ᠮᠠᠯᠴᠢᠨ ᠸᠢᠢᠰᠢᠨᠪᠠᠭᠠᠨ᠎ᠠ 600 ᠭᠠᠷᠣᠢ ᠲᠠᠮᠠᠬᠢᠨ ᠳᠣᠭᠤᠭ᠎ᠠ ᠴᠤᠭᠯᠠᠭᠤᠯᠤᠨ ᠬᠠᠳᠠᠭᠠᠯᠠᠯ᠎ᠠ
ᠨᠡᠶᠢᠲᠡᠯᠡᠭᠰᠡᠨ ᠴᠠᠭ᠄
2022/9/29
      ᠥᠥᠰᠢᠨ ᠬᠤᠰᠢᠭᠤᠨ ᠤ ᠦᠣᠰᠢᠨᠵᠣᠣ ᠪᠠᠯᠭᠠᠰᠣ ᠶᠢᠨ ᠪᠥᠷᠢᠳᠤ ᠭᠠᠴᠠᠭᠠᠨ ᠤ ᠮᠠᠯᠴᠢᠨ ᠸᠢᠢᠰᠢᠨᠪᠠᠭᠠᠨ᠎ᠠ ᠬᠠᠷᠠᠬᠠᠨ  ᠪᠠᠭ᠎ᠠ ᠠᠴᠠ ᠪᠠᠨ ᠬᠠᠭᠤᠴᠢᠨ ᠡᠳ᠋ᠯᠡᠯ ᠴᠣᠭᠯᠠᠭᠤᠯᠣᠨ ᠬᠠᠳᠠᠭᠠᠯᠠᠬᠤ ᠲᠣᠷ᠎ᠠ ᠰᠣᠨᠢᠷᠠᠬᠠᠯ ᠲᠠᠢ᠃ ᠬᠤᠷᠢ ᠭᠠᠷᠣᠢ ᠵᠢᠯ ᠤᠨ  ᠲᠣᠷᠰᠢ ᠲᠡᠷᠡ ᠲᠠᠮᠠᠬᠢᠨ ᠳᠣᠭᠤᠭ᠎ᠠ᠂ ᠮᠦᠩᠬᠦᠨ ᠠᠶᠠᠭ᠎ᠠ᠂ ᠡᠮᠡᠭᠡᠯ ᠵᠡᠷᠭᠡ ᠦᠨᠳᠣᠰᠣᠳᠡᠨ ᠤ ᠬᠡᠪ ᠨᠠᠮᠪᠠ ᠲᠠᠢ ᠡᠳ᠋ᠯᠡᠯ  ᠬᠡᠷᠡᠭᠰᠡᠯ ᠢ ᠭᠤᠣᠯᠴᠢᠯᠠᠨ ᠴᠤᠭᠯᠠᠭᠤᠯᠤᠨ ᠬᠠᠳᠠᠭᠠᠯᠠᠵᠤ᠂ ᠡᠨᠡ ᠤᠯᠠᠨ ᠵᠦᠢᠯ ᠤᠨ ᠡᠳ᠋ᠯᠡᠯ ᠳᠤᠳᠤᠷ᠎ᠠ ᠲᠠᠮᠠᠬᠢᠨ  ᠲᠤᠭᠤᠭ᠎ᠠ ᠶᠢ ᠬᠠᠮᠤᠭ ᠠᠴᠠ ᠬᠠᠶᠢᠷᠠᠯᠠᠵᠤ᠂ ᠬᠠᠮᠤᠭ ᠠᠴᠠ ᠲᠤᠷ᠎ᠠ ᠲᠠᠢ ᠴᠤᠭᠯᠠᠭᠤᠯᠳᠠᠭ ᠪᠠᠶᠢᠵᠠᠢ᠃ ᠸᠢᠢᠰᠢᠨᠪᠠᠭᠠᠨ᠎ᠠ ᠪᠦᠬᠦ  ᠣᠯᠣᠰ ᠤᠨ ᠡᠯ᠎ᠡ ᠦᠨᠳᠣᠰᠣᠳᠠᠨ ᠤ ᠠᠷᠡᠳ ᠳᠦᠮᠡᠨ ᠤ ᠡᠳ᠋ᠯᠡᠨ ᠭᠡᠷᠡᠭᠯᠡᠵᠥ ᠪᠠᠶᠢᠭᠰᠠᠨ ᠲᠠᠮᠠᠬᠢᠨ ᠳᠣᠭᠤᠭ᠎ᠠ ᠶᠢ ᠨᠢᠭᠡᠨᠳᠡ  600 ᠭᠠᠷᠤᠢ ᠴᠣᠭᠯᠠᠭᠤᠯᠣᠨ ᠬᠤᠷᠢᠶᠠᠵᠣ᠂ ᠤᠯᠠᠮᠵᠢᠯᠠᠯᠳᠤ ᠰᠤᠶᠤᠯ ᠢᠶᠠᠨ ᠦᠪᠯᠡᠵᠤ ᠶᠠᠪᠤᠨ᠎ᠠ᠃ ᠬᠤᠵᠢᠮ ᠨᠡᠩ ᠤᠯᠠᠨ  ᠲᠠᠮᠠᠬᠢᠨ ᠲᠤᠭᠤᠭ᠎ᠠ ᠴᠤᠭᠯᠠᠭᠤᠯᠵᠤ᠂ ᠲᠠᠮᠠᠬᠢᠨ ᠳᠣᠭᠤᠭ᠎ᠠ ᠶᠢᠨ ᠳᠡᠯᠭᠡᠨ ᠦᠵᠡᠭᠦᠯᠭᠡ ᠭᠠᠷᠭᠠᠬᠤ ᠰᠠᠨᠠᠭ᠎ᠠ ᠲᠠᠢ ᠪᠠᠶᠢᠵᠤ᠂  ᠲᠠᠮᠠᠬᠢ ᠳᠠᠲᠠᠬᠤ ᠶᠢᠨ ᠬᠤᠤᠷ ᠬᠦᠨᠦᠭᠡᠯ ᠢ ᠤᠯᠠᠨ ᠲᠦᠮᠡᠨ ᠳᠤ ᠮᠡᠳᠡᠷᠡᠬᠦᠯᠵᠦ᠂ ᠲᠠᠮᠠᠬᠢ ᠵᠤᠭᠰᠤᠭᠠᠬᠤ ᠶᠢᠨ ᠠᠰᠢᠭ  ᠲᠤᠰᠠ ᠶᠢ ᠳᠠᠶᠠᠭᠠᠷ ᠤᠯᠠᠨ ᠳᠤ ᠤᠬᠠᠭᠤᠯᠬᠤ ᠪᠠᠷ ᠪᠠᠶᠢᠨ᠎ᠠ᠃  
        ᠮᠠᠯᠴᠢᠨ ᠸᠢᠢᠰᠢᠨᠪᠠᠭᠠᠨ᠎ᠠ᠄ ︽ᠪᠢ ᠪᠤᠯ ᠦᠨᠳᠦᠰᠦᠳᠡᠨ ᠤ ᠰᠤᠶᠤᠯ ᠳᠠᠭᠠᠨ ᠬᠠᠶᠢᠷᠠᠲᠠᠢ ᠬᠦᠮᠦᠨ᠃ ᠲᠡᠶᠢᠮᠦ  ᠤᠴᠢᠷ ᠠᠴᠠ ᠦᠨᠳᠦᠰᠦᠳᠡᠨ ᠤ ᠤᠨᠴᠠᠯᠢᠭ ᠲᠠᠢ ᠬᠠᠭᠤᠴᠢᠨ ᠡᠳ᠋ᠯᠡᠯ ᠬᠡᠷᠡᠭᠰᠡᠯ ᠢ ᠤᠳᠠᠭᠠᠨ ᠵᠢᠯ ᠬᠤᠷᠢᠶᠠᠨ ᠬᠠᠳᠠᠭᠠᠯᠠᠭᠠᠳ  ᠢᠷᠡᠭᠰᠡᠨ ᠶᠤᠮ᠃ ᠤᠳᠤ ᠪᠤᠯᠬᠤ ᠳᠤ ᠡᠨᠡ ᠠᠵᠢᠯ ᠢ ᠬᠢᠭᠡᠳ ᠬᠤᠷᠢᠭᠠᠳ ᠵᠢᠯ ᠪᠤᠯᠵᠤ ᠪᠠᠶᠢᠨ᠎ᠠ᠃ ᠮᠢᠨᠤ ᠬᠠᠳᠠᠭᠠᠯᠠᠵᠤ  ᠪᠠᠶᠢᠭ᠎ᠠ ᠶᠠᠭᠤᠮ᠎ᠠ ᠲᠤᠳᠤᠷᠠᠬᠢ ᠨᠠᠳᠠ ᠳᠤ ᠬᠠᠮᠤᠭ ᠤᠨ ᠰᠠᠶᠢᠬᠠᠨ ᠰᠠᠨᠠᠭᠳᠠᠳᠠᠭ᠂ ᠮᠦᠨ ᠴᠤ ᠮᠢᠨᠤ ᠬᠠᠮᠤᠭ ᠤᠨ ᠬᠠᠶᠢᠷᠠᠲᠠᠢ  ᠵᠦᠢᠯ ᠪᠤᠯ ᠳᠠᠷᠤᠢ ᠲᠠᠮᠠᠬᠢᠨ ᠲᠤᠭᠤᠭ᠎ᠠ ᠪᠤᠯᠤᠨ᠎ᠠ᠃ ᠲᠠᠮᠠᠬᠢ ᠭᠡᠳᠡᠭ ᠵᠦᠢᠯ ᠪᠤᠯ ᠠᠯᠢ ᠲᠦᠷᠦ ᠳᠤ ᠴᠤ ᠲᠤᠳᠠᠭᠳᠠᠵᠤ  ᠪᠠᠶᠢᠭᠰᠠᠨ ᠦᠭᠡᠢ᠂ ᠠᠯᠢ ᠲᠦᠷᠤ ᠳᠤ ᠴᠤ ᠲᠠᠮᠠᠬᠢ ᠶᠢ ᠳᠠᠲᠠᠭᠠᠳ ᠢᠷᠡᠭᠰᠡᠨ᠂ ᠲᠡᠷᠡ ᠪᠤᠯ ᠬᠦᠮᠦᠨ ᠤ ᠪᠡᠶ᠎ᠡ ᠳᠤ  ᠲᠦᠢᠯ ᠤᠨ ᠬᠤᠤᠷ ᠲᠠᠢ ᠵᠦᠢᠯ᠃ ᠬᠤᠵᠢᠮ ᠳᠠᠭᠠᠨ ᠪᠢ ᠡᠳᠡᠭᠡᠷ ᠲᠠᠮᠠᠬᠢᠨ ᠲᠤᠭᠤᠭ᠎ᠠ ᠪᠠᠨ ᠴᠤᠭᠯᠠᠭᠤᠯᠵᠤ ᠪᠠᠶᠢᠭᠠᠳ ᠨᠢᠭᠡ  ᠰᠠᠶᠢᠬᠠᠨ ᠳᠡᠯᠭᠡᠨ ᠦᠵᠡᠭᠦᠯᠭᠡ ᠬᠢᠬᠦ ᠰᠠᠨᠠᠭᠠᠲᠡᠢ ᠪᠠᠶᠢᠨ᠎ᠠ᠃ ᠨᠡᠩ ᠤᠯᠠᠨ ᠬᠦᠮᠦᠨ ᠳᠤ ᠲᠠᠮᠠᠬᠢ ᠳᠠᠲᠠᠬᠤ ᠶᠢᠨ ᠬᠤᠤᠷ  ᠬᠦᠨᠦᠭᠡᠯ ᠢ ᠮᠡᠳᠡᠷᠡᠬᠦᠯᠵᠦ᠂ ᠴᠢᠨᠠᠭᠰᠢᠳᠠ ᠦᠷ᠎ᠡ ᠬᠤᠶᠢᠴᠢᠰ ᠲᠠᠭᠠᠨ ᠲᠠᠮᠠᠬᠢᠨ ᠲᠤᠭᠤᠭ᠎ᠠ ᠭᠡᠳᠡᠭ ᠡᠶᠢᠮᠤ ᠨᠢᠭᠡ ᠶᠠᠭᠤᠮ᠎ᠠ  ᠭᠡᠳᠡᠭ ᠢ ᠦᠵᠡᠭᠦᠯᠬᠦ ᠰᠠᠨᠠᠭᠠᠲᠠᠢ︾ ᠬᠡᠵᠤ ᠪᠠᠶᠢᠯ᠎ᠠ᠃    
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ