ᠬᠠᠭᠤᠴᠢᠨ ᠰᠦᠷᠦᠭ ᠤᠨ ᠵᠠᠮᠰᠣ ᠶᠢᠨ《 ᠡᠷᠳᠡᠨ ᠡᠳᠦᠭᠡ ᠶᠢᠨ ᠰᠣᠨᠣᠰᠬᠠᠯ ᠬᠡᠮᠡᠮᠣᠢ》 ᠶᠢᠨ ᠳᠣᠬᠠᠢ ︿ᠨᠢᠭᠡ﹀
ᠨᠡᠶᠢᠲᠡᠯᠡᠭᠰᠡᠨ ᠴᠠᠭ᠄
2023/1/31
                                                         ᠨᠣᠶᠠᠨ ᠴᠢᠮᠡᠳ᠂ ᠬᠦᠭᠵᠢᠯᠳᠦ      《 ᠡᠷᠳᠡᠨ ᠡᠳᠦᠭᠡ ᠶᠢᠨ ᠰᠣᠨᠣᠰᠬᠠᠯ ᠬᠡᠮᠡᠮᠣᠢ》 ᠶᠢᠨ ᠡᠬᠢᠨ ᠤ ᠨᠢᠭᠤᠷ ᠲᠤ〈 ᠭᠤᠯᠳᠣ ᠵᠣᠯᠳᠣ ᠠᠬ᠎ᠠ ᠳᠡᠭᠦᠦ ᠬᠤᠶᠠᠭᠤᠯᠠ ᠪᠣᠯᠪᠠᠰᠣ ᠳᠡᠭᠡᠳᠣ ᠴᠢᠩᠭᠢᠰ ᠪᠣᠭᠳᠠ ᠶᠢᠨ ᠬᠤᠷᠢᠨ ᠨᠢᠭᠡᠳᠦᠭᠡᠷ ᠦᠶ᠎ᠡ ᠶᠢᠨ ᠣᠴᠢ ᠪᠣᠯᠬᠤ ᠯᠢᠭᠳᠡᠨ ᠬᠤᠳᠣᠭᠳᠣ ᠠᠴᠠ ᠨᠠᠶᠢᠮᠠᠨ ᠬᠦᠪᠡᠭᠦᠨ ᠬᠡᠮᠡᠮᠣᠢ᠂ ᠳᠣᠯᠣᠭᠠᠨ ᠬᠦᠪᠡᠭᠦᠨ ᠶᠢᠨ ᠪᠣᠰᠣ᠂ ᠳᠣᠯᠣᠭᠠᠨ ᠬᠤᠰᠢᠭᠤ ᠳᠤ᠂ ᠳᠦᠯᠬᠢᠨ ᠭᠠᠷᠭᠠᠵᠣᠬᠦᠢ᠂ ᠳᠡᠭᠦᠣ ︵ᠳᠡᠭᠦᠣ ᠨᠢ ᠳᠡᠭᠦᠨᠣ ᠪᠣᠯᠣᠨ᠎ᠠ— ᠵᠣᠬᠢᠶᠠᠭᠴᠢ ᠠᠴᠠ︶ ᠳᠡᠳ᠋ ᠬᠦᠪᠡᠬᠦᠨ ᠶᠢᠨ ᠬᠦᠪᠡᠭᠡ ᠱᠢᠷᠠ ᠬᠤᠰᠢᠭᠤᠨ ᠳᠤ ᠰᠣᠭᠤᠯᠭᠠᠴᠣᠬᠦᠢ᠂ ᠳᠡᠭᠦᠣ ︵ᠳᠡᠭᠦᠣ ᠨᠢ ᠳᠡᠭᠦᠨᠣ ᠪᠣᠯᠣᠨ᠎ᠠ— ᠵᠣᠬᠢᠶᠠᠭᠴᠢ ᠠᠴᠠ︶ ᠳᠦᠷᠪᠡᠳᠦᠭᠡᠷ ᠦᠶ᠎ᠡ ᠶᠢᠨ ᠣᠴᠢ ᠪᠣᠯᠬᠤ ᠭᠤᠯᠳᠣ ᠵᠣᠯᠳᠣ ᠠᠬ᠎ᠠ ᠳᠡᠭᠦᠦ ᠬᠤᠶᠠᠭᠤᠯᠠ ᠢ ᠰᠦᠷᠦᠭ ᠬᠤᠱᠢᠭᠤᠨ ᠳᠤᠷ ᠢᠯᠭᠡᠬᠦᠢ ᠳᠤᠷ ᠬᠤᠶᠠᠷ ᠭᠡᠷ ᠠᠷᠪᠠᠨ ᠵᠣᠷᠭᠠᠨ ︵ᠵᠢᠷᠭᠤᠭᠠᠨ— ᠵᠣᠬᠢᠶᠠᠭᠴᠢ ᠠᠴᠠ︶ ᠠᠮᠠ ᠬᠡᠮᠡᠮᠣᠢ᠂ ᠡᠶᠡᠪᠡᠷ ᠵᠠᠰᠠᠭᠴᠢ ᠶᠢᠨ ᠳᠦᠷᠪᠡᠳᠦᠭᠡᠷ ᠵᠢᠯ ᠢᠯᠭᠠᠨ ᠰᠠᠯᠭᠠᠵᠣ᠂ ᠢᠷᠡᠭᠦᠢ ᠳᠤ ᠡᠶᠡᠪᠡᠷ ᠵᠠᠰᠠᠭᠴᠢ ᠶᠢᠨ ᠵᠣᠷᠭᠠᠳᠣᠭᠠᠷ ︵ᠵᠢᠷᠭᠤᠭᠠᠳᠣᠭᠠᠷ— ᠵᠣᠬᠢᠶᠠᠭᠴᠢ ᠠᠴᠠ︶ ᠣᠨ ᠳᠤ ᠬᠦᠷᠡᠨ ᠢᠷᠴᠣᠬᠤᠢ᠂ ᠵᠣᠨ ᠤ ᠳᠡᠷᠢᠭᠦᠨ ᠰᠠᠷᠠᠳᠣᠷ ᠬᠡᠮᠡᠮᠣᠢ 〉—      ᠡᠶᠡᠪᠡᠷ ᠵᠠᠰᠠᠭᠴᠢ ᠭᠡᠭᠴᠢ ᠳᠠᠶᠢᠴᠢᠩ ᠭᠦᠷᠦᠨ ᠤ ᠰᠢᠽᠣ ᠬᠠᠭᠠᠨ ᠠᠶᠢᠰᠢᠨ ᠭᠢᠷᠣᠣ ᠹᠦ᠋ ᠯᠢᠨ ᠤ ᠣᠨ ᠴᠣᠯᠠ ᠪᠣᠯᠣᠨ᠎ᠠ᠃ ᠠᠶᠢᠰᠢᠨ ᠭᠢᠷᠣᠣ ᠹᠦ᠋ ᠯᠢᠨ ᠨᠡᠶᠢᠳᠡ ᠶᠢᠨ ᠣᠨ ᠳᠣᠭᠠᠯᠠᠯ ᠤᠨ1638 ᠣᠨ ᠳᠤ ᠮᠡᠨᠳᠦᠯᠡᠵᠣ᠂ ᠵᠢᠷᠭᠤᠭᠠᠨ ᠨᠠᠰᠣ  ᠲᠠᠢ1644 ᠣᠨ ᠳᠤ ᠳᠠᠶᠢᠴᠢᠩ ᠭᠦᠷᠦᠨ ᠤ ᠬᠠᠭᠠᠨ ᠰᠠᠭᠤᠵᠣ ᠣᠨ ᠴᠣᠯᠠ ᠶᠢ ︿ᠡᠶᠡᠪᠡᠷ ᠵᠠᠰᠠᠭᠴᠢ﹀ ᠭᠡᠪᠡ᠃ 1644 ᠣᠨ ᠪᠣᠯ ᠡᠶᠡᠪᠡᠷ ᠵᠠᠰᠠᠭᠴᠢ  ᠶᠢᠨ ᠨᠢᠭᠡᠳᠦᠭᠡᠷ ᠣᠨ ᠪᠣᠯᠣᠨ᠎ᠠ᠃ ᠡᠶᠡᠪᠡᠷ ᠵᠠᠰᠠᠭᠴᠢ ᠶᠢᠨ ᠳᠦᠷᠪᠡᠳᠦᠭᠡᠷ ᠪᠣᠯ 1647 ᠣᠨ᠂ ᠳᠣᠰ ᠵᠢᠯ ᠭᠤᠯᠳᠣ ᠵᠣᠯᠳᠣ ᠠᠬ᠎ᠠ ᠳᠡᠭᠦᠦ ᠬᠤᠶᠠᠭᠤᠯᠠ‌‍ᠣᠶᠠᠷ ᠭᠡᠷ ᠠᠷᠪᠠᠨ ᠵᠢᠷᠭᠤᠭᠠᠨ ᠬᠦᠮᠦᠨ ᠠᠮᠠ ᠶᠢ ᠰᠦᠷᠦᠭ ᠤᠨ ᠬᠤᠰᠢᠭᠤᠨ ᠲᠤ ᠳᠣᠮᠢᠯᠠᠪᠠ᠃ ᠡᠨᠠ ᠰᠦᠷᠦᠭ ᠤᠨ ᠬᠤᠰᠢᠭᠤ ᠪᠣᠯ ᠡᠶᠡᠪᠡᠷ ᠵᠠᠰᠠᠭᠴᠢ ᠶᠢᠨ ᠬᠤᠶᠠᠳᠣᠭᠠᠷ ᠣᠨ ᠳᠤ ᠪᠠᠶᠢᠭᠤᠯᠠᠭᠳᠠᠵᠣ᠂ ᠳᠠᠶᠢᠴᠢᠩ ᠭᠦᠷᠦᠨ ᠤ ᠬᠠᠭᠠᠨ ᠤ ᠮᠣᠷᠢ᠂ ᠦᠬᠡᠷ᠂ ᠬᠤᠨᠢ ᠶᠢᠨ ᠰᠦᠷᠦᠭ ᠳᠠᠯᠪᠢᠵᠣ ᠪᠠᠶᠢᠭᠰᠠᠨ ᠭᠠᠵᠠᠷ ᠪᠣᠯᠣᠨ᠎ᠠ᠃      ᠭᠤᠯᠳᠣ ᠵᠣᠯᠳᠣ ᠠᠬ᠎ᠠ ᠳᠡᠭᠦᠣ ᠬᠤᠶᠠᠷ ᠪᠣᠯ ᠴᠢᠩᠭᠢᠰ ᠪᠣᠭᠳᠠ ᠶᠢᠨ ᠬᠤᠶᠢᠴᠢᠰ ᠪᠣᠯᠬᠤ ᠠᠯᠳᠠᠨ ᠣᠷᠣᠭᠳᠠᠨ ᠶᠠᠰᠣᠳᠠᠨ ᠤ ᠬᠤᠶᠢᠴᠢᠰ ᠯᠢᠭᠳᠡᠨ ᠬᠤᠳᠣᠭᠳᠣ ᠬᠠᠭᠠᠨ ᠤ ᠬᠤᠶᠢᠴᠢᠰ ᠪᠣᠯᠣᠨ᠎ᠠ᠃ ᠳᠣᠰ ᠪᠢᠴᠢᠭ ᠲᠤ ︿ᠳᠡᠭᠦᠨᠣ᠂᠂᠂ ᠦᠶ᠎ᠡ﹀  ᠶᠢᠨ ︿ᠳᠡᠭᠦᠨᠣ﹀ ᠨᠢ ᠯᠢᠭᠳᠡᠨ ᠬᠤᠳᠣᠭᠳᠣ ᠬᠠᠭᠠᠨ ᠢ ᠵᠢᠭᠠᠪᠠ᠃ ᠯᠢᠭᠳᠡᠨ ᠬᠤᠳᠣᠭᠳᠣ ᠬᠠᠭᠠᠨ1592 ᠣᠨ ᠬᠠᠷ᠎ᠠ ᠯᠣᠣ ᠵᠢᠯ ᠮᠡᠨᠳᠦᠯᠡᠵᠣ᠂ ᠴᠢᠩᠭᠢᠰ ᠪᠣᠭᠳᠠ ᠤ ᠠᠷᠪᠠᠨ ᠳᠠᠪᠣᠳᠣᠭᠠᠷ ᠦᠶ᠎ᠡ ᠶᠢᠨ ᠪᠠᠳᠣᠮᠦ᠋ᠡᠭᠬᠡ ᠳᠠᠶᠠᠨ ᠬᠠᠭᠠᠨ ᠤ ᠨᠠᠶᠢᠮᠠᠳᠣᠭᠠᠷ ᠦᠶ᠎ᠡ ᠶᠢᠨ ᠬᠤᠶᠢᠴᠢᠰ ᠪᠣᠯᠣᠨ᠎ᠠ᠂ ᠴᠢᠩᠭᠢᠰ ᠪᠣᠭᠳᠠ ᠠᠴᠠ ᠬᠤᠷᠢᠨ ᠬᠤᠶᠠᠳᠣᠭᠠᠷ ᠦᠶ᠎ᠡ ᠪᠣᠯ ᠳᠠᠭᠠᠷᠠᠨ᠎ᠠ᠃1604 ᠣᠨ ᠳᠤ ᠠᠷᠪᠠᠨ ᠭᠤᠷᠪᠠᠨ ᠨᠠᠰᠣᠨ ᠳᠠᠭᠠᠨ ᠣᠮᠠᠷᠠᠳᠣ ᠶᠣᠸᠠᠨ ᠣᠯᠣᠰ ᠤᠨ ᠬᠠᠭᠠᠨ ᠤ ᠣᠷᠣ ᠢ ᠵᠢᠯᠭᠠᠮᠵᠢᠯᠠᠵᠣ ᠪᠢᠯᠡ᠃      ᠳᠣᠰ ᠪᠢᠴᠢᠭ ᠲᠤ ᠯᠢᠭᠳᠡᠨ ᠬᠤᠳᠣᠭᠳᠣ ᠬᠠᠭᠠᠨ ᠢ ᠳᠣᠯᠣᠭᠠᠨ ᠬᠦᠦ ᠲᠠᠢ ᠭᠡᠵᠣ ᠪᠣᠢ᠃ ᠳᠡᠣᠬᠡ ᠶᠢᠨ ᠳᠡᠮᠳᠡᠭᠯᠡᠯ ᠲᠤ ᠪᠠᠶᠢᠬᠤ ᠨᠢ ᠡᠷᠬᠡ ᠬᠤᠨᠭ᠍ᠬᠤᠷ ︵ᠪᠠᠰᠠ ᠠᠵᠠᠢ ᠬᠤᠨᠭ᠍ᠬᠤᠷ᠂ ᠡᠵᠡᠨ ᠬᠤᠨᠭ᠍ᠬᠤᠷ ᠭᠡᠳᠡᠭ︶᠂ ᠠᠪᠣᠨᠢ ᠴᠢᠨ ᠸᠠᠩ ᠬᠤᠶᠠᠷ ᠪᠣᠢ᠃ ᠪᠣᠳᠣᠪᠠᠯ ᠪᠣᠰᠣᠳ ᠨᠢ ᠳᠡᠮᠳᠡᠭᠯᠡᠭᠳᠡᠭᠰᠡᠨ ᠦᠭᠡᠢ᠃ ᠯᠢᠭᠳᠡᠨ ᠬᠤᠳᠣᠭᠳᠣ ᠬᠠᠭᠠᠨ ᠤ ᠶᠡᠭᠡ ᠬᠠᠳᠣᠨ ᠨᠢ ᠵᠦᠷᠴᠢᠳ ᠤᠨ ᠶᠡᠭᠡ ᠨᠠᠷ ᠠᠶᠢᠮᠠᠭ ᠤᠨ ᠶᠢᠨ ᠳᠠᠶᠢᠱᠢ ᠶᠢᠨ ᠬᠦᠦ ᠳᠡᠯᠭᠡᠷ ᠳᠠᠶᠢᠱᠢ ᠶᠢᠨ ᠦᠬᠢᠨ ᠰᠣᠳᠠᠢ ᠳᠠᠶᠢᠬᠤ ᠬᠠᠳᠠᠨ᠂ ᠬᠤᠶᠠᠳᠣᠭᠠᠷ ᠬᠠᠳᠣᠨ ᠨᠢ ᠨᠢᠶᠠᠩ ᠨᠢᠶᠠᠩ ᠳᠠᠶᠢᠬᠤ ᠵᠡᠷᠭᠡ ᠨᠠᠶᠢᠮᠠᠨ ᠬᠠᠳᠣᠨ ᠲᠠᠢ ᠭᠡᠵᠣ ᠳᠡᠣᠬᠡᠨ᠎ᠡ ᠳᠡᠮᠳᠡᠭᠡᠯᠡᠰᠦᠳᠡᠢ᠃ 1634 ᠣᠨ ᠳᠤ ᠯᠢᠭᠳᠡᠨ ᠬᠤᠳᠣᠭᠳᠣ ᠬᠠᠭᠠᠨ ᠰᠢᠷ᠎ᠠ ᠳᠠᠯ᠎ᠠ ᠳᠤ ᠳᠡᠭᠷᠢ ᠳᠤ ᠬᠠᠶᠢᠯᠠᠭᠰᠣᠨ᠎ᠠ ᠰᠣᠳᠠᠢ ᠳᠠᠶᠢᠬᠤ᠂ ᠠᠷᠪᠠᠨ ᠬᠤᠶᠠᠷ ᠨᠠᠰᠣ ᠲᠠᠢ ᠡᠷᠬᠡ ᠬᠤᠨᠭ᠍ᠬᠤᠷ ᠡᠬᠡ ᠬᠦᠪᠡᠭᠦᠨ ᠬᠤᠶᠠᠷ ᠬᠠᠭᠠᠨ ᠳᠦᠷᠣ ᠶᠢᠨ ᠬᠠᠰᠪᠣᠣ ᠳᠠᠮᠠᠭ᠎ᠠ ᠶᠢ ᠠᠶᠢᠰᠢᠨ ᠭᠦᠷᠦᠨ ᠤ ᠬᠠᠨ ᠬᠤᠩ ᠳᠠᠶᠢᠵᠢ ︵ᠡᠶᠡᠪᠡᠷ ᠵᠠᠰᠠᠭᠴᠢ ᠬᠠᠭᠠᠨ ᠹᠦ᠋ ᠯᠢᠨ ᠤ ᠠᠪᠤ︶ ᠳᠤ ᠡᠷᠭᠦᠵᠣ ᠠᠶᠢᠰᠢᠨ ᠭᠦᠷᠦᠨ ᠳᠤ ᠣᠷᠣᠵᠣ ᠦᠭᠭᠦᠪᠡ᠃ ᠬᠦᠬᠡᠭᠴᠢᠨ ᠭᠠᠭ᠋ᠠᠢ ᠵᠢᠯ ︵1635 ᠣᠨ︶ ᠨᠢᠶᠠᠩ ᠨᠢᠶᠠᠩ ᠶᠢ  ᠬᠤᠨᠭ᠌ ᠳᠠᠶᠢᠵᠢ ᠪᠡᠶ᠎ᠡ ᠳᠡᠭᠡᠨ ᠠᠪᠴᠣ᠂ ᠡᠷᠬᠡ ᠬᠤᠨᠭ᠍ᠬᠤᠷ ᠲᠤ ᠦᠪᠡᠷ ᠤᠨ ᠦᠬᠢᠨ ᠡᠷᠬᠡ ᠭᠦᠷᠦᠨ ᠭᠦᠡᠭᠵᠣ ᠢᠶᠠᠨ ᠦᠭᠴᠦ᠂ 1636 ᠣᠨ ᠳᠤ ᠬᠤᠩ ᠳᠠᠶᠢᠵᠢ ᠣᠯᠣᠰ ᠤᠨ ᠴᠣᠯᠠ ᠪᠠᠨ ︿ᠳᠠᠶᠢᠴᠢᠩ﹀ ᠭᠡᠵᠣ᠂ ᠵᠢᠩᠬᠡᠨᠢ ᠪᠠᠷ ᠬᠠᠭᠠᠨ ᠰᠠᠭᠤᠪᠠ᠃ ᠭᠤᠯᠳᠣ ᠵᠣᠯᠳᠣ ᠯᠢᠭᠳᠡᠨ ᠬᠤᠳᠣᠭᠳᠣ ᠬᠠᠭᠠᠨ ᠤ ᠳᠡᠳ᠋ ᠬᠦᠪᠡᠬᠦᠨ ᠤ ᠬᠤᠶᠢᠴᠢᠰ᠂ ᠯᠢᠭᠳᠡᠨ ᠬᠤᠳᠣᠭᠳᠣ ᠬᠠᠭᠠᠨ ᠤ ᠳᠦᠷᠪᠡᠳᠦᠭᠡᠷ ᠦᠶ᠎ᠡ ᠪᠣᠯ ᠠᠪᠣᠨᠢ ᠴᠢᠨ ᠸᠠᠩ ᠤᠨ ᠣᠮᠪᠣᠯ ᠦᠶ᠎ᠡ ᠲᠠᠢ᠂ ᠡᠷᠬᠡ ᠬᠤᠨᠭ᠍ᠬᠤᠷ ᠬᠡᠣᠬᠡᠳ ᠦᠭᠡᠢ ᠨᠠᠰᠣ ᠪᠠᠷᠠᠵᠣ᠂ ᠠᠪᠣᠨᠢ ᠴᠢᠨ ᠸᠠᠩ ᠡᠷᠬᠡ ᠭᠦᠡᠭᠵᠣ  ᠲᠠᠢ ᠵᠠᠯᠭᠠᠵᠣ ᠰᠠᠭᠤᠵᠣ ᠪᠦᠷᠨᠠᠢ᠂ ᠯᠣᠪᠰᠠᠩ ᠬᠤᠶᠠᠷ ᠬᠦᠦ ᠲᠠᠢ ᠭᠡᠵᠣ ᠳᠡᠣᠬᠡᠨ᠎ᠡ ᠳᠡᠮᠳᠡᠭᠡᠯᠡᠵᠣ ᠪᠣᠢ᠃     1634ᠣᠨ ᠳᠤ ᠡᠷᠬᠡ ᠬᠤᠨᠭ᠍ᠬᠤᠷ ᠠᠷᠪᠠᠨ ᠬᠤᠶᠠᠷ ᠨᠠᠰᠣ ᠲᠠᠢ ᠭᠡᠵᠣ ᠳᠡᠣᠬᠡᠨ ᠳᠤ ᠳᠡᠮᠳᠡᠭᠡᠯᠡᠵᠣ ᠪᠣᠢ᠂ ᠳᠡᠭᠡᠪᠡᠯ ᠡᠷᠬᠡ ᠬᠤᠨᠭ᠍ᠬᠤᠷ1622 ᠣᠨ ᠳᠤ ᠮᠡᠨᠳᠦᠯᠡᠪᠡ᠂ ᠳᠣᠰ ᠵᠢᠯ ᠯᠢᠭᠳᠡᠨ ᠬᠤᠳᠣᠭᠳᠣ ᠬᠠᠭᠠᠨ ᠭᠤᠴᠢᠨ ᠨᠠᠰᠣ ᠲᠠᠢ᠃ ᠡᠶᠡᠪᠡᠷ ᠵᠠᠰᠠᠭᠴᠢ ᠶᠢᠨ ᠳᠦᠷᠪᠡᠳᠦᠭᠡᠷ ᠪᠣᠯ 1647 ᠣᠨ ᠯᠢᠭᠳᠡᠨ ᠬᠤᠳᠣᠭᠳᠣ ᠬᠠᠭᠠᠨ ᠤ ᠳᠦᠷᠪᠡᠳᠦᠭᠡᠷ ᠦᠶ᠎ᠡ  ︵ᠯᠢᠭᠳᠡᠨ ᠬᠤᠳᠣᠭᠳᠣ ᠬᠠᠭᠠᠨ ᠭᠤᠯᠳᠣ ᠵᠣᠯᠳᠣ ᠠᠬ᠎ᠠ ᠳᠡᠭᠦᠦ ᠶᠢᠨ ᠡᠯᠦᠨᠴᠡ ᠪᠣᠯᠣᠨ᠎ᠠ︶ ᠶᠢᠨ ᠭᠤᠯᠳᠣ ᠵᠣᠯᠳᠣ ᠪᠠᠶᠢᠬᠤ ᠠᠴᠠ ᠦᠵᠡᠬᠦ ᠳᠤ᠄ ᠭᠤᠯᠳᠣ ᠵᠣᠯᠳᠣ ᠶᠢᠨ ᠡᠪᠦᠭᠡ ᠪᠣᠯᠬᠤ ᠯᠢᠭᠳᠡᠨ ᠬᠤᠳᠣᠭᠳᠣ ᠬᠠᠭᠠᠨ ᠤ ᠬᠦᠦ ᠨᠢ ᠡᠷᠬᠡ ᠬᠤᠨᠭ᠍ᠬᠤᠷ ᠠᠴᠠ ᠯᠠᠪᠳᠠᠢ ᠠᠬ᠎ᠠ ᠮᠦᠷᠳᠡᠭᠡᠨ ᠭᠤᠣᠯ ᠬᠠᠳᠣᠨ ᠠᠴᠠ ᠳᠦᠷᠦᠭᠰᠡᠨ ᠪᠢᠰᠢ ᠠᠴᠠ ᠳᠡᠣᠬᠡᠨ ᠳᠤ ᠳᠡᠮᠳᠡᠭᠯᠡᠭᠳᠡᠭᠰᠡᠨ ᠦᠭᠡᠢ ᠶᠣᠰᠣ ᠲᠠᠢ᠃ ᠳᠡᠭᠡᠪᠡᠯ 1634 ᠣᠨ ᠳᠤ ᠭᠤᠯᠳᠣ ᠵᠣᠯᠳᠣ ᠶᠢᠨ ᠡᠪᠦᠭᠡ ᠪᠠᠷᠤᠭ ᠬᠤᠷᠢᠨ ᠬᠡᠳᠦᠨ ᠨᠠᠰᠣ ᠲᠠᠢ ᠪᠦᠭᠡᠳ ᠭᠤᠯᠳᠣ ᠵᠣᠯᠳᠣ ᠶᠢᠨ ᠠᠪᠤ ᠨᠢ ᠴᠦ ᠨᠠᠰᠣ ᠪᠠᠷ ᠠᠪᠠᠭ᠎ᠠ ᠪᠣᠯᠬᠤ ᠡᠷᠬᠡ ᠬᠤᠨᠭ᠍ᠬᠤᠷ ᠲᠠᠢ ᠪᠠᠷᠤᠭ ᠪᠠᠶᠢᠵᠣ ᠳᠠᠭᠠᠷᠠᠨ᠎ᠠ᠃ ᠡᠶᠡᠪᠡᠷ ᠵᠠᠰᠠᠭᠴᠢ ᠶᠢᠨ ᠳᠦᠷᠪᠡᠳᠦᠭᠡᠷ ᠣᠨ 1647 ᠣᠨ ᠳᠤ ᠭᠤᠯᠳᠣ ᠵᠣᠯᠳᠣ ᠶᠢᠨ ᠠᠪᠤ ᠨᠢᠭᠡᠨᠳᠡ ᠨᠠᠰᠣ ᠪᠠᠷᠠᠭᠰᠠᠨ ᠦᠴᠢᠷ ᠠᠴᠠ ᠭᠤᠯᠳᠣ ᠵᠣᠯᠳᠣ ᠶᠢᠨ ᠨᠡᠷ᠎ᠡ ᠳᠣᠷᠠᠳᠣᠭᠳᠣᠪᠠ᠂ ᠠᠮᠢᠳᠠ ᠪᠠᠶᠢᠭᠰᠠᠨ ᠪᠣᠯ ᠠᠪᠤ ᠶᠢᠨ ᠬᠢᠨᠢ ᠨᠡᠷ᠎ᠡ ᠶᠢ ᠳᠣᠷᠠᠳᠣᠭᠳᠠᠬᠤ ᠶᠣᠰᠣ ᠲᠠᠢ᠃ ᠡᠶᠡᠪᠡᠷ ᠵᠠᠰᠠᠭᠴᠢ ᠶᠢᠨ ᠳᠦᠷᠪᠡᠳᠦᠭᠡᠷ 1647 ᠣᠨ ᠳᠤ ᠭᠤᠯᠳᠣ ᠵᠣᠯᠳᠣ ᠶᠢᠨ ᠨᠠᠰᠣ ᠮᠦᠨ ᠪᠠᠭ᠎ᠠ ᠪᠠᠷᠤᠭ ᠠᠷᠪᠠ ᠬᠦᠷᠦᠭᠡ ᠦᠭᠡᠢ ᠪᠠᠶᠢᠬᠤ ᠶᠣᠰᠣᠳᠠᠢ᠃          ※ᠵᠢᠱᠢᠯᠳᠠ᠄ ᠭᠤᠯᠳᠣ ᠵᠣᠯᠳᠣ ᠶᠢᠨ ᠡᠪᠦᠭᠡ ᠪᠠᠷᠤᠭ1603 ᠣᠨ ᠳᠤ ᠮᠡᠨᠳᠦᠯᠡᠪᠡ᠂ 1634ᠣᠨ ᠳᠤ ᠪᠠᠷᠤᠭ22 ᠨᠠᠰᠣ ᠲᠠᠢ᠃                 ᠭᠤᠯᠳᠣ ᠵᠣᠯᠳᠣ ᠵᠢᠨ‌ᠠᠪᠤ1620ᠣᠨ ᠳᠤ ᠮᠡᠨᠳᠦᠯᠡᠪᠡ᠂1634ᠣᠨ ᠳᠤ ᠪᠠᠷᠤᠭ15 ᠨᠠᠰᠣ ᠲᠠᠢ᠃                 ᠭᠤᠯᠳᠣ ᠵᠣᠯᠳᠣ ᠪᠠᠷᠤᠭ1637ᠣᠨ ᠳᠤ ᠮᠡᠨᠳᠦᠯᠡᠪᠡ᠂1647 ᠣᠨ ᠳᠤ ᠪᠠᠷᠤᠭ11ᠨᠠᠰᠣ ᠲᠠᠢ᠃
ᠢᠷᠡᠯᠲᠡ᠄ ᠬᠤᠯᠪᠤᠭ᠎ᠠ ᠰᠦᠯᠵᠢᠶ᠎ᠡ