ᠨᠦᠭᠡᠨ ᠬᠠᠳᠠ ᠶᠢᠨ ᠭᠤᠤᠯ ᠳᠠᠬᠢ ᠬᠠᠳᠠᠨ ᠵᠢᠷᠤᠭ
ᠨᠡᠶᠢᠲᠡᠯᠡᠭᠰᠡᠨ ᠴᠠᠭ᠄
2022/9/29
2022-09-20-24921ad266-9069-4c10-b1cc-3e9cec57accf.jpg     
      ᠵᠢᠷᠤᠭ 1     ᠱᠠᠨᠰᠢ ᠮᠤᠵᠢ ᠶᠢᠨ ᠳᠡᠮᠡᠭᠡᠳᠤ ᠬᠤᠳᠠ ᠢᠢᠨ ᠰᠠᠶᠢᠨᠳᠤᠷ᠎ᠠ ᠬᠤᠳᠠ ᠶᠢᠨ ᠰᠦᠨ ᠵᠢᠶᠠ ᠴᠠ ᠪᠠᠯᠭᠠᠰᠤᠨ ᠤ ᠤᠤᠯ ᠤᠨ  ᠸᠠᠩ ᠯᠦᠸᠧ ᠭᠸᠤ ᠶᠡᠭᠡ ᠪᠠᠷᠢᠭᠠᠳᠠ᠂ ᠤᠳᠤ ᠶᠢᠨ ᠶᠠᠨ ᠵᠢᠶᠠ ᠲᠠ ᠳᠤᠰᠬᠤᠨ ᠤ ᠸᠠᠩ ᠯᠦᠸᠧ ᠭᠸᠤ ᠳᠤᠭᠤᠶᠢᠯᠠᠩ ᠤᠨ  ᠨᠤᠳᠤᠭ ᠲᠤ ︽ᠬᠠᠳᠠᠨ ᠵᠢᠷᠤᠭ︾᠎ ᠲᠠᠢ ᠨᠢᠭᠡᠨ ᠭᠠᠵᠠᠷ ᠪᠠᠶᠢᠳᠠᠭ᠂ ︽ᠳᠡᠮᠡᠭᠡᠳᠤ ᠬᠤᠳᠠ ᠶᠢᠨ ᠭᠠᠵᠠᠷ ᠤᠨ ᠵᠢᠷᠤᠭ ᠤᠨ  ᠳᠠᠪᠳᠠᠷ ︵2011 ᠤᠨ ᠤ 7 ᠰᠠᠷ᠎ᠠ ᠶᠢᠨ ᠬᠤᠶᠠᠳᠤᠭᠠᠷ ᠤᠳᠠᠭᠠᠨ ᠤ ᠭᠡᠪᠯᠡᠯ ᠤᠨ 9 ᠳ᠋ᠤᠭᠡᠷ ᠬᠠᠭᠤᠳᠠᠰᠤ︶ ᠳᠡᠭᠡᠷ᠎ᠡ  ᠳᠡᠬᠦᠨ ᠢ ︽王乐沟岩画︾ ᠭᠡᠵᠤ ᠢᠯᠡᠳᠭᠡᠭᠰᠡᠨ ᠪᠠᠶᠢᠳᠠᠭ᠃ ᠡᠨᠡ ᠰᠦᠪᠡᠭᠴᠢ ᠪᠠᠷ ᠮᠠᠰᠢᠪᠢᠯᠢᠭ ᠪᠢᠳᠠ  ᠬᠤᠶᠠᠭᠤᠯᠠ 2013 ᠤᠨ ᠤ 9 ᠰᠠᠷ᠎ᠠ ᠶᠢᠨ 5᠎ ᠤ ᠡᠳᠥᠷ ᠤᠨ ᠦᠳᠡ ᠶᠢᠨ ᠬᠤᠶᠢᠨ᠎ᠠ ᠳᠤᠬᠠᠢ ᠶᠢᠨ ᠭᠠᠵᠠᠷ ᠲᠤᠨᠢ ᠬᠦᠷᠴᠥ  ᠪᠠᠶᠢᠷᠢᠰᠢᠯ ᠢ ᠨᠢ ᠳᠡᠮᠳᠡᠭᠯᠡᠵᠥ ᠵᠢᠷᠤᠭ ᠰᠡᠬᠦᠳᠡᠷ ᠠᠪᠤᠭᠰᠠᠨ ᠶᠤᠮ᠃  
2022-09-20-526d34c953-96ad-4ec5-8fdc-6eb17d340297.jpg
      ᠵᠢᠷᠤᠭ 2      ᠡᠨᠡ ᠵᠢᠷᠤᠭ ᠨᠢ ᠪᠠᠷᠠᠭᠤᠨ ᠠᠴᠠ ᠵᠡᠭᠦᠨᠰᠢ ᠢᠷᠡᠭᠡᠳ ᠵᠡᠬᠦᠨ ᠡᠮᠥᠨᠡᠰᠢ ᠪᠠᠨ ᠨᠤᠭᠤᠷᠠᠭᠰᠠᠨ ᠭᠤᠤᠯ ᠤᠨ ᠬᠤᠶᠢᠳᠤ  ᠡᠷᠬᠢᠨ ᠳᠠᠬᠢ ᠵᠠᠬᠦᠨ ᠡᠮᠥᠨᠡᠰᠢ ᠬᠠᠨᠳᠤᠭᠰᠠᠨ ᠬᠠᠯᠢᠯ ᠬᠠᠳᠠ ᠲᠠᠢ ᠪᠤᠯᠤᠩ ᠭᠠᠵᠠᠷ ᠤᠨ ᠬᠠᠨᠠᠨ ᠳᠡᠭᠡᠷ᠎ᠡ ᠪᠠᠶᠢᠳᠠᠭ᠃ ᠵᠡᠬᠦᠨᠰᠢ  ᠬᠠᠨᠳᠤᠭᠰᠠᠨ ᠬᠠᠯᠢᠯ ᠬᠠᠳᠠᠨ ᠳᠡᠭᠡᠷᠡᠬᠢ ᠵᠡᠬᠦᠨ ᠳᠡᠭᠡᠳᠤ ᠪᠠᠶᠢᠷᠢ ᠳᠤᠨᠢ ᠬᠦᠷᠡᠩ ᠦᠩᠭᠡ ᠶᠢᠨ ᠴᠢᠯᠠᠭᠤᠨ ᠰᠢᠩᠬᠤ ᠪᠠᠷ  ᠵᠢᠷᠤᠭᠳᠠᠭᠰᠠᠨ ᠠᠷᠪᠠᠨ ᠵᠢᠷᠤᠭ ᠪᠠᠶᠢᠨ᠎ᠠ᠃ ᠳᠡᠬᠦᠨ ᠤ ᠳᠤᠳᠤᠷ᠎ᠠ ᠤᠭᠤᠨᠤ᠂ ᠤᠷᠤᠩᠭ᠎ᠠ᠂ ᠨᠤᠬᠠᠢ᠂ ᠮᠤᠷᠢ ᠤᠨᠤᠭᠰᠠᠨ  ᠬᠦᠮᠥᠨ ᠵᠡᠷᠭᠡ ᠵᠢᠷᠤᠭ ᠨᠢ ᠳᠤᠳᠤᠷᠬᠠᠢ ᠳᠠᠨᠢᠭᠳᠠᠨ᠎ᠠ᠃ ᠡᠬᠦᠨ ᠤ ᠳᠤᠳᠤᠷ᠎ᠠ ᠠᠴᠠ ᠬᠤᠶᠠᠷ ᠬᠦᠮᠥᠨ ᠳᠤᠮᠳᠠ ᠪᠠᠨ  ᠪᠠᠷᠢᠭᠰᠠᠨ ᠰᠢᠳᠠᠷ᠎ᠠ ᠶᠢᠨ ᠬᠦᠯᠭᠡ ᠮᠠᠳᠤ ᠨᠢᠭᠡ ᠵᠢᠷᠤᠭ ᠪᠠ ᠳᠡᠷᠭᠡᠨ ᠳᠤᠭᠤᠶᠢᠯᠠᠪᠤᠷᠢ ︵ᠬᠦᠷᠳᠤ︶ ᠬᠡᠮᠡᠷ ᠬᠤᠶᠠᠷ ᠵᠢᠷᠤᠭ ᠨᠢ  ᠶᠠᠭᠤ ᠶᠢ ᠬᠠᠷᠠᠭᠤᠯᠵᠤ ᠪᠠᠶᠢᠭ᠎ᠠ ᠶᠢ ᠮᠠᠭᠠᠳᠯᠠᠵᠤ ᠴᠢᠳᠠᠬᠤ ᠦᠭᠡᠢ ᠪᠠᠶᠢᠨ᠎ᠠ ︵ᠵᠢᠷᠤᠭ 1᠂ ᠵᠢᠷᠤᠭ 2︶᠃  
 2022-09-20-29424a527d-64bb-4ed6-87c9-ee04d3a5db24.jpg
      ᠵᠢᠷᠤᠭ 3     ᠪᠠᠷᠠᠭᠤᠨ ᠬᠠᠨᠠᠨ ᠤ ᠪᠠᠷᠠᠭᠤᠨ ᠳᠤᠤᠷ᠎ᠠ ᠨᠢ ︽ᠰᠠᠮ ᠳᠤᠮ ᠤᠨ ᠳᠠᠷᠨᠢ︾ ᠭᠡᠮᠡᠭᠴᠢ ︽ᠠ ᠺᠠ ᠽᠠᠮᠠᠷᠠᠽᠠ ᠱᠠᠳᠠᠷᠠ  ᠱᠠᠮᠠᠷᠶ᠎ᠠ ᠫᠠᠳ︾ ᠭᠡᠰᠡᠨ ᠢ ᠭᠡᠳᠤ ᠳᠠᠬᠢᠵᠤ ᠪᠢᠴᠢᠭᠰᠡᠨ ᠪᠤᠯᠪᠠᠴᠤ ᠦᠰᠥᠭ ᠲᠠᠢ ᠬᠡᠰᠡᠭ ᠬᠠᠳᠠᠳ ᠨᠢ ᠬᠠᠭᠵᠠᠷᠠᠵᠤ  ᠤᠨᠠᠭᠰᠠᠨ ᠠᠴᠠ ᠬᠦᠢᠴᠡᠳ ᠦᠭᠡᠢ ᠪᠤᠯᠵᠠᠢ ︵ᠵᠢᠷᠤᠭ 3︶᠃          ᠡᠮᠥᠨᠡᠰᠢ ᠬᠠᠨᠳᠤᠭᠰᠠᠨ ᠠᠰᠭ᠎ᠠ ᠬᠠᠳᠠ ᠶᠢ ᠬᠦᠨᠳᠡᠶᠢᠯᠠᠵᠤ ᠮᠠᠯᠳᠠᠭᠰᠠᠨ ᠠᠭᠤᠢ ᠶᠢᠨ ᠡᠬᠦᠳᠡᠨ ᠤ ᠪᠠᠷᠠᠭᠤᠨ ᠳᠡᠭᠡᠳᠤ ︵  ᠭᠠᠵᠠᠷ ᠵᠦᠢ ᠶᠢᠨ ᠵᠦᠭ︶ ᠦᠨᠴᠥᠭ ᠲᠤ ᠱᠠᠭᠵᠠᠮᠤᠨᠢ ᠶᠢᠨ ᠵᠢᠷᠥᠭᠡᠨ ᠳᠠᠷᠨᠢ ᠭᠡᠮᠡᠭᠳᠡᠭᠴᠢ ︽ᠤᠸ᠋ᠮ ᠮᠠ ᠨᠢ ᠪᠠᠳ ᠮᠠᠢ  ᠬᠤᠮ︾᠎ ᠢ ᠪᠢᠴᠢᠭᠡᠳ ᠳᠡᠬᠦᠨ ᠤ ᠠᠷᠤ ᠠᠴᠠ ︽ᠤᠸ᠋ᠮ ᠠ ᠬᠤᠩ︾ ᠭᠡᠵᠤ ᠪᠢᠴᠢᠵᠠᠢ ︵ᠵᠢᠷᠤᠭ 4︶᠃  
 2022-09-20-53db070a00-55b5-4ec1-99bd-a7503991b364.jpg
      ᠵᠢᠷᠤᠭ 4     ᠡᠨᠡ ᠠᠭᠤᠢ ᠶᠢᠨ ᠠᠮᠠᠨ ᠤ ᠪᠠᠷᠠᠭᠤᠨ ᠳᠡᠭᠡᠳᠤ ︵ᠭᠠᠵᠠᠷ ᠵᠦᠢ ᠶᠢᠨ ᠵᠦᠭ︶ ᠳᠠᠯ᠎ᠠ ᠳᠤ ︽ᠬᠠᠮᠤᠭ ᠪᠤᠷᠬᠠᠳ  ᠰᠠᠬᠢᠬᠤ ᠪᠤᠯᠳᠤᠭᠠᠢ ᠬᠠᠮᠤᠭ ᠬᠠᠨ ᠭᠠᠵᠠᠷ ᠤᠰᠤᠨ ᠢᠪᠡᠭᠡᠳᠥᠭᠡᠢ︕ ᠢᠷᠥᠭᠡᠶ᠎ᠡ ᠪᠤᠶᠤ ᠵᠠᠯᠪᠠᠷᠢᠶ᠎ᠠ︾ᠭᠡᠰᠡᠨ ᠮᠤᠩᠭᠤᠯ  ᠪᠢᠴᠢᠭᠡᠰᠤ ᠲᠠᠢ ᠪᠠᠶᠢᠨ᠎ᠠ᠃ ᠳᠡᠬᠦᠨ ᠤ ᠳᠡᠭᠡᠳᠤ ᠪᠠᠶᠢᠷᠢᠨ ᠳᠤ ᠰᠢᠩᠬᠤᠨ ᠳᠦᠷᠪᠠᠯᠵᠢᠨ ᠬᠦᠷᠢᠶ᠎ᠡ ᠪᠤᠢ ᠠᠪᠠᠴᠤ ᠳᠤᠳᠤᠷᠠᠬᠢ  ᠦᠰᠥᠭ ᠵᠢᠷᠤᠭ ᠨᠢ ᠪᠦᠷᠢᠮᠤᠰᠤᠨ ᠠᠷᠢᠯᠤᠭᠠᠳ ᠶᠠᠭᠤ ᠴᠦ ᠦᠭᠡᠢ ᠪᠤᠯᠵᠠᠢ᠃ ᠡᠨᠡ ᠳᠦᠷᠪᠡᠯᠵᠢᠨ ᠳᠤᠳᠤᠷ᠎ᠠ ᠶᠠᠮᠠᠷ  ᠦᠰᠥᠭ ᠵᠢᠷᠤᠭ ᠪᠠᠶᠢᠭᠰᠠᠨ ᠢ ᠵᠤᠷᠢᠭᠯᠠᠨ ᠳᠠᠭᠠᠮᠠᠭᠯᠠᠵᠤ ᠴᠢᠳᠠᠭᠰᠠᠨ ᠦᠭᠡᠢ᠃ ᠪᠠᠰᠠ ᠮᠤᠩᠭᠤᠯ ᠦᠰᠥᠭ ᠤᠨ ᠬᠠᠮᠤᠭ ᠤᠨ  ᠡᠴᠥᠰ ᠤᠨ ᠦᠭᠡ ᠨᠢ ᠪᠠᠯᠠᠷᠬᠠᠢ ᠪᠠᠶᠢᠵᠤ ᠳᠠᠨᠢᠭᠳᠠᠬᠤ ᠦᠭᠡᠢ ᠪᠤᠯᠵᠠᠢ᠂ ᠡᠮᠥᠨᠡᠬᠢ ᠠᠭᠤᠯᠭ᠎ᠠ ᠶᠢ ᠨᠢ ᠦᠨᠳᠥᠰᠥᠯᠡᠭᠡᠳ ᠪᠢ  ︽ᠢᠷᠥᠭᠡᠶ᠎ᠡ ᠪᠤᠶᠤ ᠵᠠᠯᠪᠠᠷᠢᠶ᠎ᠠ︾ ᠭᠡᠰᠡᠨ ᠦᠭᠡ ᠪᠠᠶᠢᠭᠰᠠᠨ ᠴᠦ ᠪᠤᠯ ᠤᠤ ᠭᠡᠵᠤ ᠳᠠᠭᠠᠮᠠᠭᠯᠠᠭᠰᠠᠨ ᠶᠤᠮ ︵ᠵᠢᠷᠤᠭ 5︶᠃
2022-09-20-5.jpg   
       ᠵᠢᠷᠤᠭ 5     ᠡᠮᠥᠨᠡᠰᠢ ᠬᠠᠨᠳᠤᠭᠰᠠᠨ ᠠᠭᠤᠢ ᠨᠢ ᠬᠤᠶᠠᠷ ᠮᠧᠲᠷ ᠬᠢᠷᠢ ᠦᠨᠳᠥᠷ᠂ ᠭᠤᠷᠪᠠᠨ ᠮᠧᠲᠷ ᠬᠢᠷᠢ ᠦᠷᠭᠡᠨ᠂ ᠭᠤᠷᠪᠠᠨ ᠮᠧᠲᠷ  ᠬᠢᠷᠢ ᠭᠦᠨᠴᠠ ᠲᠠᠢ᠂ ᠳᠤᠮᠳᠠ ᠨᠢ ᠬᠠᠳᠠᠨ ᠳᠤᠯᠭᠠᠭᠤᠷ ᠲᠠᠢ᠂ ᠵᠡᠬᠦᠨ ᠬᠤᠶᠢᠳᠤ ᠪᠤᠯᠤᠩ ᠳᠤᠨᠢ ᠨᠢᠭᠡᠨ ᠳᠠᠶᠢᠰᠠ ᠲᠠᠢ  ᠪᠠᠶᠢᠨ᠎ᠠ᠃ ᠡᠨᠡ ᠠᠭᠤᠢ ᠳᠤᠳᠤᠷ᠎ᠠ ᠨᠢ ᠤᠶᠢᠷ᠎ᠠ ᠤᠷᠴᠢᠨ ᠤ ᠬᠢᠳᠡᠳ ᠬᠦᠮᠥᠨ ᠨᠠᠰᠤᠳᠠᠨ ᠳᠠᠭᠠᠨ ᠪᠡᠯᠡᠳᠭᠡᠭᠰᠡᠨ  ᠬᠤᠪᠳᠤ ᠪᠠᠨ ᠬᠠᠳᠠᠭᠠᠯᠠᠴᠢᠬᠠᠵᠠᠢ᠂ ᠠᠪᠰᠠᠨ ᠳᠡᠭᠡᠷ᠎ᠡ ᠪᠠᠨ ︽福如东海寿比南山︾ ᠭᠡᠰᠡᠨ  ᠤᠶᠠᠩᠭ᠎ᠠ ᠪᠢᠴᠢᠵᠤ ᠨᠠᠭᠠᠵᠠᠢ ︵ᠵᠢᠷᠤᠭ 6︶᠃  
2022-09-20-6.jpg 
       ᠵᠢᠷᠤᠭ 6      ᠬᠠᠳᠠᠨ ᠵᠢᠷᠤᠭ ᠲᠠᠢ ᠬᠠᠯᠢᠯ ᠬᠠᠳᠠᠨ ᠤ ᠵᠡᠬᠦᠨ ᠳᠡᠷᠭᠡᠳᠡ ᠳᠡᠭᠡᠷ᠎ᠡ ᠪᠠᠨ ᠵᠢᠵᠢᠭᠭᠡᠨ ᠴᠢᠯᠠᠭᠤᠨ ᠤᠪᠤᠭ᠎ᠠ ᠪᠦᠬᠦᠢ  ᠪᠢᠴᠢᠬᠠᠨ ᠱᠤᠪᠤᠭᠤᠷ ᠠᠭᠤᠯᠠ ᠪᠤᠢ᠃          ᠬᠦᠮᠥᠨ ᠤ ᠬᠦᠴᠥ ᠪᠠᠷ ᠮᠠᠯᠳᠠᠭᠰᠠᠨ ᠨᠦᠭᠡᠨ ᠭᠡᠷ ᠪᠡ ᠮᠤᠩᠭᠤᠯ ᠳᠦᠪᠡᠳ ᠪᠢᠴᠢᠭ ᠤᠨ ᠠᠭᠤᠯᠭ᠎ᠠ ᠶᠢ ᠦᠨᠳᠥᠰᠥᠯᠠᠨ  ᠮᠤᠩᠭᠤᠯ ᠬᠦᠮᠥᠨ ᠪᠠᠶᠢᠭᠤᠯᠤᠭᠰᠠᠨ ᠰᠦᠮ᠎ᠡ ᠪᠠᠶᠢᠭᠰᠠᠨ ᠭᠡᠵᠤ ᠦᠵᠡᠵᠦ ᠪᠤᠢ᠃ ᠭᠡᠷᠪᠡ ᠡ᠊ᠡᠳᠡ ᠰᠦᠮ᠎ᠡ ᠪᠠᠶᠢᠭᠰᠠᠨ ᠳᠤ  ᠬᠦᠷᠪᠡᠯ ︽ᠨᠦᠭᠡᠨ ᠬᠠᠳᠠ ᠶᠢᠨ ᠰᠦᠮ᠎ᠡ︾ ᠭᠡᠵᠤ ᠨᠡᠷᠡᠯᠡᠬᠦ ᠨᠢ ᠯᠠᠪᠳᠠᠢ᠃ ᠡᠶᠢᠨ ᠭᠦ ︽ᠤᠷᠳᠤᠰ ᠤᠨ ᠰᠦᠮ᠎ᠡ ᠭᠡᠶᠢᠳ︾  ᠭᠡᠰᠡᠨ ᠨᠤᠮ ᠲᠠᠢ ᠳᠤᠯᠭᠠᠬᠤ ᠳᠤ᠂ ᠤᠷᠳᠤᠰ ᠤᠨ ᠪᠠᠷᠠᠭᠤᠨ ᠭᠠᠷ ᠤᠨ ᠡᠮᠥᠨᠡᠳᠤ ᠠᠳᠠᠭ ᠬᠤᠰᠢᠭᠤ ᠭᠡᠮᠡᠬᠦ ᠵᠠᠰᠠᠭ  ᠬᠤᠰᠢᠭᠤᠨ ᠤ︽ᠨᠦᠬᠡᠨ ᠬᠠᠳᠠ ᠶᠢᠨ ᠰᠦᠮ᠎ᠡ︾᠎ ᠲᠠᠢ ᠳᠤᠬᠢᠷᠠᠯᠴᠠᠵᠤ ᠪᠠᠶᠢᠨ᠎ᠠ᠃ ᠳᠡᠬᠦᠨ ᠳᠤ᠄ ︽ᠴᠢᠩ ᠤᠯᠤᠰ ᠤᠨ  ᠳᠡᠭᠷᠢ ᠳᠡᠳᠬᠦᠭᠴᠢ ᠶᠢᠨ ᠠᠷᠪᠠᠳᠤᠭᠠᠷ ᠤᠨ ︵1745︶᠎ ᠳᠤ ᠨᠠᠰᠤᠨᠧᠴᠢᠷ ᠭᠡᠭᠴᠢ ᠬᠦᠮᠥᠨ ᠴᠢᠯᠠᠭᠤ ᠶᠢ ᠮᠠᠯᠳᠠᠵᠤ᠂  ᠪᠤᠷᠬᠠᠨ ᠰᠢᠳᠥᠭᠡᠨ ᠢ ᠪᠦᠳᠥᠭᠡᠵᠥ ᠪᠠᠶᠢᠭᠤᠯᠤᠭᠰᠠᠨ ᠠᠴᠠ ᠨᠦᠭᠡᠨ ᠬᠠᠳᠠ ᠶᠢᠨ ᠰᠦᠮ᠎ᠡ ᠭᠡᠳᠡᠭ ᠪᠠᠶᠢᠨ᠎ᠠ ᠁ ᠡᠨᠡ  ᠰᠦᠮ᠎ᠡ ᠶᠢ ᠬᠤᠶᠢᠰᠢ ᠨᠡᠬᠦᠯᠭᠡᠵᠥ᠂ ᠦᠨᠥ ᠶᠢᠨ ᠰᠢᠨ᠎ᠡ ᠵᠡᠭᠡᠯᠢ ᠪᠠᠯᠭᠠᠰᠤᠨ ᠤ ᠮᠠᠯ ᠬᠠᠷᠠᠭᠠᠴᠢ ᠶᠢᠨ ᠤᠷᠤᠢ ᠳᠤ ᠠᠪᠴᠢᠷᠠᠵᠤ  ᠪᠠᠷᠢᠭᠰᠠᠨ ᠪᠠᠶᠢᠨ᠎ᠠ︾① ᠭᠡᠵᠤ ᠳᠡᠮᠳᠡᠭᠯᠡᠵᠥ ᠪᠠᠶᠢᠨ᠎ᠠ᠃ ᠡᠬᠦᠨ ᠠᠴᠠ ᠳᠤᠰ ᠰᠦᠮ᠎ᠡ ᠨᠢ ᠵᠠᠰᠠᠭ ᠬᠤᠰᠢᠭᠤᠨ ᠤ ᠰᠦᠮ᠎ᠡ  ᠪᠠᠶᠢᠭᠰᠠᠨ ᠬᠡᠳᠡᠭ ᠢ ᠮᠠᠳᠠᠵᠤ ᠪᠤᠯᠤᠨ᠎ᠠ ᠃ ᠳᠡᠥᠭᠡ ᠶᠢᠨ ᠭᠠᠵᠠᠷ ᠤᠨ ᠵᠢᠷᠤᠭ ᠪᠠ ᠰᠠᠶᠢᠨᠳᠣᠷ᠎ᠠ ᠶᠢᠨ ᠣᠳᠣ ᠶᠢᠨ ᠭᠠᠵᠠᠷ ᠤᠨ  ᠵᠢᠷᠤᠭ ᠲᠠᠢ ᠬᠠᠷᠢᠴᠠᠭᠤᠯᠬᠤᠯ᠎ᠠ ᠡᠨᠡ ᠭᠠᠵᠠᠷ ᠨᠢ ᠰᠠᠶᠢᠨᠳᠤᠷ᠎ᠠ ᠶᠢᠨ ᠴᠠᠭᠠᠨ ᠭᠡᠷᠡᠮ ᠠᠴᠠ ᠤᠮᠠᠷᠠᠰᠢ ᠵᠢᠷᠠᠭᠠᠳ ᠭᠠᠵᠠᠷ᠂  ᠵᠠᠰᠠᠭ ᠵᠢᠶᠦ᠋ᠨ ᠸᠠᠩ ᠬᠤᠶᠠᠷ ᠬᠤᠰᠢᠭᠤᠨ ᠤ ᠰᠠᠪᠠ ᠵᠢᠷᠤᠬᠠᠢ ᠶᠢᠨ ᠴᠡᠭ ᠳᠤᠭᠤᠰᠬᠠᠨ ᠤᠪᠤᠭ᠎ᠠ᠂ ᠬᠠᠷ᠎ᠠ ᠤᠪᠤᠭ᠎ᠠ ᠠᠴᠠ  ᠵᠡᠬᠦᠨᠳᠡᠢ᠂ ᠤᠯᠠᠭᠠᠨᠮᠦ᠋ᠷᠡᠨ ᠭᠤᠤᠯ ᠠᠴᠠ ᠪᠠᠷᠠᠭᠤᠨᠳᠠᠢ ᠤᠷᠤᠰᠢᠵᠤ᠂ ᠵᠢᠶᠦ᠋ᠨ ᠸᠠᠩ ᠤᠨ ᠬᠤᠰᠢᠭᠤᠨ ᠤ ᠬᠠᠷᠢᠶᠠᠳᠤ  ᠨᠤᠳᠤᠭ ᠲᠠᠬᠢ ︽ᠨᠦᠭᠡᠨ ᠬᠠᠳᠠ ᠶᠢᠨ ᠭᠤᠤᠯ︾②᠎ ᠤᠨ ᠡᠷᠬᠢ ᠳᠤ ᠪᠠᠶᠢᠨ᠎ᠠ᠃ ᠵᠢᠶᠦ᠋ᠨ ᠸᠠᠩ ᠤᠨ ᠬᠤᠰᠢᠭᠤᠨ ᠤ  ᠨᠤᠳᠤᠭ ᠳᠡᠭᠡᠷ᠎ᠡ ᠵᠠᠰᠠᠭ ᠬᠤᠰᠢᠭᠤᠨ ᠤ ᠰᠦᠮ᠎ᠡ ᠪᠠᠶᠢᠵᠤ ᠦᠯᠥ ᠪᠤᠯᠬᠤ ᠮᠠᠳᠤ ᠰᠠᠨᠠᠭᠳᠠᠨ᠎ᠠ᠂ ᠡᠨᠡ ᠠᠰᠠᠭᠤᠳᠠᠯ ᠢ  ᠳᠡᠥᠭᠡ ᠶᠢᠨ ᠳᠠᠩᠰᠠ ᠡᠪᠭᠡᠮᠡᠯ ᠠᠴᠠ ᠬᠠᠶᠢᠪᠠᠯ ᠰᠢᠢᠳᠪᠤᠷᠢᠯᠡᠵᠤ ᠴᠢᠳᠠᠨ᠎ᠠ᠄ ︽ᠳᠦᠰᠢᠮᠡᠯ ᠪᠢᠳᠠ ᠤᠷᠳᠤᠰ ᠤᠨ  ᠵᠠᠰᠠᠭ ᠤᠳ ᠤᠨ ᠨᠤᠳᠤᠭ ᠤᠨ ᠭᠡᠯᠬᠢᠶ᠎ᠠ ᠶᠢᠨ ᠳᠠᠩᠰᠠ ᠶᠢ ᠪᠠᠶᠢᠴᠠᠭᠠᠨ ᠦᠵᠡᠪᠡᠰᠤ᠂ ᠵᠢᠷᠭᠤᠭᠠᠨ ᠬᠤᠰᠢᠭᠤ ᠢᠵᠠᠭᠤᠷ ᠤᠨ  ᠨᠢᠭᠡᠨ ᠭᠡᠯᠬᠢᠶ᠎ᠡ᠂ ᠶᠠᠷᠤ ᠠᠯᠢ ᠨᠠᠷᠠᠳᠤ ᠭᠠᠵᠠᠷ ᠢ ᠠᠯᠢ ᠬᠤᠰᠢᠭᠤᠨ ᠤ ᠭᠠᠵᠠᠷ ᠭᠡᠮᠡᠨ ᠭᠠᠷᠭᠠᠭᠰᠠᠨ ᠶᠠᠪᠤᠳᠠᠯ ᠦᠭᠡᠢ︾③  ᠬᠡᠵᠡᠢ᠃ ᠡᠨᠡ ᠪᠤᠯ ᠳᠡᠭᠷᠢ ᠳᠡᠳᠬᠦᠭᠴᠢ ᠶᠢᠨ ᠵᠢᠷᠭᠤᠳᠤᠭᠠᠷ ᠤᠨ ᠤ ᠳᠠᠩᠰᠠ ᠶᠤᠮ᠃ ᠳᠡᠭᠷᠢ ᠳᠡᠳᠬᠦᠭᠴᠢ ᠶᠢᠨ  ᠳᠠᠪᠤᠳᠤᠭᠠᠷ ᠤᠨ ᠤ ᠡᠪᠤᠯ ᠤᠨ ᠰᠡᠬᠦᠯ ᠰᠠᠷ᠎ᠠ ᠶᠢᠨ ᠠᠷᠪᠠᠨ ᠵᠢᠷᠭᠤᠭᠠᠨ ᠳᠤ ᠤᠷᠳᠤᠰ ᠤᠨ ᠳᠤᠯᠤᠭᠠᠨ ᠬᠤᠰᠢᠭᠤ ᠨᠤᠳᠤᠭ  ᠬᠤᠪᠢᠶᠠᠵᠤ ᠵᠠᠬ᠎ᠠ ᠠᠭᠤᠯᠵᠠᠷ ᠢᠶᠠᠨ ᠠᠩᠬ᠎ᠠ ᠤᠳᠠᠭ᠎ᠠ ᠳᠤᠭᠳᠠᠭᠠᠵᠤ᠂ ᠨᠤᠳᠤᠭ ᠤᠨ ᠬᠡᠯᠬᠢᠶ᠎ᠠ ᠵᠢᠷᠤᠭ ᠵᠢᠷᠤᠵᠤ᠂ ᠭᠠᠳᠠᠭᠠᠳᠤ  ᠮᠤᠩᠭᠤᠯ ᠤᠨ ᠳᠦᠷᠥ ᠶᠢ ᠵᠠᠰᠠᠬᠤ ᠶᠠᠪᠤᠳᠠᠯ ᠤᠨ ᠶᠠᠮᠤᠨ ᠳᠤ ᠡᠷᠬᠦᠭᠰᠡᠨ ᠢ ᠡᠳᠥᠭᠡ ᠳᠠᠶᠠᠩ ᠳᠠᠶᠠᠭᠠᠷ ᠮᠠᠳᠠᠵᠤ ᠪᠠᠶᠢᠳᠠᠭ᠂  ᠭᠡᠪᠡᠴᠤ ᠳᠡᠭᠷᠢ ᠳᠡᠳᠬᠦᠭᠴᠢ ᠶᠢᠨ ᠵᠢᠷᠭᠤᠳᠤᠭᠠᠷ ᠤᠨ ᠳᠤ ᠮᠥᠨ ᠭᠡᠷᠡᠭ ᠤᠨ ᠳᠤᠯᠠ ᠭᠡᠯᠡᠯᠴᠡᠭᠰᠡᠭᠡᠷ ᠪᠠᠶᠢᠭᠰᠠᠨ ᠢ ᠳᠡᠭᠡᠷᠡᠬᠢ  ᠳᠡᠮᠳᠡᠭᠯᠡᠯ ᠭᠡᠷᠡᠴᠢᠯᠠᠵᠤ ᠪᠠᠶᠢᠨ᠎ᠠ᠃ ᠬᠤᠰᠢᠭᠤᠳ ᠤᠨ ᠵᠠᠬ᠎ᠠ ᠵᠢᠰᠢᠶ᠎ᠠ ᠳᠤᠭᠳᠠᠭᠠᠭᠰᠠᠨ ᠤ ᠳᠠᠷᠠᠭ᠎ᠠ᠂ ᠪᠤᠰᠤ ᠬᠤᠰᠢᠭᠤᠨ ᠤ  ᠭᠠᠵᠠᠷ ᠲᠤ ᠰᠠᠭᠤᠭ᠎ᠠ ᠬᠦᠮᠥᠰ ᠢ ᠨᠡᠬᠦᠯᠭᠡᠬᠦ ᠡᠰᠡᠬᠦ ᠳᠤᠬᠠᠢ ︽ᠬᠤᠰᠢᠭᠤᠨ ᠪᠦᠷᠢ ᠰᠤᠯᠢᠴᠠᠨ ᠰᠠᠭᠤᠭᠰᠠᠨ ᠬᠦᠮᠥᠨ ᠢ  ᠵᠤᠷᠭᠠᠨ ᠢ ᠳᠤᠭᠳᠠᠭᠠᠭᠰᠠᠨ ᠶᠤᠰᠤᠭᠠᠷ ᠬᠡᠷᠬᠢᠪᠠᠴᠣ ᠬᠦᠳᠡᠯᠭᠡᠵᠥ ᠨᠡᠬᠦᠯᠭᠡᠬᠦᠢ ᠳᠤᠷ ᠬᠦᠷᠭᠡᠬᠦ ᠦᠭᠡᠢ᠂ ᠭᠠᠵᠠᠷ ᠠᠴᠠ ᠭᠠᠷᠬᠤ  ᠳᠦᠮᠥᠰᠤ ᠤᠯᠬᠤ᠂ ᠦᠪᠡᠷ ᠢᠶᠠᠨ ᠳᠠᠷᠢᠶᠠᠨ ᠳᠠᠷᠢᠬᠤ᠂ ᠮᠠᠯ ᠡᠪᠡᠰᠤᠯᠡᠬᠦ ᠵᠡᠷᠭᠡ ᠶᠢᠨ ᠵᠦᠢᠯ ᠢ ᠢᠵᠠᠭᠤᠷ ᠤᠨ ᠠᠵᠤ ᠳᠦᠷᠥᠬᠦ  ᠶᠤᠰᠤᠨ ᠢ ᠠᠯᠳᠠᠭᠤᠯᠬᠤᠢ ᠳᠤᠷ ᠬᠦᠷᠭᠡᠭᠦ ᠦᠭᠡᠢ ᠭᠡᠮᠡᠨ ᠰᠢᠢᠳᠭᠡᠭᠰᠡᠨ ᠪᠦᠯᠥᠭᠡ︾④ ᠭᠡᠰᠡᠨ ᠳᠤᠭᠳᠠᠭᠠᠯ ᠪᠤᠢ ᠳᠤᠯᠠ  ᠵᠠᠰᠠᠭ ᠬᠤᠰᠢᠭᠤᠨ ᠤ ᠨᠠᠰᠤᠨᠧᠴᠢᠷ ᠭᠡᠭᠴᠢ ᠵᠢᠶᠦ᠋ᠨ ᠸᠠᠩ ᠤᠨ ᠬᠤᠰᠢᠭᠤᠨ ᠳᠤ ᠬᠤᠪᠢᠶᠠᠭᠳᠠᠭᠰᠠᠨ ᠭᠠᠵᠠᠷ ᠲᠤ ᠭᠡᠪ ᠢᠶᠠᠷ  ᠰᠠᠭᠤᠵᠤ᠂ ᠰᠠᠭᠤᠭ᠎ᠠ ᠭᠠᠵᠠᠷ ᠤᠨ ᠢᠶᠠᠨ ᠬᠠᠪᠢ ᠳᠤ ᠰᠦᠮ᠎ᠡ ᠪᠠᠶᠢᠭᠤᠯᠵᠤ ᠰᠢᠳᠥᠭᠡᠨ ᠪᠦᠳᠥᠭᠡᠬᠦ ᠨᠢ ᠵᠦᠢ ᠠᠴᠠ ᠵᠦᠷᠢᠴᠡᠬᠦ  ᠦᠭᠡᠢ ᠶᠤᠮ ᠪᠠᠶᠢᠨ᠎ᠠ᠃          ᠤᠷᠳᠤᠰ ᠵᠡᠬᠦᠨ ᠭᠠᠷ ᠤᠨ ᠳᠤᠮᠳᠠᠳᠤ︵ᠵᠢᠶᠦ᠋ᠨ ᠸᠠᠩ ᠤᠨ︶ᠬᠤᠰᠢᠭᠤᠨ ᠤ ᠭᠡᠪᠳᠤ ᠶᠤᠰᠤᠨ ᠤ ᠬᠤᠶᠠᠳᠤᠭᠠᠷ ᠤᠨ  ᠡᠪᠤᠯ ᠤᠨ ᠳᠤᠮᠳᠠ ᠰᠠᠷ᠎ᠠ ᠶᠢᠨ ᠬᠤᠷᠢ ᠵᠢᠰᠤᠨ ᠳᠤ ᠵᠢᠷᠤᠭᠰᠠᠨ ᠭᠠᠵᠠᠷ ᠤᠨ ᠵᠢᠷᠤᠭ ᠳᠡᠭᠡᠷ᠎ᠡ᠂ ᠬᠤᠵᠢᠷᠳᠤ ᠶᠢᠨ  ᠭᠤᠤᠯ ᠠᠴᠠ ᠡᠮᠥᠨᠡᠰᠢ ᠵᠢᠷᠥᠭᠡ ᠶᠢᠨ ᠭᠤᠤᠯ᠂ ᠨᠦᠭᠡᠨ ᠬᠠᠳᠠ ᠶᠢᠨ ᠭᠤᠤᠯ ᠵᠢᠷᠤᠭᠳᠠᠵᠠᠢ᠃ ᠡᠨᠡ ᠬᠠᠳᠠᠨ ᠨᠦᠭᠡ ᠲᠠᠢ  ᠪᠤᠯᠤᠭᠰᠠᠨ ᠠᠴᠠ ᠨᠦᠭᠡᠨ ᠬᠠᠳᠠ ᠶᠢᠨ ᠭᠤᠤᠯ ᠭᠡᠵᠤ ᠨᠡᠷᠡᠯᠡᠭᠳᠡᠭᠰᠡᠨ ᠶᠤᠮ ᠪᠠᠶᠢᠨ᠎ᠠ᠃ ᠬᠠᠷᠢᠨ ᠳᠡᠭᠷᠢ ᠳ᠋ᠡᠳᠬᠦᠭᠴᠢ ᠶᠢᠨ  ᠳᠠᠪᠤᠳᠤᠭᠠᠷ ᠤᠨ ᠤ ᠡᠪᠤᠯ ᠤᠨ ᠰᠡᠬᠦᠯ ᠰᠠᠷ᠎ᠠ ᠶᠢᠨ ᠠᠷᠪᠠᠨ ᠵᠢᠷᠭᠤᠭᠠᠨ ᠤ ᠵᠠᠬ᠎ᠠ ᠵᠢᠰᠢᠶ᠎ᠠ ᠳᠤᠭᠳᠠᠭᠰᠠᠨ ᠴᠢᠭᠤᠯᠭᠠᠨ ᠤ  ᠰᠢᠢᠳᠪᠤᠷᠢ ᠶᠢ ᠦᠨᠳᠥᠰᠥᠯᠡᠵᠥ ᠵᠢᠷᠤᠭᠰᠠᠨ ︽ᠶᠡᠭᠡ ᠵᠤᠤ ᠶᠢᠨ ᠴᠢᠭᠤᠯᠭᠠᠨ ᠤ ᠳᠤᠯᠤᠭᠠᠨ ᠬᠤᠰᠢᠭᠤᠨ ᠤ ᠵᠢᠷᠤᠭ︾  ᠳᠡᠭᠡᠷ᠎ᠡ ︽ᠨᠦᠭᠡᠨ ᠬᠠᠳᠠ ᠶᠢᠨ ᠭᠤᠤᠯ︾ ᠦᠭᠡᠢ᠂ ︽ᠪᠢᠯᠡᠬᠦᠳᠤ ᠶᠢᠨ ᠭᠤᠤᠯ︾ ᠵᠢᠷᠤᠭᠳᠠᠵᠤ ᠪᠠᠶᠢᠨ᠎ᠠ᠃ ᠡᠨᠡ ᠨᠢ  ᠳᠡᠭᠷᠢ ᠲᠡᠳᠬᠦᠭᠴᠢ ᠶᠢᠨ ᠳᠠᠪᠤᠳᠤᠭᠠᠷ ᠤᠨ ᠤ ᠵᠢᠯ ᠤᠨ ᠰᠡᠬᠦᠯᠴᠢ ᠪᠤᠯᠳᠠᠯ᠎ᠠ ᠡᠨᠡ ᠬᠠᠳᠠᠨ ᠨᠦᠭᠡ᠂ ᠬᠠᠳᠠᠨ ᠵᠢᠷᠤᠭ ᠪᠠᠶᠢᠭ᠎ᠠ  ᠦᠭᠡᠢ ᠭᠡᠰᠡᠨ ᠢ ᠭᠡᠷᠡᠴᠢᠯᠠᠵᠤ ᠪᠠᠶᠢᠨ᠎ᠠ᠃ ᠡᠶᠢᠮᠥ ᠠᠴᠠ ᠨᠠᠰᠤᠨᠧᠴᠢᠷ ᠭᠡᠭᠴᠢ ᠬᠦᠮᠥᠨ ᠳᠡᠭᠷᠢ ᠳ᠋ᠡᠳᠬᠦᠭᠴᠢ ᠶᠢᠨ ᠠᠷᠪᠠᠳᠤᠭᠠᠷ  ᠤᠨ ᠳᠤ ᠨᠦᠬᠡ ᠮᠠᠯᠳᠠᠵᠤ ᠰᠢᠳᠥᠭᠡᠨ ᠤᠷᠤᠰᠢᠭᠤᠯᠵᠤ ᠰᠦᠮ᠎ᠡ ᠪᠠᠶᠢᠭᠤᠯᠤᠭᠰᠠᠨ ᠭᠡᠭᠦ ᠳᠡᠮᠳᠡᠭᠯᠡᠯ ᠤᠷᠤ ᠲᠠᠢ ᠪᠠᠶᠢᠬᠤ ᠶᠤᠮ  ᠪᠠᠶᠢᠨ᠎ᠠ᠃   ᠵᠡᠬᠦᠯᠳᠡ᠄          ①︽ᠤᠷᠳᠤᠰ ᠤᠨ ᠰᠦᠮ᠎ᠡ ᠭᠡᠶᠢᠳ︾᠂ ᠦᠪᠤᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 2000  ᠤᠨ ᠤ 5 ᠰᠠᠷ᠎ᠠ ᠶᠢᠨ ᠠᠩᠬ᠎ᠠ ᠭᠡᠪ᠂ ᠨᠢᠭᠡᠳᠤᠭᠡᠷ ᠤᠳᠠᠭ᠎ᠠ ᠶᠢᠨ ᠭᠡᠪᠯᠡᠯ᠂ P77᠃      ②︽ᠤᠷᠳᠤᠰ ᠤᠨ ᠵᠡᠬᠦᠨ ᠭᠠᠷ ᠤᠨ ᠳᠤᠮᠳᠠᠳᠤ ᠬᠤᠰᠢᠭᠤᠨ ᠤ ᠭᠠᠵᠠᠷ ᠤᠨ ᠵᠢᠷᠤᠭ︾᠂ ᠭᠡᠪᠳᠤ ᠶᠤᠰᠤᠨ ᠤ  ᠬᠤᠶᠠᠳᠤᠭᠠᠷ ᠤᠨ ᠡᠪᠤᠯ ᠤᠨ ᠳᠤᠮᠳᠠ ᠰᠠᠷ᠎ᠠ ᠶᠢᠨ ᠬᠤᠷᠢ ᠵᠢᠰᠤᠨ᠃      ③︽ᠬᠠᠩᠬᠢᠨ ᠬᠤᠰᠢᠭᠤᠨ ᠤ ᠵᠠᠰᠠᠭ ᠶᠠᠮᠤᠨ ᠤ ᠳᠠᠩᠰᠠ︾᠂ ᠦᠪᠤᠷ ᠮᠤᠩᠭᠤᠯ ᠤᠨ ᠰᠤᠶᠤᠯ ᠤᠨ ᠭᠡᠪᠯᠡᠯ ᠤᠨ  ᠬᠤᠷᠢᠶ᠎ᠠ᠂ 2018 ᠤᠨ ᠤ 5 ᠰᠠᠷ᠎ᠠ ᠶᠢᠨ ᠨᠢᠭᠡᠳᠤᠭᠡᠷ ᠭᠡᠪ᠂ 2018 ᠤᠨ ᠤ 9 ᠰᠠᠷ᠎ᠠ ᠳᠤ ᠨᠢᠭᠡᠳᠤᠭᠡᠷ ᠤᠳᠠᠭ᠎ᠠ  ᠭᠡᠪᠯᠡᠭᠰᠡᠨ᠂ ᠵᠢᠷᠭᠤᠳᠤᠭᠠᠷ ᠪᠤᠳᠢ᠂ 78 ᠳ᠋ᠤᠭᠠᠷ ᠳᠠᠩᠰᠠ᠂ P144᠃      ④︽ᠤᠷᠳᠤᠰ ᠤᠨ ᠪᠠᠷᠠᠭᠤᠨ ᠭᠠᠷ ᠤᠨ ᠡᠮᠥᠨᠡᠳᠤ ᠬᠤᠰᠢᠭᠤᠨ ︵ᠦᠥᠰᠢᠨ︶᠎ ᠤ ᠵᠠᠰᠠᠭ ᠶᠠᠮᠤᠨ ᠤ ᠳᠠᠩᠰᠠ ᠡᠪᠭᠡᠮᠡᠯ︾ ᠂ ᠠᠯᠤᠰ ᠤᠨ ᠪᠠᠷ᠎ᠠ ᠭᠡᠪᠯᠡᠯ ᠤᠨ ᠬᠤᠷᠢᠶ᠎ᠠ᠂ 2017 ᠤᠨ ᠤ 12 ᠰᠠᠷ᠎ᠠ᠂ ᠨᠢᠭᠡᠳᠤᠭᠡᠷ ᠭᠡᠪ᠂ ᠨᠢᠭᠡᠳᠤᠭᠡᠷ ᠤᠳᠠᠭ᠎ᠠ  ᠭᠡᠪᠯᠡᠭᠰᠡᠨ᠂ P59᠃    
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ