ᠮᠤᠩᠭᠤᠯᠴᠤᠳ ᠤᠨ ᠬᠦᠬᠡ ᠲᠤᠯᠪᠤ ᠲᠠᠢ ᠲᠦᠷᠦᠳᠡᠭ ᠤᠨ ᠨᠢᠭᠤᠴᠠ
ᠨᠡᠶᠢᠲᠡᠯᠡᠭᠰᠡᠨ ᠴᠠᠭ᠄
2022/10/27
      ᠰᠢᠨ᠎ᠠ ᠪᠠᠷ ᠲᠦᠷᠦᠭᠰᠡᠨ ᠬᠡᠤᠬᠡᠳ ᠤᠨ ᠪᠠᠶᠠᠨ ᠲᠡᠭᠡᠷ᠎ᠠ ᠪᠠᠶᠢᠬᠤ ᠬᠦᠬᠡ ᠲᠤᠯᠪᠤ ᠶᠢ ᠲᠡᠯᠡᠬᠡᠢ ᠶᠢᠨ ᠡᠷᠡᠬᠦᠯ ᠮᠠᠨᠳᠤ ᠶᠢᠨ ᠰᠢᠨᠵᠢᠯᠡᠬᠦ ᠤᠬᠠᠭᠠᠨ ᠤ ᠬᠡᠯᠡᠡ ᠳᠤ ︽Mongolian Blue Spot︾ ᠬᠡᠵᠦ ᠨᠡᠷᠡᠯᠡᠭᠰᠡᠨ ᠪᠠᠶᠢᠳᠠᠭ᠃        ᠬᠡᠤᠬᠡᠳ ᠲᠦᠷᠦᠭᠰᠡᠨ ᠴᠠᠭ ᠠᠴᠠ ᠦᠬᠡᠵᠡᠭ ᠪᠤᠯᠤᠨ ᠪᠡᠶ᠎ᠠ ᠶᠢᠨ ᠠᠯᠢ ᠨᠢᠬᠡ ᠬᠡᠰᠡᠭ ᠲᠤ ᠬᠦᠬᠡ ᠦᠡᠭᠬᠡ ᠶᠢᠨ ᠲᠤᠯᠪᠤ ᠪᠠᠶᠢᠳᠠᠭ ᠪᠦᠬᠡᠳ ᠡᠨᠡ ᠲᠤᠯᠪᠤ ᠨᠢ 3 — 10 ᠵᠢᠯ ᠤᠨ ᠲᠤᠳᠤᠷ᠎ᠠ ᠠᠷᠢᠯᠵᠦ ᠠᠯᠠᠭ᠎ᠠ ᠪᠤᠯᠳᠠᠭ᠃ ᠡᠬᠦᠨ ᠢ ᠮᠤᠩᠭᠤᠯᠴᠤᠳ ᠬᠦᠬᠡ ᠲᠤᠯᠪᠤ ᠬᠡᠵᠦ ᠨᠡᠷᠡᠯᠡᠳᠡᠭ᠃ ᠡᠨᠡ ᠬᠦ ᠬᠦᠬᠡ ᠲᠤᠯᠪᠤ ᠨᠢ ᠮᠤᠩᠭᠤᠯ᠂ ᠠᠽᠢᠶ᠎ᠠ ᠭᠠᠷᠤᠯᠳᠡᠢ ᠬᠡᠤᠬᠡᠳ ᠤᠳ ᠲᠤ ᠡᠯᠪᠡᠭ ᠲᠤᠬᠢᠶᠠᠯᠳᠤᠳᠠᠭ ᠪᠦᠬᠡᠳ ᠡᠷᠳᠡᠮᠳᠡᠳ ᠤᠨ ᠰᠤᠳᠤᠯᠭᠠᠨ ᠢᠶᠠᠷ ᠤᠷᠤᠰ ᠬᠤᠯᠪᠤᠭᠠᠳᠤ ᠤᠯᠤᠰ ᠤᠨ ᠪᠦᠷᠢᠶᠡᠳ᠂ ᠲᠤᠸᠠ᠂ ᠬᠠᠯᠢᠮᠠᠭ ᠤᠨ ᠢᠷᠬᠡᠳ᠂ ᠮᠤᠩᠭᠤᠯ ᠤᠯᠤᠰ ᠤᠨ ᠢᠷᠬᠡᠳ᠂ ᠲᠤᠮᠳᠡᠳᠤ ᠤᠯᠤᠰ ᠲᠠᠬᠢ ᠦᠪᠦᠷ ᠮᠤᠩᠭᠤᠯ ᠤᠨ ᠢᠷᠬᠡᠳ᠂ ᠺᠠᠽᠬᠠᠰᠲ᠋ᠠᠨ᠂ ᠰᠢᠨᠵᠢᠶᠠᠩ ᠳᠠᠬᠢ ᠲᠦᠷᠪᠡᠨ ᠦᠢᠷᠡᠳ ᠤᠨ ᠢᠷᠬᠡᠳ᠂ ᠰᠤᠯᠤᠩᠭᠤᠰ᠂ ᠮᠠᠨᠵᠤ ᠨᠤᠳᠤᠭ᠂ ᠠᠹᠭᠠᠨᠢᠰᠲ᠋ᠠᠨ᠂ ᠬᠠᠨᠭ᠍ᠭᠠᠷᠢ ᠵᠡᠷᠬᠡ ᠤᠯᠤᠰ ᠤᠨ ᠵᠠᠷᠢᠮ ᠬᠦᠮᠦᠰ ᠲᠤ᠂ ᠠᠮᠧᠷᠢᠺᠠ ᠶᠢᠨ ᠢᠨᠳᠢᠶᠠᠨ ᠨᠤᠭᠤᠳ ᠲᠤ ᠡᠨᠡ ᠬᠦ ᠬᠦᠬᠡ ᠲᠤᠯᠪᠤ ᠪᠠᠶᠢᠳᠠᠭ ᠬᠡᠨ᠎ᠠ᠃        ᠬᠦᠬᠡ ᠲᠤᠯᠪᠤ ᠶᠢ 3 ᠠᠩᠬᠢᠯᠠᠬᠤ ᠪᠠ ᠵᠢᠷ ᠤᠨ ᠬᠦᠬᠡ ᠲᠤᠯᠪᠤ ᠨᠢ ᠭᠤᠤᠯᠳᠠᠭᠤ ᠦᠬᠡᠵᠡᠭ᠂ ᠨᠢᠷᠤᠭᠤᠨ ᠲᠡᠭᠡᠷ᠎ᠠ ᠪᠠᠶᠢᠳᠠᠭ᠃ ᠡᠨᠡ ᠨᠢ ᠦᠢᠷᠠᠯᠴᠠᠭ᠎ᠠ ᠪᠠᠷ 10 ᠵᠢᠯ ᠤᠨ ᠲᠤᠳᠤᠷ᠎ᠠ ᠠᠷᠢᠯᠳᠠᠭ᠃ ᠬᠠᠷᠢᠨ ᠬᠦᠨ ᠬᠦᠬᠡ ᠲᠤᠯᠪᠤ ᠨᠢ ᠭᠠᠷ ᠤᠷᠴᠢᠮ ᠪᠠᠶᠢᠵᠦ᠂ ᠵᠠᠯᠠᠭᠤ ᠨᠠᠰᠤ ᠬᠦᠷᠳᠡᠯ᠎ᠠ ᠠᠷᠢᠯᠬᠤ ᠦᠬᠡᠢ ᠪᠠᠶᠢᠵᠦ ᠪᠤᠯᠤᠨ᠎ᠠ᠃ ᠪᠠᠭ᠎ᠠ ᠵᠡᠷᠬᠡ ᠶᠢᠨ ᠲᠤᠯᠪᠤ ᠨᠢ ᠪᠤᠰᠤᠳ ᠭᠠᠵᠠᠷ ᠪᠠᠶᠢᠷᠢᠯᠠᠳᠠᠭ ᠪᠦᠬᠡᠳ ᠬᠡᠳᠦᠬᠡᠨ ᠵᠢᠯ ᠤᠨ ᠲᠤᠳᠤᠷ᠎ᠠ ᠠᠷᠢᠯᠳᠠᠭ ᠪᠠᠶᠢᠨ᠎ᠠ᠃ ᠦᠨᠡᠨ ᠳᠡᠭᠡᠨ ᠡᠨᠡ ᠬᠦ ᠬᠦᠬᠡ ᠲᠤᠯᠪᠤ ᠨᠢ ᠠᠷᠢᠯᠤᠨ ᠠᠯᠠᠭ᠎ᠠ ᠪᠤᠯᠵᠦ ᠪᠠᠶᠢᠭ᠎ᠠ ᠪᠤᠰᠤ ᠪᠢᠳᠠᠨ ᠤ ᠴᠢᠰᠦᠨ ᠳᠤ ᠰᠢᠩᠬᠡᠵᠦ᠂ ᠪᠡᠶ᠎ᠠ ᠮᠠᠬᠠᠪᠤᠳ ᠢᠶᠠᠷ ᠲᠠᠷᠬᠠᠵᠦ ᠡᠷᠴᠢ ᠬᠦᠴᠦ᠂ ᠡᠷ᠎ᠠ ᠵᠤᠷᠢᠭ᠂ ᠤᠶᠤᠨ ᠤᠬᠠᠭᠠᠨ ᠤ ᠡᠷᠴᠢᠮ ᠬᠦᠴᠦ ᠡᠨᠧᠷᠬᠢ ᠪᠤᠯᠳᠠᠭ ᠪᠠᠶᠢᠨ᠎ᠠ᠃        ᠥᠷᠤᠨᠡᠳᠡᠬᠢᠨ ᠤ ᠤᠯᠤᠰ ᠤᠳ ᠲᠤ ᠬᠡᠤᠬᠡᠳ ᠲᠦᠷᠦᠬᠦ ᠳᠤ ︽Mongolian Blue Spot︾ ᠪᠤᠶᠤ ᠬᠦᠬᠡ ᠲᠤᠯᠪᠤ ᠪᠠᠶᠢᠪᠠᠯ ᠲᠦᠷᠦᠭᠰᠡᠨ ᠬᠡᠷᠡᠴᠢᠯᠡᠬᠡᠨ ᠲᠡᠭᠡᠷ᠎ᠠ ᠵᠠᠪᠠᠯ ᠲᠡᠮᠳᠡᠭᠯᠡᠬᠦᠯᠳᠡᠭ ᠬᠡᠨ᠎ᠠ᠃ ᠤᠴᠢᠷ ᠨᠢ ᠶᠠᠮᠠᠷᠪᠠ ᠨᠢᠬᠡᠨ ᠡᠪᠡᠳᠴᠢᠨ᠂ ᠬᠤᠤᠷᠳᠤ ᠵᠦᠢᠯ ᠪᠢᠰᠢ ᠬᠡᠳᠡᠭ ᠢ ᠪᠠᠳᠤᠯᠠᠵᠦ ᠪᠠᠶᠢᠭ᠎ᠠ ᠨᠢ ᠡᠨᠡ ᠶᠤᠮ᠃ ᠵᠠᠷᠢᠮ ᠬᠦᠮᠦᠰ ᠮᠡᠳᠡᠯᠬᠡ ᠲᠤᠳᠠᠮᠠᠭ ᠠᠴᠠ ᠪᠤᠯᠵᠦ ᠡᠳᠡᠬᠡᠷ ᠬᠡᠤᠬᠡᠳ ᠤᠳ ᠤᠨ ᠪᠡᠶ᠎ᠠ ᠲᠡᠭᠡᠷᠡᠬᠢ ᠲᠤᠯᠪᠤ ᠨᠤᠭᠤᠳ ᠢ ᠬᠦᠴᠦ ᠬᠡᠷᠡᠭᠯᠡᠭᠰᠡᠨ ᠤ ᠦᠷ᠎ᠠ ᠲᠠᠭᠠᠪᠤᠷᠢ ᠬᠡᠵᠦ ᠠᠨᠳᠠᠭᠤᠷᠠᠵᠦ ᠬᠠᠤᠯᠢ ᠶᠢᠨ ᠪᠠᠶᠢᠭᠤᠯᠭ᠎ᠠ ᠨᠤᠭᠤᠳ ᠲᠤ ᠰᠢᠯᠭᠠᠭᠤᠯᠵᠦ ᠪᠠᠶᠢᠬᠰᠠᠨ ᠠᠴᠠ ᠡᠬᠦᠳᠦᠨ ᠡᠶᠢᠮᠤ ᠠᠷᠭ᠎ᠠ ᠬᠡᠮᠵᠢᠶ᠎ᠠ ᠠᠪᠳᠠᠭ ᠪᠤᠯᠵᠡᠢ᠃ ᠲᠠᠶᠢᠮᠤ ᠠᠴᠠ ᠰᠢᠨ᠎ᠠ ᠪᠠᠷ ᠲᠦᠷᠦᠭᠰᠡᠨ ᠬᠡᠤᠬᠡᠳ ᠬᠦᠬᠡ ᠲᠤᠯᠪᠤ ᠲᠠᠢ ᠪᠠᠶᠢᠪᠠᠯ ᠮᠤᠩᠭᠤᠯ ᠤᠳᠤᠮ ᠤᠨ ᠬᠢ ᠪᠠᠶᠢᠨ᠎ᠠ ᠬᠡᠵᠦ ᠬᠡᠯᠡᠬᠦ ᠶᠠᠪᠤᠳᠠᠯ ᠠᠽᠢᠶ᠎ᠠ ᠲᠡᠳᠦᠢ ᠦᠬᠡᠢ ᠵᠡᠬᠦᠨ ᠡᠸᠦ᠋ᠷᠦᠫᠡ ᠶᠢᠨ ᠬᠠᠨᠭ᠍ᠭᠠᠷᠢ᠂ ᠪᠤᠯᠭᠠᠷᠢᠶ᠎ᠠ ᠵᠡᠷᠬᠡ ᠤᠯᠤᠰ ᠤᠳ ᠲᠤ ᠡᠯᠪᠡᠭ ᠶᠤᠮ᠃     ᠡᠸᠦ᠋ᠷᠦᠫᠡ ᠠᠴᠠ ᠭᠠᠷᠤᠯᠳᠡᠢ ᠴᠠᠭᠠᠨ ᠠᠷᠠᠰᠤᠳᠠᠨ ᠨᠤᠭᠤᠳ ᠤᠨ ᠲᠤᠮᠳᠠ 1 — 10% ᠲᠤᠬᠢᠶᠠᠯᠳᠤᠳᠠᠭ ᠢ ᠲᠦᠪ ᠠᠽᠢᠶ᠎ᠠ ᠶᠢᠨ ᠨᠡᠬᠦᠳᠡᠯᠴᠢᠳ ᠤᠨ ᠪᠠᠶᠢᠯᠳᠤᠨ ᠲᠠᠭᠠᠭᠤᠯᠤᠯᠳᠠ ᠲᠠᠢ ᠬᠤᠯᠪᠤᠨ ᠠᠪᠴᠤ ᠦᠵᠡᠳᠡᠭ ᠪᠦᠬᠡᠳ ᠡᠬᠦᠨ ᠤ ᠨᠤᠳᠠᠯᠠᠭ᠎ᠠ ᠨᠢ ᠲᠦᠪ ᠠᠽᠢᠶ᠎ᠠ ᠠᠴᠠ ᠭᠠᠷᠤᠯᠳᠡᠢ ᠬᠠᠨᠭ᠍ᠭᠠᠷᠢ ᠶᠢᠨ 22.6% ᠳᠤ ᠬᠦᠬᠡ ᠲᠤᠯᠪᠤ ᠪᠠᠶᠢᠳᠠᠭ ᠲᠡᠭᠡᠷ᠎ᠠ ᠦᠨᠳᠦᠰᠦᠯᠡᠭᠳᠡᠳᠡᠭ ᠪᠠᠶᠢᠨ᠎ᠠ᠃ ᠪᠦᠷ ᠡᠷᠳᠡᠨ ᠤ ᠮᠤᠩᠭᠤᠯᠴᠤᠳ ᠤᠨ ᠨᠢᠷᠤᠭᠤ ᠨᠢ ᠨᠢᠯᠡ ᠳᠠᠭᠠᠨ ᠬᠦᠬᠡ ᠪᠠᠶᠢᠬᠰᠠᠨ ᠪᠠ ᠡᠬᠦᠨ ᠢ ᠪᠠᠨ ᠲᠡᠭᠷᠢ ᠶᠢᠨ ᠲᠠᠮᠠᠭ᠎ᠠ᠂ ᠦᠪᠡᠷᠰᠡᠳ ᠢ ᠪᠠᠨ ᠲᠡᠭᠷᠢ ᠶᠢᠨ ᠦᠷ᠎ᠠ ᠰᠠᠳᠤ ᠬᠡᠵᠦ ᠨᠡᠷᠡᠯᠡᠳᠡᠭ ᠪᠠᠶᠢᠬᠰᠠᠨ ᠬᠡᠳᠡᠭ᠃ ᠲᠡᠬᠡᠪᠡᠯ ᠶᠤᠭ᠎ᠠ ᠶᠢᠨ ᠤᠬᠠᠭᠠᠨ ᠳᠤ ᠡᠨᠧᠷᠬᠢ ᠶᠢᠨ ᠬᠦᠷᠳᠤ ᠪᠤᠯᠬᠤ 7 ᠨᠢ ᠬᠦᠮᠦᠨ ᠤ ᠨᠢᠷᠤᠭᠤᠨ ᠤ ᠲᠠᠭᠠᠤ ᠪᠠᠶᠢᠷᠢᠯᠠᠳᠠᠭ ᠪᠦᠬᠡᠳ ᠤᠯᠠᠨ ᠠᠭᠤᠯᠵᠠᠪᠤᠷᠢ ᠪᠤᠶᠤ ᠠᠭᠠᠷᠴᠠᠭ ᠲᠤ ᠤᠷᠤᠰᠢᠳᠠᠭ᠃ ᠡᠳᠡᠬᠡᠷ ᠨᠢ ᠢᠳᠡᠪᠬᠢᠳᠡᠢ ᠪᠤᠶᠤ ᠬᠦᠴᠦᠳᠡᠢ ᠪᠤᠯ ᠨᠢᠷᠤᠭᠤᠨ ᠲᠠᠭᠠᠤ ᠠᠭᠤᠷᠤᠭ ᠲᠠᠮᠵᠢᠨ ᠦᠭᠰᠦᠵᠦ ᠶᠢᠷᠳᠢᠨᠴᠤ ᠶᠢᠨ ᠬᠦᠴᠦ ︵ᠲᠡᠭᠡᠳᠤ ᠲᠡᠭᠷᠢ᠂ ᠡᠨᠧᠷᠬᠢ ᠶᠢᠨ ᠡᠬᠡ︶ ᠲᠠᠢ ᠬᠤᠯᠪᠤᠬᠳᠠᠳᠠᠭ ᠲᠤᠬᠠᠢ ᠦᠬᠦᠯᠡᠭᠰᠡᠨ ᠪᠠᠶᠢᠳᠠᠭ᠃ ᠮᠤᠩᠭᠤᠯᠴᠤᠳ ᠤᠨ ᠬᠦᠬᠡ ᠲᠤᠯᠪᠤ ᠶᠠᠭ ᠬᠤᠨᠳᠤᠯᠠᠢ ᠲᠡᠭᠡᠷ᠎ᠠ ᠪᠠᠶᠢᠳᠠᠭ ᠪᠠᠶᠢᠬᠰᠠᠨ ᠨᠢ ᠮᠠᠰᠢ ᠶᠡᠭᠡ ᠰᠤᠨᠢᠷᠬᠠᠯ ᠲᠠᠳᠠᠵᠦ ᠪᠠᠶᠢᠭ᠎ᠠ ᠶᠤᠮ᠃ ︵ᠤᠷᠳᠤᠰ ᠮᠤᠩᠭᠤᠯ ᠰᠦᠯᠵᠢᠶ᠎ᠠ 
ᠢᠷᠡᠯᠲᠡ᠄ ᠬᠤᠯᠪᠤᠭ᠎ᠠ ᠰᠦᠯᠵᠢᠶ᠎ᠡ