ᠣᠷᠳᠣᠰ ᠮᠣᠩᠭᠤᠯᠴᠣᠳ ᠤᠨ ᠣᠷᠣᠨ ᠰᠠᠭᠤᠴᠠ ᠶᠢᠨ ᠣᠯᠠᠷᠢᠯ ᠬᠤᠪᠢᠷᠠᠯ — ᠬᠠᠭᠠᠨ ᠭᠡᠷ
ᠨᠡᠶᠢᠲᠡᠯᠡᠭᠰᠡᠨ ᠴᠠᠭ᠄
2022/10/13
      ᠣᠷᠳᠣᠰ ᠲᠤ ᠭᠡᠷ ᠢ ᠬᠠᠨᠠᠨ ᠭᠡᠵᠤ ᠨᠡᠷᠡᠯᠡᠳᠡᠭ ᠪᠦᠭᠡᠳ 4 ᠬᠠᠨᠠᠳᠣ ᠭᠡᠷ᠂ 5 ᠬᠠᠨᠠᠳᠣ ᠭᠡᠷ᠂ 6 ᠬᠠᠨᠠᠳᠣ ᠭᠡᠷ᠂ 8 ᠬᠠᠨᠠᠳᠣ ᠭᠡᠷ ᠬᠡᠮᠡᠨ ᠬᠠᠨ᠎ᠠ ᠶᠢᠨ ᠬᠢᠨᠢ ᠣᠯᠠᠨ ᠴᠦᠭᠡᠨ ᠢᠶᠠᠷ ᠳᠣᠳᠣᠳᠬᠠᠨ ᠨᠡᠷᠡᠯᠡᠳᠡᠭ᠃      ᠣᠷᠳᠣᠰ ᠮᠤᠩᠭᠤᠯᠴᠣᠳ ᠤᠨ ᠬᠠᠨᠠᠨ ᠭᠡᠷ ᠨᠢ ᠴᠦᠮ ᠪᠤᠰᠣᠳ ᠮᠤᠩᠭᠤᠯ ᠭᠠᠵᠠᠷ ᠤᠨ ᠬᠠᠨᠠᠨ ᠭᠡᠷ ᠲᠠᠢ ᠡᠭᠡᠭᠡ ᠠᠳᠠᠯᠢᠬᠠᠨ ᠪᠠᠶᠢᠵᠤ᠂ 4᠂ 5᠂ 6 ᠂ 8 ᠬᠠᠨ᠎ᠠ ᠪᠠᠷ ᠪᠦᠷᠢᠯᠳᠦᠭᠰᠡᠨ ᠪᠠᠶᠢᠳᠠᠭ᠃ ᠣᠷᠳᠣᠰ ᠮᠤᠩᠭᠤᠯᠴᠣᠳ ᠣᠯᠠᠨ ᠵᠠᠭᠤᠨ ᠤ ᠨᠡᠭᠦᠳᠡᠯᠯᠡᠨ ᠮᠠᠯᠵᠢᠬᠤ ᠶᠠᠪᠤᠴᠠ ᠳᠤ ᠪᠠᠨ ᠨᠡᠭᠦᠵᠤ ᠪᠠᠭᠤᠵᠤ ᠳᠤ ᠳᠦᠭᠦᠮᠭᠡᠨ ᠬᠠᠨᠠᠨ ᠬᠡᠷ ᠲᠤ ᠰᠠᠭᠤᠵᠤ ᠪᠠᠶᠢᠭᠰᠡᠨ ᠪᠦᠭᠡᠳ ᠳᠦᠷᠪᠡᠨ ᠣᠯᠠᠷᠢᠯ ᠤᠨ ᠣᠳᠣᠷᠯᠠᠬᠤ ᠠᠮᠢᠳᠣᠷᠠᠯ ᠳᠤ ᠪᠠᠨ ᠬᠠᠨᠠᠨ ᠭᠡᠷ ᠢ ᠬᠡᠷᠡᠭᠯᠡᠵᠤ ᠪᠠᠶᠢᠪᠠ᠃ ᠡᠨᠡ ᠮᠡᠳᠣ ᠪᠠᠷ ᠬᠠᠨᠠᠨ ᠭᠡᠷ ᠨᠢ ᠳᠡᠭᠡᠷ᠎ᠡ ᠵᠠᠭᠤᠨ ᠤ ᠵᠢᠷᠠᠭᠠᠳ ᠣᠨ ᠤ ︽ᠰᠣᠶᠣᠯ ᠤᠨ ᠬᠤᠪᠢᠰᠬᠠᠯ︾ ᠪᠤᠯᠳᠠᠯ᠎ᠠ᠂ ᠣᠷᠳᠣᠰ ᠮᠤᠩᠭᠤᠯᠴᠣᠳ ᠤᠨ ᠳᠣᠮᠳᠠ ᠬᠡᠷᠡᠭᠯᠡᠭᠳᠡᠵᠤ ᠪᠠᠶᠢᠪᠠ᠃ ᠭᠡᠪᠡᠴᠣ ᠦᠷᠭᠡᠨ ᠳᠡᠯᠭᠡᠷ ᠪᠢᠰᠢ ᠶᠤᠮ᠃ ᠣᠳᠣᠬᠠᠨ ᠳᠤ ᠣᠷᠳᠣᠰ ᠲᠤ ᠬᠠᠨᠠᠨ ᠭᠡᠷ ᠨᠢ ᠮᠤᠩᠭᠤᠯᠴᠣᠳ ᠤᠨ ᠡᠳᠣᠷ ᠳᠣᠳᠣᠮ ᠤᠨ ᠣᠷᠣᠨ ᠰᠠᠭᠤᠴᠠ ᠪᠢᠰᠢ ᠪᠤᠯᠵᠤ ᠬᠠᠷᠢᠨ ᠵᠤᠭᠠᠴᠠᠯ ᠤᠨ ᠭᠠᠵᠠᠷ᠂ ᠬᠤᠭᠤᠯᠠᠨ ᠭᠡᠷ ᠲᠤ ᠬᠡᠷᠡᠭᠯᠡᠭᠳᠡᠵᠤ ᠪᠠᠶᠢᠨ᠎ᠠ᠂ ᠳᠡᠭᠦᠨ ᠤ ᠪᠦᠳᠦᠴᠡ ᠨᠢ ᠴᠣ᠋ ᠣᠨᠳᠣᠣ ᠣᠨᠳᠣᠣ ᠪᠤᠯᠵᠤ᠂ ᠭᠠᠳᠠᠨ᠎ᠠ ᠳᠣᠳᠣᠨ᠎ᠠ ᠶᠢᠨ ᠵᠠᠰᠠᠯ ᠴᠢᠮᠡᠭᠯᠡᠯ ᠨᠢ ᠴᠣ᠋ ᠭᠤᠶᠢᠳᠠ ᠰᠠᠶᠢᠬᠠᠨ ᠪᠤᠯᠤᠭᠰᠡᠨ ᠪᠠᠶᠢᠨ᠎ᠠ᠃ ᠪᠦᠳᠦᠴᠡ ᠶᠢᠨ ᠬᠤᠪᠢ ᠳᠤ ᠬᠠᠨᠠᠨ ᠭᠡᠷ ᠨᠢ ᠬᠠᠨ᠎ᠠ᠂ ᠤᠨᠢ᠂ ᠲᠤᠭᠤᠨᠤ᠂ ᠡᠭᠦᠳᠡ ᠪᠠᠷ ᠪᠦᠷᠢᠯᠳᠦᠵᠤ᠂ ᠢᠰᠡᠭᠡᠢ ᠪᠠᠷ ᠪᠦᠷᠢᠶᠡᠰᠦᠯᠡᠨ᠂ ᠵᠤᠨ ᠳᠤ ᠪᠠᠨ ᠰᠡᠷᠢᠭᠦᠨ᠂ ᠡᠪᠤᠯ ᠳᠤ ᠪᠠᠨ ᠲᠤᠯᠠᠭᠠᠨ ᠪᠠᠶᠢᠳᠠᠭ ᠤᠨᠴᠠᠯᠢᠭ ᠲᠠᠢ᠃
ᠢᠷᠡᠯᠲᠡ᠄ ︽ᠣᠷᠳᠣᠰ ᠮᠤᠩᠭᠤᠯᠴᠣᠳ ᠤᠨ ᠵᠠᠩ ᠦᠢᠯᠡ ᠪᠠ ᠰᠣᠶᠣᠯ ᠳᠡᠣᠭᠡ︾ ᠭᠡᠬᠦ ᠨᠣᠮ ᠠᠴᠠ ᠪᠠᠭᠤᠯᠭᠠᠪᠠ