2023 ᠣᠨ ᠤ ᠠᠰᠫᠢᠷᠠᠨᠲ ᠰᠢᠯᠭᠠᠬᠤ ᠴᠠᠭ ᠲᠣᠭᠲᠠᠪᠠ
ᠨᠡᠶᠢᠲᠡᠯᠡᠭᠰᠡᠨ ᠴᠠᠭ᠄
2022/9/9
      ᠰᠤᠷᠭᠠᠨ ᠬᠥᠮᠦᠵᠢᠯ ᠤᠨ ᠶᠠᠮᠤᠨ ᠣᠶᠢᠷ᠎ᠠ ᠳᠤ  ︽2023 ᠣᠨ ᠤ  ᠪᠥᠬᠦ ᠤᠯᠤᠰ ᠤᠨ ᠠᠰᠫᠢᠷᠠᠨᠲ ᠡᠯᠰᠡᠬᠦ ᠠᠵᠢᠯ ᠤᠨ  ᠬᠠᠮᠢᠶᠠᠷᠤᠯᠲᠠ ᠶᠢᠨ ᠲᠣᠭᠲᠠᠭᠠᠯ ︾ ᠢ ᠳᠠᠷᠤᠮᠠᠯᠯᠠᠨ ᠲᠠᠷᠬᠠᠭᠠᠵᠤ᠂ ᠡᠯ᠎ᠡ ᠭᠠᠵᠠᠷ ᠡᠯ᠎ᠡ ᠰᠣᠷᠣᠭᠴᠢ ᠡᠯᠰᠡᠬᠦ ᠨᠢᠭᠡᠴᠡ ᠶᠢᠨ ᠬᠢᠵᠢᠭ ᠢ  ᠰᠡᠷᠭᠡᠶᠢᠯᠡᠨ ᠬᠤᠷᠢᠭᠯᠠᠬᠤ ᠶᠢ ᠪᠠᠶᠢᠩᠭᠤᠵᠢᠭᠤᠯᠤᠭᠰᠠᠨ ᠨᠥᠬᠦᠴᠡᠯ ᠲᠣᠣᠷ᠎ᠠ  ᠠᠰᠫᠢᠷᠠᠨᠲ ᠤᠨ ᠰᠢᠯᠭᠠᠯᠲᠠ ᠬᠢᠵᠦ ᠰᠣᠷᠣᠭᠴᠢ ᠡᠯᠰᠡᠬᠦ ᠠᠵᠢᠯ ᠢ  ᠨᠢᠭᠡᠳᠦᠯᠲᠡᠶ ᠲᠥᠯᠥᠪᠯᠡᠨ ᠰᠠᠶᠢᠲᠤᠷ ᠬᠢᠬᠦ ᠲᠤᠬᠠᠶ ᠪᠠᠶᠢᠷᠢᠯᠠᠭᠤᠯᠪᠠ᠃      2023 ᠣᠨ ᠤ ᠪᠥᠬᠦ ᠤᠯᠤᠰ ᠤᠨ ᠠᠰᠫᠢᠷᠠᠨᠲ ᠡᠯᠰᠡᠬᠦ ᠰᠢᠯᠭᠠᠯᠲᠠ ᠶᠢᠨ ᠠᠩᠬᠠᠨ ᠤ ᠰᠢᠯᠭᠠᠯᠲᠠ ᠶᠢ 12 ᠰᠠᠷ᠎ᠠ ᠶᠢᠨ 24 ᠤ ᠡᠳᠦᠷ ᠠᠴᠠ 25 ᠤ ᠡᠳᠦᠷ ᠪᠣᠯᠲᠠᠯ᠎ᠠ ᠶᠠᠪᠤᠭᠳᠠᠭᠤᠯᠵᠤ᠂ ᠰᠢᠯᠭᠠᠯᠲᠠ ᠶᠢᠨ ᠴᠠᠭ ᠨᠢ 3 ᠴᠠᠭ ᠢ ᠭᠡᠳᠦᠷᠡᠬᠦ ᠪᠤᠶᠤ ᠵᠢᠷᠤᠭ ᠤᠨ ᠬᠠᠪᠲᠠᠰᠤ  ᠬᠡᠷᠡᠭᠯᠡᠬᠦ ᠵᠡᠷᠭᠡ ᠣᠨᠴᠠᠭᠠᠶ ᠱᠠᠭᠠᠷᠳᠠᠯᠭ᠎ᠠ ᠲᠠᠢ ᠴᠥᠭᠡᠨ ᠲᠣᠭᠠᠨ ᠤ  ᠰᠢᠯᠭᠠᠯᠲᠠ ᠶᠢᠨ ᠬᠢᠴᠢᠶᠡᠯ ᠲᠥᠷᠥᠯ ᠢ 12 ᠰᠠᠷ᠎ᠠ ᠶᠢᠨ 26 ᠤ ᠡᠳᠦᠷ ᠰᠢᠯᠭᠠᠨ᠎ᠠ᠃  
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ