ᠬᠤᠨᠢ ᠢᠮᠠᠭᠠᠨ ᠤ ᠬᠥᠯᠳᠡᠭᠰᠡᠨ ᠰᠢᠷᠬ᠎ᠠ ᠶᠢ ᠠᠨᠠᠭᠠᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2022/10/14
      ᠬᠤᠨᠢ ᠢᠮᠠᠭ᠎ᠠ ᠬᠠᠬᠢᠷ ᠬᠦᠢᠲᠡᠨ ᠪᠤᠶᠤ ᠭᠡᠨᠡᠳᠲᠡ ᠶᠢᠨ ᠬᠦᠢᠲᠡᠨ ᠴᠠᠰᠤ ᠪᠣᠷᠣᠭᠠᠨ ᠳᠤ ᠲᠠᠭᠠᠷᠢᠭᠳᠠᠵᠤ᠂  ᠰᠢᠯᠪᠢ᠂ ᠴᠢᠬᠢ᠂ ᠲᠥᠮᠥᠰᠥ᠂ ᠰᠡᠭᠦᠯ  ᠵᠡᠷᠭᠡ ᠎ ᠨᠢ  ᠬᠥᠯᠳᠡᠬᠦ ᠦᠵᠡᠭᠳᠡᠯ ᠢᠯᠡᠷᠡᠳᠡᠭ᠃ ᠭᠡᠬᠦ ᠳᠡᠭᠡᠨ ᠴᠡᠴᠡᠷᠡᠬᠦ᠂ ᠰᠢᠳᠥ ᠪᠠᠨ ᠬᠠᠪᠢᠷᠠᠬᠤ᠂ ᠵᠤᠭᠰᠤᠬᠤ ᠢᠯᠡᠷᠡᠯ ᠲᠠᠢ ᠪᠥᠭᠡᠳ ᠬᠥᠯᠳᠡᠭᠰᠡᠨ ᠬᠡᠰᠡᠭ ᠨᠢ  ᠬᠠᠪᠤᠳᠴᠤ ᠴᠥᠪᠥᠷᠢᠭᠦᠦ ᠭᠠᠷᠴᠤ ᠰᠢᠯᠪᠤᠷᠠᠳᠠᠭ᠃ ᠡᠭᠦᠨ ᠢ ᠠᠨᠠᠭᠠᠨ ᠵᠠᠰᠠᠬᠤ ᠠᠷᠭ᠎ᠠ ᠨᠢ ᠄            ᠨᠢᠭᠡ᠂ ᠬᠥᠯᠳᠡᠭᠰᠡᠨ ᠬᠡᠰᠡᠭ ᠢ ᠨᠢ ᠬᠦᠢᠲᠡᠨ ᠤᠰᠤᠨ ᠳᠤ ᠣᠷᠣᠭᠤᠯᠤᠨ ᠳᠠᠷᠠᠭ᠎ᠠ ᠨᠢ ᠬᠤᠵᠢᠷ ᠲᠠᠢ ᠤᠰᠤ ᠪᠠᠷ ᠤᠬᠢᠶᠠᠨ᠎ᠠ᠃            ᠬᠤᠶᠠᠷ᠂ ᠮᠠᠩᠭᠢᠰᠤᠨ ᠲᠣᠰᠣ ᠶᠢ ᠬᠠᠯᠠᠭᠠᠭᠠᠳ ᠲᠦᠷᠬᠢᠵᠦ ᠥᠭᠭᠦᠨ᠎ᠡ᠃            ᠭᠤᠷᠪᠠ᠂ 500 ᠭᠷᠡᠮ ᠣᠯᠣᠰᠤᠨ ᠲᠤᠰᠤᠨ ᠳᠤ100 ᠭᠷᠡᠮ ᠬᠤᠸᠠᠵᠤᠤ ᠬᠢᠵᠦ ᠪᠤᠴᠠᠯᠭᠠᠭᠰᠠᠨ ᠤ ᠳᠠᠷᠠᠭ᠎ᠠ ᠬᠠᠯᠠᠭᠤᠨ ᠢᠶᠠᠷ ᠨᠢ ᠲᠦᠷᠬᠢᠵᠦ  ᠥᠭᠭᠦᠨ᠎ᠡ᠃            ᠳᠥᠷᠪᠡ᠂ 500 ᠭᠷᠡᠮ ᠥᠳᠬᠡᠨ ᠬᠠᠷ᠎ᠠ ᠴᠠᠢ ᠳᠡᠭᠡᠷ᠎ᠡ 50 ᠭᠷᠡᠮ ᠳᠠᠪᠤᠰᠤ ᠬᠢᠭᠡᠳ ᠤᠬᠢᠶᠠᠨ᠎ᠠ᠃            ᠲᠠᠪᠤ᠂ 500 ᠭᠷᠡᠮ ᠠᠳᠤᠭᠤᠨ ᠮᠢᠬᠠᠨ ᠤ ᠳᠤᠰᠤᠨ ᠳᠡᠭᠡᠷ᠎ᠡ 50 ᠭᠷᠡᠮ ᠲᠣᠭᠤᠭᠠᠨ ᠤ ᠬᠥ᠋ ᠨᠡᠮᠡᠭᠡᠳ ᠲᠦᠷᠬᠢᠵᠦ ᠥᠭᠭᠦᠨ᠎ᠡ᠃            ᠵᠢᠷᠭᠤᠭ᠎ᠠ᠂ ᠬᠠᠰᠢ ᠶᠢᠨ ᠡᠰᠢ ᠶᠢ ᠤᠰᠤᠨ ᠳᠤ ᠬᠢᠵᠦ ᠪᠤᠴᠯᠭᠠᠭᠠᠳ ᠰᠥᠮᠥᠰᠤ ᠪᠠᠷ ᠨᠢ ᠬᠥᠯᠳᠡᠭᠰᠡᠨ ᠰᠢᠷᠬ᠎ᠠ ᠶᠢ ᠨᠢ ᠤᠬᠢᠶᠠᠵᠤ ᠥᠭᠭᠦᠨ᠎ᠡ᠃            ᠲᠥᠯᠤᠭ᠎ᠠ᠂ ᠨᠢᠭᠡ ᠬᠡᠰᠡᠭ ᠨᠡᠭᠦᠷᠡᠰᠦ ᠶᠢ ᠭᠠᠯ ᠳᠡᠭᠡᠷ᠎ᠡ ᠵᠢᠭᠠᠬᠠᠨ ᠬᠠᠯᠠᠭᠤᠯᠤᠭᠠᠳ ᠰᠢᠷᠬ᠎ᠠ ᠶᠢ ᠨᠢ ᠵᠦᠯᠭᠦᠨ᠎ᠡ᠃            ᠨᠠᠶᠢᠮᠠ᠂ 100 ᠭᠷᠡᠮ ᠯᠠᠵᠤᠤ ᠶᠢ ᠴᠢᠨᠠᠭᠠᠳ ᠰᠥᠮᠥᠰᠤ ᠪᠠᠷ ᠨᠢ ᠬᠥᠯᠳᠡᠭᠰᠡᠨ ᠬᠡᠰᠡᠭ ᠢ ᠤᠬᠢᠶᠠᠨ᠎ᠠ᠃            ᠶᠢᠰᠦ᠂ ᠬᠠᠷ᠎ᠠ ᠠᠷᠢᠬᠢ ᠶᠢ ᠬᠠᠯᠠᠭᠤᠯᠤᠭᠠᠳ ᠲᠥᠷᠬᠢᠨ᠎ᠡ᠃            ᠠᠷᠪᠠ᠂ ᠰᠠᠷᠢᠮᠰᠠᠭ ᠤᠨ ᠬᠠᠯᠢᠰᠤ ᠶᠢ ᠨᠢ ᠠᠷᠢᠯᠭᠠᠵᠤ ᠨᠢᠴᠠᠯᠤᠭᠠᠳ ᠬᠠᠷ᠎ᠠ ᠠᠷᠢᠬᠢᠨ ᠳᠤ ᠬᠢᠵᠦ ᠡᠳᠦᠷ ᠲᠤ ᠬᠡᠳᠥ ᠤᠳᠠᠭ᠎ᠠ ᠲᠦᠷᠬᠢᠵᠦ ᠥᠭᠭᠦᠨ᠎ᠡ᠃            ᠠᠷᠪᠠᠨ ᠨᠢᠭᠡ᠂ ᠴᠠᠭᠠᠨ ᠨᠣᠭᠤᠭ᠎ᠠ ᠪᠤᠴᠠᠯᠭᠠᠭᠰᠠᠨ ᠰᠥᠮᠥᠰᠤᠨ ᠳᠤ ᠳᠠᠪᠤᠰᠤ ᠨᠡᠮᠡᠭᠡᠳ ᠤᠬᠢᠶᠠᠵᠤ ᠥᠭᠭᠦᠨ᠎ᠡ᠃            ᠠᠷᠪᠠᠨ ᠬᠤᠶᠠᠷ᠂  ᠵᠦᠷᠵᠢ ᠶᠢᠨ ᠬᠠᠯᠢᠰᠤ᠂ ᠴᠭᠠᠨ ᠯᠤᠤᠪᠠᠩ ᠤᠨ ᠨᠠᠪᠴᠢ ᠶᠢ ᠠᠳᠠᠯᠢ ᠬᠡᠮᠵᠢᠶ᠎ᠡ ᠪᠠᠷ ᠬᠢᠵᠦ ᠴᠢᠨᠠᠭᠠᠳ ᠰᠥᠮᠥᠰᠤ ᠶᠢ ᠨᠢ ᠡᠳᠦᠷ ᠲᠤ  ᠬᠤᠶᠠᠷ ᠠᠴᠠ ᠭᠤᠷᠪᠠ ᠤᠳᠠᠭ᠎ᠠ ᠲᠦᠷᠬᠢᠵᠦ ᠥᠭᠭᠦᠨ᠎ᠡ᠃             ︽ᠥᠪᠥᠷ ᠮᠣᠩᠭᠤᠯ ᠤᠨ ᠠᠮᠢᠳᠤᠷᠠᠯ ᠭᠠᠷᠠᠭ ᠤᠨ ᠰᠣᠨᠢᠨ︾᠎ ᠠᠴᠠ ᠪᠠᠭᠤᠯᠭᠠᠪᠠ  
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ