ᠬᠤᠨᠢᠨ ᠤ ᠡᠪᠡᠰᠦ ᠬᠠᠭᠤᠷᠠᠢ ᠡᠪᠡᠰᠦ ᠶᠢ ᠬᠠᠳᠤᠬᠤ ᠳᠤ ᠬᠠᠮᠤᠭ ᠰᠠᠶᠢᠨ ᠨᠢ ᠵᠠᠯᠠᠭᠠᠯᠠᠬᠤ ᠬᠤᠭᠤᠴᠠᠭᠠᠨ ᠳᠤ ᠪᠠᠶᠢᠳᠠᠭ᠂ ᠵᠡᠭᠦᠨ ᠬᠤᠶᠢᠲᠤ ᠣᠷᠣᠨ ᠤ | ᠬᠤᠨᠢᠨ ᠤ ᠡᠪᠡᠰᠦ ᠶᠢ ᠬᠤᠷᠢᠶᠠᠬᠤ ᠳᠤ ᠭᠤᠣᠯᠳᠠᠭᠤ ᠬᠤᠶᠠᠷ ᠬᠤᠭᠤᠴᠠᠭ᠎ᠠ ᠬᠤᠪᠢᠶᠠᠨ᠎ᠠ᠂ ᠨᠢᠭᠡ ᠨᠢ 7 — 8 ᠰᠠᠷ᠎ᠠ ᠠᠴᠠ ᠡᠬᠢᠯᠡᠨ ᠡᠪᠡᠰᠦ ᠬᠤᠷᠢᠶᠠᠨ᠎ᠠ᠂ ᠡᠨᠡ | ᠦᠶ᠎ᠡ ᠳᠤ ᠰᠢᠮ᠎ᠡ ᠲᠡᠵᠢᠭᠡᠯ ᠤᠨ ᠴᠢᠨᠠᠷ ᠨᠢ ᠨᠡᠯᠢᠶᠡᠳ ᠥᠨᠳᠥᠷ᠂ ᠪᠣᠷᠣᠯᠠᠭᠤᠯᠤᠯᠲᠠ ᠶᠢᠨ ᠦᠨ᠎ᠡ ᠨᠢ ᠥᠨᠳᠥᠷ᠂ ᠭᠠᠷᠤᠯᠲᠠ ᠶᠢᠨ ᠬᠡᠮᠵᠢᠶ᠎ᠡ ᠨᠢ ᠳᠣᠣᠷ᠎ᠠ᠂ | ᠤᠰᠤᠨ ᠤ ᠠᠭᠤᠯᠤᠭᠳᠠᠴᠠ ᠨᠢ ᠶᠡᠭᠡ᠂ ᠶᠡᠷᠦ ᠳᠡᠭᠡᠨ 16% ᠠᠴᠠ ᠳᠡᠭᠡᠭᠰᠢ ᠪᠠᠶᠢᠵᠤ᠂ ᠤᠷᠳᠤ ᠬᠤᠭᠤᠴᠠᠭ᠎ᠠ ᠪᠠᠷ ᠬᠠᠳᠠᠭᠠᠯᠠᠬᠤ ᠳᠤ ᠬᠦᠴᠢᠷ᠃ ᠣᠳᠣᠬᠠᠨ ᠤ | ᠨᠠᠶᠢᠷᠠᠭᠤᠯᠬᠤ ᠠᠷᠭ᠎ᠠ ᠪᠣᠯ ᠬᠠᠳᠤᠭᠰᠠᠨ ᠤ ᠳᠠᠷᠠᠭ᠎ᠠ 1 — 3 ᠡᠳᠦᠷ ᠬᠠᠳᠠᠭᠠᠭᠰᠠᠨ ᠤ ᠳᠠᠷᠠᠭ᠎ᠠ ᠤᠷᠢᠳ ᠢᠶᠠᠷ ᠰᠦᠪᠡᠷᠬᠡᠭ ᠵᠢᠵᠢᠭ ᠣᠪᠣᠭ᠎ᠠ ᠪᠣᠯᠭᠠᠨ | ᠣᠪᠣᠭᠠᠯᠠᠵᠤ᠂ ᠠᠭᠠᠵᠢᠮ ᠢᠶᠠᠷ ᠰᠡᠭᠦᠳᠡᠷ ᠲᠤ ᠬᠠᠲᠠᠭᠠᠨ᠂ ᠤᠰᠤᠨ ᠤ ᠠᠭᠤᠯᠤᠭᠳᠠᠴᠠ ᠨᠢ 16% ᠣᠷᠴᠢᠮ ᠪᠣᠯᠪᠠᠯ ᠣᠪᠣᠭᠠᠯᠠᠬᠤ᠂ ᠡᠰᠡᠬᠦᠯ᠎ᠡ ᠪᠡᠯᠴᠢᠭᠡᠷ ᠲᠤ | ᠣᠪᠣᠭᠠᠯᠠᠭᠠᠳ ᠰᠢᠭᠤᠳ ᠪᠤᠭᠤᠵᠢᠯᠠᠵᠤ᠂ ᠡᠰᠡᠬᠦᠯ᠎ᠡ ᠬᠥᠮᠥᠷᠭᠡ ᠳᠤ ᠬᠦᠷᠭᠡᠵᠦ ᠬᠠᠳᠠᠭᠠᠯᠠᠨ᠎ᠠ᠃ ᠬᠤᠶᠠᠷ ᠲᠤ 8 ᠰᠠᠷ᠎ᠠ ᠶᠢᠨ ᠰᠡᠭᠦᠯᠴᠢ ᠠᠴᠠ 9 ᠰᠠᠷ᠎ᠠ ᠪᠣᠯᠲᠠᠯᠠᠬᠢ | ᠬᠤᠭᠤᠴᠠᠭᠠᠨ ᠳᠤ ᠬᠠᠳᠤᠨ᠎ᠠ᠂ ᠡᠨᠡ ᠦᠶ᠎ᠡ ᠳᠤ ᠨᠢᠭᠡᠨᠲᠡ ᠪᠣᠷᠣᠭᠠᠨ ᠤ ᠤᠯᠠᠷᠢᠯ ᠥᠩᠭᠡᠷᠡᠵᠦ᠂ ᠨᠡᠷᠡᠨ ᠳᠤ ᠡᠭᠡᠭᠡᠵᠦ ᠪᠣᠯᠬᠤ ᠴᠠᠭ ᠨᠢ ᠣᠷᠳᠣ ᠰᠢᠭ᠋ ᠪᠠᠶᠢᠵᠤ᠂ | ᠠᠭᠠᠷ ᠤᠨ ᠳᠤᠯᠠᠭᠠᠨ ᠨᠢ ᠴᠦ ᠢᠯᠡᠳᠲᠡ ᠪᠠᠭᠤᠷᠠᠵᠤ᠂ ᠠᠮᠠᠷᠬᠠᠨ ᠸᠠᠯᠠᠬᠤ ᠦᠭᠡᠢ᠂ ᠬᠠᠭᠤᠷᠠᠢ ᠡᠪᠡᠰᠦᠨ ᠤ ᠤᠰᠤᠨ ᠤ ᠠᠭᠤᠯᠤᠭᠳᠠᠴᠠ ᠨᠢ 13% ᠠᠴᠠ | ᠳᠣᠷᠣᠭᠰᠢ ᠪᠠᠶᠢᠵᠤ᠂ ᠶᠡᠭᠡ ᠬᠡᠮᠵᠢᠶ᠎ᠡ ᠪᠠᠷ ᠬᠤᠳᠠᠯᠳᠤᠨ ᠠᠪᠬᠤ ᠪᠤᠶᠤ ᠣᠷᠳᠣ ᠬᠤᠭᠤᠴᠠᠭ᠎ᠠ ᠪᠠᠷ ᠬᠠᠳᠠᠭᠠᠯᠠᠵᠤ ᠪᠣᠯᠣᠨ᠎ᠠ᠃ ᠭᠡᠪᠡᠴᠦ ᠬᠠᠳᠤᠬᠤ ᠬᠤᠭᠤᠴᠠᠭ᠎ᠠ ᠨᠢ | ᠨᠢᠭᠡᠨᠲᠡ ᠪᠣᠯᠪᠠᠰᠤᠷᠠᠭᠰᠠᠨ ᠬᠤᠭᠤᠴᠠᠭ᠎ᠠ ᠠᠴᠠ ᠪᠠᠨ ᠥᠩᠭᠡᠷᠡᠭᠡᠳ ᠰᠢᠷᠠᠯᠠᠬᠤ ᠬᠤᠭᠤᠴᠠᠭ᠎ᠠ ᠳᠤ ᠣᠷᠣᠭᠰᠠᠨ ᠤᠴᠢᠷ ᠠᠴᠠ ᠬᠠᠭᠤᠷᠠᠢ ᠡᠪᠡᠰᠦᠨ ᠤ ᠶᠠᠰᠤ ᠴᠢᠨᠠᠷ ᠨᠢ | ᠪᠠᠭᠤᠷᠠᠭᠰᠠᠨ ᠪᠠᠶᠢᠳᠠᠭ᠃ | | |