠭ ᠠᠮᠤᠳᠠᠷᠶ᠎ᠠ ᠰᠢᠷᠳᠠᠷᠶ᠎ᠠ ᠬᠤᠶᠠᠷ ᠭᠤᠤᠯ ᠤᠨ ᠬᠤᠭᠤᠷᠣᠨᠳᠣ ᠢᠳᠡᠭᠡᠰᠢᠨ ᠠᠮᠢᠳᠤᠷᠠᠵᠤ  ᠠᠭᠰᠠᠨ ᠰᠤᠭᠲᠠ ᠬᠦᠮᠦᠰ ᠪᠣᠯ ᠨᠢᠳᠦ ᠭᠢᠯᠠᠰᠣᠮ᠎ᠠ ᠲᠡᠤᠬᠡ ᠰᠣᠶᠣᠯ ᠲᠠᠢ ᠡᠷᠲᠡᠨ ᠤ ᠦᠨᠳᠦᠰᠦᠲᠡᠨ ᠶᠠᠰᠤᠲᠠᠨ ᠤ ᠨᠢᠭᠡᠨ ᠪᠢᠯᠡ᠃ ᠰᠣᠭᠳᠠ ᠪᠢᠴᠢᠭ ᠠᠴᠠ ᠡᠭᠦᠰᠦᠨ ᠬᠤᠪᠢᠰᠴᠦ ᠢᠷᠡᠭᠰᠡᠨ ᠤᠶᠢᠭᠤᠷᠵᠢᠨ ᠪᠢᠴᠢᠭ᠂ ᠤᠶᠢᠭᠤᠷᠵᠢᠨ ᠮᠣᠩᠭᠤᠯ ᠪᠢᠴᠢᠭ᠂ ᠮᠠᠨᠵᠤ ᠪᠢᠴᠢᠭ ᠢ ᠡᠳᠦᠭᠡ ᠴᠤ ᠭᠡᠰᠡᠨ ᠬᠡᠷᠡᠭᠯᠡᠭᠰᠡᠭᠡᠷ ᠪᠠᠶᠢᠨ᠎ᠠ᠃ ᠲᠠᠩ ᠤᠨ ᠲᠦᠷᠦ ᠪᠠᠶᠢᠭᠤᠯᠤᠭᠳᠠᠭᠠᠳ ᠳᠡᠮᠡᠢ ᠤᠳᠠᠭᠰᠠᠨ ᠦᠭᠡᠢ᠂ ᠵᠧᠨ ᠭᠤᠸᠠᠨ ᠤ ᠳᠦᠳᠦᠭᠡᠷ ᠤᠨ ︵630 ᠣᠨ︶ ᠳᠤ᠂ ᠵᠡᠭᠦᠨ ᠲᠦᠷᠦᠭ ᠬᠠᠭᠠᠨᠳᠦ ᠤᠯᠤᠰ ᠢ ᠮᠥᠬᠦᠭᠡᠪᠡ᠃ ᠵᠡᠭᠦᠨ ᠲᠦᠷᠦᠭ ᠤᠨ ᠠᠷᠪᠠᠨ ᠲᠦᠮᠡᠨ ᠡᠷᠦᠬᠡ ᠲᠠᠩ ᠤᠯᠤᠰ ᠢ ᠳᠠᠭᠠᠵᠠᠢ᠃ ᠲᠠᠩ ᠤᠨ ᠲᠦᠷᠦ ᠠᠴᠠ ᠳᠠᠭᠠᠭᠰᠠᠨ ᠢᠷᠭᠡᠳ ᠢ ᠾᠧ ᠴᠢᠥᠢ ︵ᠭᠤᠣᠯ ᠤᠨ ᠲᠣᠬᠤᠢ ︶ ᠭᠠᠵᠠᠷ᠎ᠠ ᠨᠡᠭᠦᠯᠭᠡᠨ᠂ ᠨᠤᠭᠲᠤᠯᠠᠨ ᠬᠠᠮᠢᠶᠠᠷᠬᠤ ᠵᠸᠤ ② ᠪᠠᠶᠢᠭᠤᠯᠵᠤ ᠵᠠᠬᠢᠷᠪᠠ᠃ ᠲᠢᠶᠣᠣ ᠯᠦ ᠶᠢᠨ ᠲᠡᠷᠢᠭᠦᠨ ᠣᠨ ︵679 ᠣᠨ︶  ᠳᠤ᠂ ᠲᠠᠩ ᠤᠨ ᠲᠦᠷᠦ ᠠᠴᠠ ᠵᠡᠭᠦᠨ ᠲᠦᠷᠦᠭ ᠤᠨ ᠳᠠᠭᠠᠭᠰᠠᠨ ᠢᠷᠭᠡᠨ ᠤ ᠳᠣᠲᠣᠷᠠᠬᠢ ᠰᠣᠭᠳᠠ ᠬᠦᠮᠦᠰ ᠢ ᠯᠢᠩ᠂ ᠰᠢᠶᠠ ᠬᠤᠶᠠᠷ ᠵᠧᠦ ᠶᠢᠨ ᠬᠤᠭᠤᠷᠣᠨᠳᠣ ᠨᠡᠭᠦᠯᠭᠡᠨ᠂ ᠣᠪᠣᠭ ᠤᠭᠰᠠᠭ᠎ᠠ ᠪᠠᠷ ᠨᠢ ᠢᠯᠭᠠᠵᠤ᠂ ᠯᠦ᠂ ᠯᠢ᠂ ᠬᠠᠨ᠂ ᠰᠠᠢ᠂ ᠶᠢ᠂ ᠴᠢ ᠬᠡᠮᠡᠬᠦ ᠨᠤᠭᠲᠤᠯᠠᠨ ᠬᠠᠮᠢᠶᠠᠷᠬᠤ ᠵᠢᠷᠭᠤᠭᠠᠨ ᠵᠧᠦ ᠶᠢ ᠪᠠᠶᠢᠭᠤᠯᠤᠨ ᠵᠠᠬᠢᠷᠴᠠᠢ᠃ ᠡᠨᠡ ᠵᠢᠷᠭᠤᠭᠠᠨ ᠵᠧᠦ ᠶᠢᠨ ᠲᠣᠭᠲᠠᠨᠢᠵᠣ ᠠᠭᠰᠠᠨ ᠲᠡᠣᠬᠡᠨ ᠴᠠᠭ ᠦᠶ᠎ᠡ ︵679~704 ᠣᠨ︶ ᠨᠢ ᠣᠬᠤᠷᠬᠠᠨ ᠪᠣᠯᠪᠠᠴᠣ ︽ᠬᠤᠷ ᠤᠨ ᠵᠢᠷᠭᠤᠬᠠᠨ ᠵᠧᠦ︾ ᠭᠡᠰᠡᠨ ᠨᠡᠷ᠎ᠡ ᠪᠠᠷ ᠲᠡᠤᠬᠡᠨ ᠳᠤ ᠦᠯᠡᠳᠡᠭᠰᠡᠨ ᠪᠠᠶᠢᠯ᠎ᠠ᠃      ᠬᠤᠷ ᠤᠨ ᠵᠢᠷᠭᠤᠬᠠᠨ ᠵᠧᠦ ᠶᠢᠨ ᠬᠤᠪᠢᠳᠠᠭᠰᠠᠨ ᠨᠤᠲᠤᠭ ᠨᠢ ᠡᠳᠦᠭᠡ ᠶᠢᠨ ᠥᠪᠥᠷ ᠮᠣᠩᠭᠤᠯ ᠤᠨ ᠣᠲᠤᠭ ᠤᠨ ᠡᠮᠦᠨᠡᠲᠦ ᠬᠤᠰᠢᠭᠤ᠂ ᠨᠢᠩᠰᠢᠶᠠ ᠶᠢᠨ ᠲᠡᠷᠭᠡ ᠰᠢᠶᠠᠨ ᠤ ᠭᠠᠵᠠᠷ ᠨᠤᠲᠤᠭ ᠪᠣᠯᠬᠤ ᠪᠦᠭᠡᠳ ᠵᠸᠦ ᠶᠢᠨ ᠵᠠᠬᠢᠷᠭᠠᠨ ᠤ ᠬᠤᠲᠠ ᠨᠢ ᠡᠨᠡ ᠬᠤᠶᠠᠷ ᠬᠤᠰᠢᠭᠤ ᠰᠢᠶᠠᠨ ᠤ ᠬᠠᠷᠢᠶᠠᠨ ᠳᠤ ᠪᠠᠶᠢᠭ᠎ᠠ ᠲᠠᠩ ᠤᠨ ᠦᠶ᠎ᠡ ᠶᠢᠨ ᠡᠷᠲᠡᠨ ᠤ ᠪᠠᠯᠭᠠᠳ ᠪᠠᠶᠢᠬ᠎ᠠ ᠭᠡᠵᠦ ᠮᠠᠭᠠᠳᠯᠠᠳᠠᠭ᠃ ᠬᠤᠷ ᠤᠨ ᠵᠢᠷᠭᠤᠬᠠᠨ ᠪᠠᠯᠭᠠᠳ ᠤᠨ ᠨᠢᠭᠡ ᠨᠢ ᠨᠢᠩᠰᠢᠶᠠ ᠶᠢᠨ ᠲᠡᠷᠭᠡ ᠰᠢᠶᠠᠨ ᠳᠤ ᠬᠠᠷᠢᠶᠠᠯᠠᠭᠳᠠᠬᠤ ᠡᠷᠲᠡᠨ ᠤ ᠰᠢᠩ ᠦ᠋ ᠬᠤᠲᠠ ᠪᠣᠯᠣᠨ᠎ᠠ᠂ ᠡᠨᠡ ᠬᠤᠲᠠ ᠨᠡᠯᠢᠶᠡᠳ ᠪᠦᠷᠢᠨ ᠪᠦᠲᠦᠨ ᠢᠶᠠᠷ ᠢᠶᠠᠨ ᠪᠠᠶᠢᠳᠠᠭ ᠤᠨ ᠤᠴᠢᠷ ᠪᠣᠯ ᠮᠢᠩ ᠤᠨ ᠦᠶ᠎ᠡ ᠳᠤ ᠰᠡᠯᠪᠢᠨ ᠵᠠᠰᠠᠭᠰᠠᠨ ᠤ᠂ ᠠᠳᠡ ᠲᠠᠨᠢᠯᠴᠠᠭᠤᠯᠬᠤ ᠦᠭᠡᠢ᠃ ᠣᠲᠤᠭ ᠤᠨ ᠡᠮᠦᠨᠡᠲᠦ ᠬᠤᠰᠢᠭᠤᠨ ᠤ ᠬᠢᠵᠠᠭᠠᠷ ᠲᠤ ᠣᠷᠣᠰᠢᠬᠤ 1.ᠤᠯᠠᠭᠠᠨ ᠳᠤᠪᠤᠩ ᠤᠨ ᠪᠠᠯᠭᠠᠰᠤ᠂ 2. ᠪᠠᠯᠠᠩ ᠤᠨ ᠰᠦᠮ᠎ᠡ ᠶᠢᠨ ᠪᠠᠯᠭᠠᠰᠤ᠂ 3. ᠡᠪᠳᠡᠷᠬᠡᠢ ᠪᠠᠯᠭᠠᠰᠤ᠂ 4. ᠴᠠᠭᠠᠨ ᠪᠠᠯᠭᠠᠰᠦ᠂ 5.ᠤᠯᠵᠠᠴᠢ ᠶᠢᠨ ᠪᠠᠯᠭᠠᠰᠦ᠂ 6. ᠳ᠋ᠠ ᠬᠦᠷᠢᠶ᠎ᠡ᠂ 7. ᠠᠷᠯᠠᠢ ᠶᠢᠨ ᠪᠠᠯᠭᠠᠰᠦ᠂ 8.ᠰᠦᠯᠳᠡ ᠶᠢᠨ ᠪᠠᠯᠭᠠᠰᠤ᠂ 9.ᠤᠭᠤᠲᠤᠷ ᠪᠠᠯᠭᠠᠰᠤ᠂ 10. ᠪᠠᠶᠠᠨ ᠬᠤᠷᠠᠬᠤ ᠶᠢᠨ ᠪᠠᠯᠭᠠᠰᠤ ᠵᠡᠷᠭᠡ ᠡᠳᠡᠭᠡᠷ ᠲᠠᠩ ᠤᠨ ᠦᠶ᠎ᠡ ᠶᠢᠨ ᠡᠷᠲᠡᠨ ᠤ ᠬᠤᠲᠠᠨ ᠤ ᠳᠣᠲᠣᠷ᠎ᠠ ᠦᠯᠡᠳᠡᠭᠰᠡᠨ ᠲᠠᠪᠤᠨ ᠬᠤᠷ ᠤᠨ ᠪᠠᠯᠭᠠᠳ ᠪᠠᠶᠢᠭ᠎ᠠ ᠨᠢ ᠮᠠᠭᠠᠳ ᠪᠣᠯᠪᠠᠴᠣ ᠴᠣᠬᠤᠮ ᠠᠯᠢ ᠠᠯᠢ ᠨᠢ ᠮᠦᠨ ᠪᠣᠯᠬᠤ ᠶᠢ ᠬᠠᠷᠠᠬᠠᠨ ᠨᠤᠲᠠᠯᠠᠭ᠎ᠠ ᠦᠭᠡᠢ᠃ ᠳᠤᠤᠷ᠎ᠠ ᠡᠳᠡᠭᠡᠷ ᠪᠠᠯᠭᠠᠰᠤ ᠶᠢ ᠲᠤᠪᠴᠢ ᠶᠢᠨ ᠲᠡᠳᠦᠢ ᠲᠠᠨᠢᠯᠴᠠᠭᠤᠯᠰᠤᠭᠠᠢ᠃     5. ᠤᠯᠵᠠᠴᠢ ᠶᠢᠨ ᠪᠠᠯᠭᠠᠰᠦ      ᠤᠲᠤᠭ ᠤᠨ ᠡᠮᠦᠨᠡᠲᠦ ᠬᠤᠰᠢᠭᠤᠨ ᠤ ᠤᠯᠵᠠᠴᠢ ᠪᠠᠯᠭᠠᠰᠤᠨ ᠤ ᠬᠤᠶᠢᠲᠠᠢ ᠪᠠᠶᠢᠭ᠎ᠠ ᠡᠷᠲᠡᠨ ᠤ ᠤᠯᠵᠠᠴᠢ ᠶᠢᠨ ᠪᠠᠯᠭᠠᠰᠦ ᠶᠢ ᠪᠠᠰᠠ ᠪᠤᠷᠤ ᠪᠠᠯᠭᠠᠰᠦ ᠭᠡᠳᠡᠭ ᠪᠢᠯᠡ᠃ ᠬᠤᠲᠠ ᠶᠢᠨ ᠬᠡᠷᠡᠮ ᠵᠡᠭᠦᠨᠰᠢ ᠪᠠᠷᠠᠭᠤᠨᠰᠢ ᠪᠠᠨ 396m᠂ ᠡᠮᠦᠨᠡᠰᠢ ᠬᠤᠶᠢᠰᠢ ᠪᠠᠨ 420m᠂ ᠬᠦᠷᠢᠶᠡᠨ ᠤ ᠤᠷᠲᠤ 1632m᠂ ᠴᠢᠭ᠍ᠵᠢᠵᠤ ᠴᠤᠭᠴᠠᠯᠠᠵᠠᠢ᠃ ᠬᠤᠶᠢᠳᠤ ᠬᠡᠷᠡᠮ ᠤᠨ ᠪᠠᠷᠠᠭᠤᠨ ᠬᠡᠰᠡᠭ᠂ ᠪᠠᠷᠠᠭᠤᠨ ᠬᠡᠷᠡᠮ ᠤᠨ ᠬᠤᠶᠢᠳᠤ ᠬᠡᠰᠡᠭ ᠨᠢ ᠲᠤᠳᠤᠷᠬᠠᠢ ᠲᠠᠨᠢᠭᠳᠠᠨ᠎ᠠ᠂ ᠪᠤᠰᠤᠳ ᠨᠢ ᠡᠯᠡᠰᠦᠨ ᠳᠤ ᠬᠤᠴᠢᠭᠳᠠᠵᠠᠢ᠃     ᠬᠤᠲᠠᠨ ᠤ ᠳᠤᠲᠤᠷ᠎ᠠ ᠠᠴᠠ ᠺᠠᠢ ᠶᠤᠸᠠᠨ ᠲᠥᠩ ᠪᠣᠣ ᠭᠠᠤᠯᠢᠨ ᠵᠤᠭᠤᠰ ᠤᠯᠪᠤᠷᠢᠯᠠᠭᠰᠠᠨ᠂ ᠬᠤᠲᠠ ᠶᠢᠨ ᠤᠷᠴᠢᠮ ᠠᠴᠠ ᠲᠠᠩ ᠤᠯᠤᠰ ᠤᠨ ᠪᠤᠯᠠᠰᠢ ᠶᠢ ᠢᠯᠡᠷᠡᠭᠦᠯᠦᠭᠰᠡᠨ ᠵᠡᠷᠭᠡ ᠠᠴᠠ ᠲᠠᠩ ᠤᠯᠤᠰ᠂ ᠪᠠᠷᠠᠭᠤᠨ ᠰᠢᠶᠠ ᠶᠢᠨ ᠦᠶ᠎ᠡ ᠶᠢᠨ ᠬᠤᠲᠠ ᠪᠤᠯᠪᠠ ᠤᠤ ᠬᠡᠮᠡᠨ ᠦᠵᠡᠳᠡᠭ᠃
ᠢᠷᠡᠯᠲᠡ᠄ ᠣᠭᠤᠨᠣᠰ ᠵᠢᠷᠭᠠᠯᠲᠦ