ᠭᠡᠷᠪᠡ ᠪᠢ ᠡᠭᠦᠯᠡ ᠪᠠᠶᠢᠭᠰᠠᠨ ᠪᠤᠯ
ᠨᠡᠶᠢᠲᠡᠯᠡᠭᠰᠡᠨ ᠴᠠᠭ᠄
2022/10/18
   ● ᠪᠦᠳᠤᠮᠵᠢ ︵ᠤᠷᠳᠤᠰ ᠬᠤᠳᠠ ᠶᠢᠨ ᠮᠤᠩᠭᠤᠯ ᠦᠨᠳᠤᠰᠤᠳᠡᠨ ᠤ ᠲᠤᠮᠳᠠᠳᠤ ᠰᠤᠷᠭᠠᠭᠤᠯᠢ ᠶᠢᠨ ᠠᠩᠬ᠎ᠠ 103 ᠳ᠋ᠤᠭᠠᠷ ᠪᠦᠯᠦᠭ︶      ᠭᠡᠷᠪᠡ ᠪᠢ ᠡᠭᠦᠯᠡ ᠪᠠᠶᠢᠭᠰᠠᠨ ᠪᠤᠯ     ᠡᠷᠭᠡ ᠲᠤᠷ ᠎ᠠ ᠪᠠᠷ ᠢᠶᠠᠨ ᠬᠦᠪᠦᠵᠤ    ᠠᠯᠠᠭ ᠲᠡᠯᠡᠭᠡᠢ ᠪᠠᠷ ᠲᠤᠭᠤᠷᠢᠨ     ᠠᠯᠢᠪᠠ ᠪᠦᠭᠦᠨ ᠢ ᠰᠤᠨᠢᠷᠬᠠᠬᠤ ᠪᠠᠶᠢᠭᠰᠠᠨ      ᠭᠡᠷᠪᠡ ᠪᠢ ᠡᠭᠦᠯᠡ ᠪᠠᠶᠢᠭᠰᠠᠨ ᠪᠤᠯ     ᠬᠠᠳᠠᠭ ᠪᠤᠯᠤᠨ ᠬᠤᠪᠢᠯᠵᠤ    ᠤᠳᠤᠮᠳᠤ ᠮᠤᠩᠭᠤᠯ ᠤᠨ ᠰᠤᠶᠤᠯ ᠢᠶᠠᠨ    ᠤᠷᠴᠢᠯᠠᠩ ᠲᠡᠯᠡᠭᠡᠢ ᠳᠤ ᠪᠠᠳᠠᠷᠠᠭᠤᠯᠬᠤ ᠪᠠᠶᠢᠭᠰᠠᠨ    ᠭᠡᠷᠪᠡ ᠪᠢ ᠡᠭᠦᠯᠡ ᠪᠠᠶᠢᠭᠰᠠᠨ ᠪᠤᠯ     ᠬᠠᠴᠢᠨ ᠬᠤᠭᠤᠯᠠᠢ ᠲᠠᠢ ᠰᠢᠪᠠᠭᠤ ᠪᠤᠯᠵᠤ        ᠤᠶᠠᠩᠭ᠎ᠠ ᠶᠢᠨ ᠲᠤᠷᠭᠠᠨ ᠡᠭᠡᠰᠢᠭ ᠢᠶᠠᠷ ᠢᠶᠠᠨ    ᠠᠮᠢᠳᠠᠨ ᠪᠦᠭᠦᠨ ᠢ ᠤᠶᠠᠷᠠᠭᠤᠯᠬᠤ ᠪᠠᠶᠢᠭᠰᠠᠨ    ᠭᠡᠷᠪᠡ ᠪᠢ ᠡᠭᠦᠯᠡ ᠪᠠᠶᠢᠭᠰᠠᠨ ᠪᠤᠯ      ᠬᠠᠯᠠᠭᠤᠨ ᠲᠤᠯᠠᠭᠠᠨ ᠡᠭᠦᠷ ᠪᠤᠯᠵᠤ     ᠡᠵᠡᠭᠦᠢ ᠭᠡᠭᠡᠷ᠎ᠠ ᠶᠢᠨ ᠠᠮᠢ ᠲᠠᠢ ᠪᠤᠳᠠᠰ ᠲᠤ   ᠡᠯᠢᠭᠡᠰᠡᠭ ᠲᠤᠳᠤᠨᠤ ᠭᠡᠷ ᠨᠢ ᠪᠤᠯᠬᠤ ᠪᠠᠶᠢᠭᠰᠠᠨ   ᠭᠡᠷᠪᠡ ᠪᠢ ᠡᠭᠦᠯᠡ ᠪᠠᠶᠢᠭᠰᠠᠨ ᠪᠤᠯ      ᠪᠤᠵᠠᠷ ᠢ ᠠᠷᠢᠭᠤᠳᠬᠠᠭᠴᠢ ᠨᠤᠮ ᠪᠤᠯᠵᠤ       ᠪᠦᠭᠦᠳᠡ ᠮᠠᠭᠤ ᠮᠠᠭᠤᠬᠠᠢ ᠶᠢ ᠦᠭᠡᠶᠢᠰᠭᠡᠨ       ᠪᠦᠭᠦᠳᠡᠭᠡᠷ ᠲᠦᠮᠡᠨ ᠳᠤ ᠠᠵᠠ ᠵᠢᠷᠭᠠᠯ ᠢ ᠡᠳ᠋ᠯᠡᠭᠦᠯᠭᠦ ᠪᠠᠶᠢᠭᠰᠠᠨ        ᠭᠡᠷᠪᠡ ᠪᠢ ᠡᠭᠦᠯᠡ ᠪᠠᠶᠢᠭᠰᠠᠨ ᠪᠤᠯ       ᠨᠠᠷᠠᠨ ᠤ ᠲᠤᠯᠠᠭᠠᠨ ᠢ ᠤᠯᠵᠤ       ᠨᠠᠰᠤᠨ ᠤ ᠵᠢᠷᠭᠠᠯ ᠢ ᠡᠷᠢᠨ        ᠨᠠᠶᠢᠷᠰᠠᠭ ᠰᠠᠶᠢᠬᠠᠨ ᠠᠮᠢᠳᠤᠷᠠᠬᠤ ᠪᠠᠶᠢᠭᠰᠠᠨ       ᠭᠡᠷᠪᠡ ᠪᠢ ᠡᠭᠦᠯᠡ ᠪᠠᠶᠢᠭᠰᠠᠨ ᠪᠤᠯ ᠁       ᠵᠢᠯᠤᠭᠤᠳᠤᠭᠰᠠᠨ ᠪᠠᠭᠰᠢ᠄ ᠲᠠᠨ᠎ᠠ 
ᠢᠷᠡᠯᠲᠡ᠄ ᠣᠷᠳᠣᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ