ᠵᠢᠷᠤᠭ ᠰᠢᠯᠦᠭ ᠤᠨ ᠬᠠᠭ ᠤᠨ ᠨᠠᠭᠤᠷ
ᠨᠡᠶᠢᠲᠡᠯᠡᠭᠰᠡᠨ ᠴᠠᠭ᠄
2022/10/20
   ᠵᠤᠬᠢᠶᠠᠭᠴᠢ᠄ ᠭᠡᠭᠡᠷᠡᠯᠳᠣᠬᠠᠭ ᠤᠨ ᠨᠠᠭᠤᠷ ᠤᠨ ᠤᠰᠤᠨ ᠳᠤᠬᠠᠯᠵᠠᠨ ᠬᠠᠷᠠᠭᠤᠨ᠎ᠠ ᠬᠤᠶᠢᠨ᠎ᠠ ᠬᠤᠶᠢᠨ᠎ᠠ ᠠᠴᠠ ᠪᠠᠨ ᠲᠣᠯᠣᠭᠠᠢ ᠪᠤᠯᠲᠠᠶᠢᠯᠭᠠᠨ ᠬᠥᠪᠪᠦᠵᠦ ᠴᠡᠩᠭᠡᠭᠦ ᠨᠢ ᠰᠠᠶᠢᠬᠠᠨᠬᠤᠨ ᠴᠠᠭᠠᠨ ᠭᠠᠯᠠᠭᠤᠳ ᠵᠢᠭᠦᠷ ᠳᠡᠯᠭᠡᠵᠦ ᠤᠰᠤ ᠠᠯᠠᠭᠠᠳᠠᠵᠤ ᠪᠥᠵᠢᠭᠯᠡᠵᠦ ᠨᠠᠭᠠᠳᠬᠤ ᠨᠢ ᠰᠠᠶᠢᠬᠠᠨᠬᠠᠯᠠᠭᠤᠨ ᠦᠳᠡ ᠳᠤ ᠦᠬᠡᠷ ᠤᠨ ᠰᠦᠷᠦᠭ ᠰᠡᠭᠦᠯ ᠰᠠᠵᠢᠨ ᠬᠡᠪᠢᠵᠦ ᠵᠤᠬᠰᠤᠬᠤ ᠨᠢ ᠰᠠᠶᠢᠬᠠᠨᠠᠳᠤᠭᠤᠳ ᠲᠣᠯᠣᠭᠠᠢ ᠭᠡᠭᠡᠯᠵᠡᠨ ᠰᠠᠯᠬᠢᠳᠠᠵᠤ ᠵᠤᠬᠰᠤᠬᠤ ᠨᠢ ᠰᠠᠶᠢᠬᠠᠨᠠᠪᠠ ᠶᠢᠨ ᠨᠣᠬᠠᠢ ᠭᠦᠶᠦᠵᠦ ᠣᠷᠣᠭᠠᠳ ᠬᠠᠯᠭᠢᠲᠠᠯ᠎ᠠ ᠳᠣᠯᠢᠶᠠᠬᠤ ᠨᠢ ᠰᠠᠶᠢᠬᠠᠨᠠᠯᠮᠠᠩ ᠰᠠᠷᠠ ᠵᠢᠰᠦ ᠪᠠᠨ ᠲᠣᠯᠢᠳᠠᠵᠤ ᠲᠠᠯᠮᠢᠶᠠᠷᠠᠵᠤ ᠮᠦᠰᠢᠶᠡᠬᠦ ᠨᠢ ᠰᠠᠶᠢᠬᠠᠨᠨᠠᠷᠠ ᠮᠠᠨᠳᠤᠵᠤ ᠥᠷᠯᠥᠭᠡ ᠪᠤᠰᠬᠤ ᠨᠢ ᠰᠠᠶᠢᠬᠠᠨᠨᠠᠪᠴᠢ ᠴᠡᠴᠡᠭ ᠵᠡᠷᠭᠡ ᠪᠠᠷ ᠳᠡᠯᠭᠡᠷᠡᠵᠦ ᠮᠦᠰᠢᠶᠡᠵᠦ ᠵᠤᠤᠮᠠᠯᠵᠠᠬᠤ ᠨᠢ ᠰᠠᠶᠢᠬᠠᠨᠨᠠᠮᠤᠷ ᠤᠨ ᠭᠠᠯᠠᠭᠤᠳ ᠨᠢᠯᠪᠤᠰᠤ ᠪᠠᠨ ᠤᠨᠠᠭᠠᠭᠠᠳ ᠡᠮᠦᠨᠡᠰᠢ ᠨᠡᠭᠦᠳᠡᠯᠯᠡᠬᠦ ᠨᠢ ᠰᠠᠶᠢᠬᠠᠨᠬᠤᠯᠤᠰᠤ ᠵᠡᠭᠡᠰᠦ ᠠᠶᠠᠰ ᠤᠨ ᠰᠠᠯᠬᠢᠨ ᠳᠤ ᠨᠠᠮᠢᠷᠠᠰ ᠨᠠᠮᠢᠷᠠᠰ ᠨᠠᠶᠢᠭᠤᠬᠤ ᠨᠢ ᠰᠠᠶᠢᠬᠠᠨᠬᠤᠩᠭᠤᠷ ᠳᠠᠭᠤ ᠲᠠᠢ ᠰᠢᠪᠠᠭᠤᠳ ᠬᠤᠭᠤᠯᠠᠢ ᠪᠠᠨ ᠨᠤᠷᠭᠠᠰ ᠨᠤᠷᠭᠠᠰ ᠵᠢᠷᠭᠢᠯᠳᠦᠬᠦ ᠨᠢ ᠰᠠᠶᠢᠬᠠᠨᠬᠥᠯ ᠥᠨᠳᠥᠷ ᠳᠡᠭᠡᠯᠡᠢ ᠢᠳᠡᠰᠢ ᠭᠤᠷᠢᠯᠠᠵᠤ ᠬᠦᠵᠦᠭᠦᠦ ᠰᠤᠩᠭᠠᠨ ᠭᠤᠷᠢᠰ ᠭᠤᠷᠢᠰ ᠠᠯᠬᠤᠬᠤ ᠨᠢ ᠰᠠᠶᠢᠬᠠᠨᠬᠠᠭ ᠤᠨ ᠨᠠᠭᠤᠷ ᠤᠨ ᠬᠥᠪᠡᠭᠡᠨ ᠳᠤᠶᠠᠩᠰᠢᠯᠳᠠᠢ ᠰᠢᠪᠠᠭᠤᠳ ᠥᠪᠡᠷ ᠥᠪᠡᠷ ᠤᠨ ᠡᠭᠦᠷ ᠥᠨᠳᠡᠭᠡ ᠪᠠᠨ ᠬᠠᠷᠠᠮᠨᠠᠵᠤ ᠶᠠᠩᠵᠤ ᠪᠠᠷ ᠶᠠᠩᠰᠢᠬᠤ ᠨᠢ ᠰᠠᠶᠢᠬᠠᠨᠶᠠᠩᠵᠤ ᠶᠠᠩᠵᠤ ᠶᠢᠨ ᠠᠩᠭᠠᠬᠠᠢ ᠳᠡᠭᠳᠡᠭᠡᠬᠡᠢ ᠡᠭᠦᠷ ᠡᠭᠦᠷ ᠲᠡᠭᠡᠨ ᠠᠮᠠ ᠪᠠᠨ ᠠᠩᠭᠠᠯᠵᠠᠬᠤ ᠨᠢ ᠰᠠᠶᠢᠬᠠᠨᠶᠠᠩᠵᠢᠮ᠎ᠠ ᠬᠡᠦᠬᠡᠨ ᠤ ᠶᠠᠭᠠᠨ ᠲᠣᠷᠭᠠᠨ ᠠᠯᠴᠢᠭᠤᠷ ᠢᠮᠠᠭᠠᠨ ᠰᠦᠷᠦᠭ ᠤᠨ ᠳᠡᠷᠭᠡᠳᠡ ᠬᠤᠯᠠ ᠠᠴᠠ ᠮᠢᠷᠠᠯᠵᠠᠬᠤ ᠨᠢ ᠰᠠᠶᠢᠬᠠᠨᠪᠣᠷᠣ ᠲᠠᠤᠯᠠᠢ ᠬᠠᠶᠠ ᠭᠤᠷᠣᠶᠢᠨ ᠬᠠᠶᠠ ᠣᠴᠣᠶᠢᠨ ᠪᠥᠭ ᠪᠥᠭ ᠪᠦᠭᠬᠦᠵᠦ ᠭᠦᠶᠦᠭᠦ ᠨᠢ ᠰᠠᠶᠢᠬᠠᠨᠪᠣᠷᠣᠭᠴᠢᠨ ᠭᠤᠷᠭᠤᠤᠯ ᠪᠣᠷᠣᠯᠵᠢᠨ ᠳᠣᠣᠷ᠎ᠠ ᠠᠴᠠ ᠫᠦᠷᠳ᠋ᠭᠢᠨ ᠦᠷᠭᠦᠵᠦ ᠨᠢᠰᠬᠡᠯ ᠰᠢᠭ ᠱᠤᠩᠭᠤᠵᠤ ᠪᠠᠭᠤᠬᠤ ᠨᠢ ᠰᠠᠶᠢᠬᠠᠨᠪᠤᠭ ᠵᠠᠷᠠᠭ᠎ᠠ ᠬᠤᠰᠢᠭᠤ ᠱᠥᠪᠥᠶᠢᠯᠭᠡᠨ ᠪᠣᠭᠤᠨᠢ ᠬᠥᠯ ᠢᠶᠠᠷ ᠢᠶᠠᠨ ᠪᠥᠮᠪᠥᠰ ᠪᠥᠮᠪᠥᠰ ᠪᠥᠮᠪᠥᠶᠢᠵᠦ ᠭᠦᠶᠦᠭᠦ ᠨᠢ ᠰᠠᠶᠢᠬᠠᠨᠠᠭᠢ ᠳᠠᠭᠠᠨ᠎ᠠ ᠠᠳᠤᠭᠤ ᠮᠠᠯ ᠤᠨ ᠬᠤᠭᠢᠰᠣ ᠲᠤᠭᠤᠷᠠᠢ ᠶᠢ ᠨᠣᠭᠤᠭᠠᠨ ᠢᠶᠠᠷ ᠪᠤᠳᠤᠭᠯᠠᠬᠤ ᠨᠢ ᠰᠠᠶᠢᠬᠠᠨᠠᠯᠢᠰᠤᠨ ᠤ ᠪᠤᠬᠠᠯ ᠮᠥᠷ ᠮᠥᠷ ᠢᠶᠠᠷ ᠮᠣᠩᠭᠤᠯ ᠭᠡᠷ ᠰᠢᠭ ᠪᠥᠮᠪᠥᠶᠢᠨ ᠱᠥᠮᠪᠥᠶᠢᠨ ᠬᠠᠷᠠᠭᠳᠠᠬᠤ ᠨᠢ ᠰᠠᠶᠢᠬᠠᠨᠠᠯᠲᠠᠷᠭᠠᠨ᠎ᠠ ᠬᠠᠷᠭᠠᠨ᠎ᠠ ᠳᠦᠷᠪᠡᠨ ᠲᠠᠯ᠎ᠠ ᠪᠠᠷ ᠨᠢ ᠮᠠᠨᠠᠭᠠᠨ ᠤ ᠴᠡᠷᠢᠭ ᠰᠢᠭ ᠬᠠᠷᠠᠭᠤᠯ ᠵᠤᠬᠰᠤᠬᠤ ᠨᠢ ᠰᠠᠶᠢᠬᠠᠨᠨᠠᠭᠤᠷ ᠢ ᠲᠣᠭᠤᠷᠢᠭᠰᠠᠨ ᠲᠠᠯ᠎ᠠ ᠶᠢᠨ ᠵᠠᠮ ᠮᠠᠩ ᠮᠣᠭᠠᠢ ᠰᠢᠭ᠋ ᠮᠤᠷᠤᠯᠵᠠᠨ ᠰᠤᠨᠤᠯᠵᠠᠬᠤ ᠨᠢ ᠰᠠᠶᠢᠬᠠᠨᠨᠠᠭᠤᠷ ᠠᠴᠠ ᠵᠤᠷᠠᠶᠢᠭᠰᠠᠨ ᠴᠤᠪᠤᠭ᠎ᠠ ᠪᠠᠷ ᠮᠠᠯ ᠮᠥᠭᠡᠷᠡᠵᠦ ᠴᠤᠪᠤᠵᠤ ᠭᠠᠷᠬᠤ ᠨᠢ ᠰᠠᠶᠢᠬᠠᠨᠨᠣᠭᠤᠭᠠᠨ ᠳᠡᠨᠵᠢᠨ ᠳᠤᠨᠢ ᠳᠠᠯᠳᠤ ᠠᠵᠢᠷᠭ᠎ᠠ ᠬᠦᠵᠦᠭᠦᠦ ᠰᠤᠩᠭᠠᠵᠤ ᠰᠦᠷᠦᠭ ᠬᠤᠷᠢᠶᠠᠬᠤ ᠨᠢ ᠰᠠᠶᠢᠬᠠᠨᠬᠠᠭ ᠤᠨ ᠨᠠᠭᠤᠷ ᠤᠨ ᠳᠤᠮᠤᠭ ᠲᠤᠡᠷᠲᠡ ᠤᠷᠢᠳᠤ ᠴᠠᠭ ᠲᠤ ᠤᠰᠤ ᠨᠢ ᠴᠡᠩᠬᠡᠷ ᠪᠠᠶᠢᠭᠰᠠᠨ ᠭᠡᠨ᠎ᠡᠡᠯᠳᠡᠪ ᠵᠦᠢᠯ ᠤᠨ ᠵᠢᠭᠠᠰᠤ ᠪᠤᠴᠠᠯᠵᠤ ᠪᠠᠶᠢᠭᠰᠠᠨ ᠭᠡᠨ᠎ᠡᠠᠳᠡᠬᠢ ᠠᠷᠠᠳ ᠵᠢᠭᠠᠰᠤ ᠪᠠᠷ ᠢᠳᠡᠭᠡ ᠪᠤᠯᠭᠠᠵᠤ ᠪᠠᠶᠢᠭᠰᠠᠨ ᠭᠡᠨ᠎ᠡᠲᠥᠭᠡ ᠬᠢᠷᠢᠲᠡᠢ ᠠᠯᠳᠠᠨ ᠰᠤᠪᠤᠷᠭ᠎ᠠ ᠭᠤᠣᠯ ᠳᠤᠨᠢ ᠪᠠᠶᠢᠭᠰᠠᠨ ᠭᠡᠨ᠎ᠡᠲᠡᠭᠦᠨ ᠤ ᠪᠠᠨ ᠠᠴᠢ ᠪᠠᠷ ᠨᠠᠭᠤᠷ ᠨᠢ ᠰᠢᠳᠢ ᠲᠠᠢ ᠪᠠᠶᠢᠭᠰᠠᠨ ᠭᠡᠨ᠎ᠡᠲᠡᠷᠡ ᠴᠠᠭ ᠤᠨ ᠠᠷᠠᠳ ᠨᠢ ᠴᠠᠳᠬᠤᠯᠠᠩ ᠪᠠᠶᠢᠭᠰᠠᠨ ᠭᠡᠨ᠎ᠡᠠᠮᠪᠠᠨ ᠨᠣᠶᠠᠨ ᠬᠤᠷᠣᠰᠬᠤ ᠳᠠᠭᠠᠨ ᠲᠡᠷᠭᠡ ᠲᠡᠷᠭᠡ ᠪᠠᠷ ᠴᠣᠬᠤᠢ ᠴᠢᠳᠬᠤᠭᠰᠠᠨ ᠭᠡᠨ᠎ᠡᠠᠷᠠᠢ ᠠᠷᠪᠠ ᠬᠤᠨᠣᠭᠰᠠᠨ ᠦᠭᠡᠢ ᠵᠢᠭᠠᠰᠤ ᠨᠢ ᠪᠦᠷ ᠦᠬᠦᠭᠰᠡᠨ ᠭᠡᠨ᠎ᠡᠠᠪᠤᠷᠠᠯ ᠭᠤᠶᠣᠭᠰᠠᠨ ᠮᠠᠯᠴᠢᠳ ᠬᠤᠨᠢ ᠮᠠᠯ ᠢᠶᠠᠷ ᠳᠠᠬᠢᠭᠰᠠᠨ ᠪᠤᠯᠪᠠᠴᠤ ᠬᠡᠢ ᠵᠠᠯᠭᠢᠵᠤ ᠰᠠᠭᠤᠭᠰᠠᠨ ᠭᠡᠨ᠎ᠡᠬᠡᠵᠢᠶ᠎ᠡ ᠰᠡᠭᠦᠯᠡᠷ ᠨᠢ ᠴᠠᠭᠠᠨ ᠨᠣᠭᠤᠭ᠎ᠠ ᠤᠷᠭᠤᠭᠰᠠᠨ ᠭᠡᠨ᠎ᠡᠬᠥᠳᠥᠰᠥᠨ ᠳᠡᠪᠡᠯ ᠲᠠᠢ ᠮᠠᠯᠴᠢᠳ ᠥᠯᠪᠡᠷᠦᠭᠰᠡᠨ ᠪᠤᠯᠪᠠᠴᠤ ᠥᠯ ᠵᠣᠯᠭᠠᠵᠤ ᠶᠠᠪᠤᠭᠰᠠᠨ ᠭᠡᠨ᠎ᠡᠲᠡᠭᠦᠨ ᠠᠴᠠ ᠬᠤᠶᠢᠨ᠎ᠠ ᠬᠦᠷᠵᠡ ᠪᠠᠷ ᠤᠳᠬᠤᠳᠠᠭ ᠬᠤᠵᠢᠷ ᠬᠥᠬᠡᠷᠡᠵᠦ ᠡᠬᠢᠯᠡᠭᠰᠡᠨ ᠭᠡᠨ᠎ᠡ 
ᠢᠷᠡᠯᠲᠡ᠄ ᠳᠣᠮᠳᠠᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ