ᠦᠬᠡᠷ ᠤᠨ ᠶᠠᠰᠤ ᠵᠥᠭᠡᠯᠡᠷᠡᠬᠦ ᠬᠡᠮ ᠢ ᠰᠡᠷᠭᠡᠶᠢᠯᠡᠨ ᠵᠠᠰᠠᠬᠤ ᠲᠤᠬᠠᠢ
ᠨᠡᠶᠢᠲᠡᠯᠡᠭᠰᠡᠨ ᠴᠠᠭ᠄
2022/10/31
      ᠣᠷᠴᠢᠮ ᠤᠨ ᠵᠢᠯ ᠤᠳ ᠲᠤ ᠮᠠᠨ ᠤ ᠣᠷᠣᠨ ᠳᠤ ᠬᠤᠷ᠎ᠠ ᠪᠣᠷᠣᠭᠠᠨ ᠪᠠᠭ᠎ᠠ᠂ ᠭᠠᠩ ᠬᠠᠭᠤᠷᠠᠢ᠂ ᠰᠠᠯᠬᠢᠨ ᠶᠡᠭᠡ᠂ ᠤᠷᠭᠤᠮᠠᠯ ᠤᠨ ᠪᠦᠷᠬᠦᠴᠡ ᠡᠪᠳᠡᠭᠳᠡᠭᠰᠡᠨ ᠵᠡᠷᠭᠡ ᠰᠢᠯᠲᠠᠭᠠᠨ ᠠᠴᠠ ᠪᠣᠯᠵᠤ᠂ ᠣᠯᠠᠩᠬᠢ ᠰᠢᠮ᠎ᠡ ᠲᠡᠵᠢᠭᠡᠯᠲᠦ ᠡᠪᠡᠰᠦ ᠤᠷᠭᠤᠮᠠᠯ ᠤᠷᠭᠤᠬᠤ ᠪᠠᠨ ᠪᠣᠯᠢᠭᠰᠠᠨ ᠪᠠᠶᠢᠨ᠎ᠠ᠃ ᠮᠥᠨ ᠡᠭᠦᠨ ᠠᠴᠠ ᠪᠣᠯᠵᠤ ᠦᠬᠡᠷ ᠰᠦᠷᠦᠭ ᠤᠨ ᠳᠤᠮᠳᠠ ᠶᠠᠰᠤ ᠵᠥᠭᠡᠯᠡᠷᠡᠬᠦ ᠭᠡᠮ ᠤᠯᠠᠨ ᠭᠠᠷᠬᠤ ᠪᠣᠯᠵᠠᠢ᠃       ᠡᠪᠡᠳᠴᠢᠨ ᠤ ᠰᠢᠯᠲᠠᠭᠠᠨ᠄ ᠤᠷᠳᠤ ᠬᠤᠭᠤᠴᠠᠭ᠎ᠠ ᠪᠠᠷ ᠹᠣᠰᠹᠣᠷ᠂ ᠺᠠᠯᠼ ᠳᠤᠲᠠᠬᠤ ᠪᠤᠶᠤ ᠹᠣᠰᠹᠣᠷ᠂ ᠺᠠᠯᠼ ᠤᠨ ᠬᠠᠷᠢᠴᠠᠯ ᠨᠢ ᠲᠡᠩᠴᠡᠭᠦᠷᠢ ᠪᠠᠨ ᠠᠯᠳᠠᠬᠤ ᠠᠴᠠ ᠪᠣᠯᠵᠤ ᠶᠠᠰᠤ ᠵᠥᠭᠡᠯᠡᠷᠡᠬᠦ ᠭᠡᠮ ᠡᠭᠦᠰᠳᠡᠭ᠃ ᠳᠠᠷᠤᠢ ᠣᠲᠣᠷᠯᠠᠨ ᠶᠠᠪᠤᠬᠤ ᠭᠠᠵᠠᠷ ᠦᠭᠡᠢ᠂ ᠲᠣᠭᠲᠠᠭᠰᠠᠨ ᠭᠠᠵᠠᠷ ᠲᠠᠭᠠᠨ ᠤᠷᠳᠤ ᠬᠤᠭᠤᠴᠠᠭ᠎ᠠ ᠮᠠᠯᠵᠢᠬᠤ᠂ ᠲᠡᠵᠢᠭᠡᠯ ᠪᠣᠷᠳᠤᠭ᠎ᠠ᠂ ᠤᠷᠭᠤᠮᠠᠯ ᠤᠨ ᠳᠣᠲᠣᠷ᠎ᠠ ᠸᠢᠲ᠋ᠠᠮᠢᠨ ᠳᠤᠲᠠᠭᠳᠠᠬᠤ᠂ ᠪᠠᠮᠪᠠᠢ ᠪᠤᠯᠴᠢᠷᠬᠠᠢ ᠶᠢᠨ ᠠᠵᠢᠯᠯᠠᠭ᠎ᠠ ᠴᠢᠩᠭᠠᠷᠠᠬᠤ ᠵᠡᠷᠭᠡ ᠠᠴᠠ ᠪᠣᠯᠵᠤ ᠮᠥᠨ ᠡᠭᠦᠰᠳᠡᠭ᠃ ᠡᠭᠦᠨ ᠠᠴᠠ ᠭᠠᠳᠠᠨ᠎ᠠ ᠬᠤᠳᠣᠭᠤᠳᠤ ᠭᠡᠳᠡᠰᠦᠨ ᠤ ᠠᠵᠢᠯᠯᠠᠭ᠎ᠠ ᠰᠤᠯᠠᠷᠠᠬᠤ᠂ ᠤᠳᠠᠭᠠᠨ ᠴᠢᠨᠠᠷᠲᠠᠢ ᠰᠢᠩᠭᠡᠭᠡᠯᠲᠡ ᠮᠠᠭᠤᠳᠠᠬᠤ ᠵᠡᠷᠭᠡ ᠠᠴᠠ ᠪᠣᠯᠵᠤ ᠮᠥᠨ ᠳᠤᠰ ᠡᠪᠡᠳᠴᠢᠨ ᠡᠭᠦᠰᠳᠡᠭ᠃       ᠰᠢᠨᠵᠢ ᠲᠡᠮᠳᠡᠭ᠄ ᠠᠭᠠᠵᠢᠮ ᠢᠶᠠᠷ ᠡᠴᠡᠵᠦ ᠲᠤᠷᠠᠭᠠᠳ ᠭᠦᠳᠡᠯᠭᠦ ᠳᠤᠷ᠎ᠠ ᠦᠭᠡᠢ ᠭᠡᠪᠳᠡᠭᠦ᠂ ᠨᠢᠷᠤᠭᠤ ᠬᠥᠯ ᠨᠢ ᠬᠥᠰᠢᠭᠦᠨ ᠪᠤᠯᠬᠤ᠂ ᠠᠮᠠᠷᠬᠠᠨ ᠶᠠᠳᠠᠷᠠᠵᠤ ᠬᠥᠯᠥᠷᠡᠬᠦ᠂ ᠭᠡᠨᠡᠳᠲᠡ ᠪᠠᠷ ᠪᠠᠶᠢᠨ ᠪᠠᠶᠢᠨ ᠲᠤᠭᠤᠯᠬᠤ ᠪᠠᠶᠢᠳᠠᠯ ᠲᠠᠢ᠃ ᠡᠪᠡᠳᠴᠢᠨ ᠨᠢ ᠬᠦᠨᠳᠦᠷᠡᠬᠦ ᠶᠢ ᠳᠠᠭᠠᠯᠳᠤᠨ ᠲᠣᠯᠣᠭᠠᠢ ᠨᠢ ᠬᠠᠪᠤᠳᠬᠤ᠂ ᠲᠠᠩᠨᠠᠢ ᠨᠢ ᠬᠤᠲᠣᠶᠢᠭᠠᠳ ᠨᠠᠷᠢᠨ ᠰᠤᠪᠠᠭ ᠭᠠᠷᠬᠤ᠂ ᠪᠦᠷ ᠰᠡᠭᠦᠯ ᠳᠡᠭᠡᠨ ᠦᠶ᠎ᠡ ᠭᠡᠰᠢᠭᠦᠦ ᠨᠢ ᠬᠠᠪᠤᠳᠤᠨ ᠪᠦᠳᠦᠭᠦᠷᠡᠬᠦ᠂ ᠲᠦᠷᠪᠡᠨ ᠮᠥᠴᠢ ᠪᠣᠯᠣᠨ ᠨᠢᠷᠤᠭᠤᠨ ᠤ ᠶᠠᠰᠤ ᠨᠢ ᠮᠤᠷᠤᠶᠢᠵᠤ᠂ ᠬᠠᠪᠢᠷᠭᠠᠨ ᠤ ᠶᠠᠰᠤ ᠨᠢ ᠲᠡᠭᠰᠢᠷᠡᠨ ᠬᠠᠪᠳᠠᠭᠠᠶᠢᠢᠷᠠᠵᠤ᠂ ᠶᠠᠰᠤ ᠨᠢ ᠬᠥᠬᠡᠷᠡᠨ ᠬᠠᠷᠠᠯᠠᠵᠤ ᠠᠮᠠᠷᠬᠠᠨ ᠬᠤᠭᠤᠷᠠᠨ᠎ᠠ᠃       ᠡᠮᠨᠡᠨ ᠵᠠᠰᠠᠬᠤ ᠠᠷᠭ᠎ᠠ᠄ ᠠᠷᠠᠴᠢᠯᠠᠭ᠎ᠠ ᠮᠠᠯᠵᠢᠯᠭ᠎ᠠ ᠪᠠᠨ ᠴᠢᠩᠭᠠᠳᠬᠠᠨ᠂ ᠡᠪᠡᠰᠦ ᠪᠣᠷᠳᠤᠭ᠎ᠠ ᠨᠥᠬᠦᠪᠦᠷᠢᠯᠡᠬᠦ ᠳᠡᠭᠡᠨ ᠢᠯᠡᠭᠦᠬᠡᠨ ᠹᠣᠰᠹᠣᠷ᠂ ᠺᠠᠯᠼ ︵ᠶᠠᠰᠤ ᠬᠡᠮᠬᠡᠴᠢᠨ ᠦᠭᠭᠦ᠂ ᠶᠠᠰᠤᠨ ᠲᠠᠯᠬ᠎ᠠ ᠦᠭᠭᠦ︶᠂ ᠸᠢᠲ᠋ᠠᠮᠢᠨ ᠢ ᠬᠤᠯᠢᠵᠤ ᠥᠭᠭᠦᠨ᠎ᠡ᠃       1᠂ ᠬᠦᠬᠦᠷ ᠬᠦᠴᠢᠯ ᠤᠨ ᠬᠤᠶᠠᠷ ᠤᠰᠤᠲᠥ᠋ᠷᠥᠭᠴᠢᠲᠤ ᠨᠠᠲ᠋ᠢᠷ ᠤᠨ ᠨᠤᠨᠳᠠᠭ ᠢ ᠪᠦᠳᠦᠭᠦᠨ ᠦᠬᠡᠷ ᠲᠤ 50 — 70 ᠭᠷᠡᠮ᠂ 0. 3 ᠭᠷᠡᠮ ᠤᠨ ᠺᠠᠯᠼ ᠢ 100 ᠦᠷᠢᠯ ᠢᠶᠠᠷ ᠡᠳᠦᠷ ᠲᠤ ᠨᠢᠭᠡ ᠤᠳᠠᠭ᠎ᠠ ᠥᠭᠭᠦᠨ᠎ᠡ᠃ ᠪᠢᠷᠠᠭᠤᠨ ᠳᠤ ᠬᠦᠬᠦᠷ ᠬᠦᠴᠢᠯ ᠤᠨ ᠤᠰᠤᠲᠥ᠋ᠷᠥᠭᠴᠢᠲᠤ ᠨᠠᠳ᠋ᠷᠢ ᠶᠢᠨ ᠨᠤᠨᠳᠠᠭ 30 ᠭᠷᠡᠮ᠂ ᠺᠠᠯᠼ 50 ᠦᠷᠢᠯ ᠢ ᠡᠳᠦᠷ ᠲᠤ ᠨᠢᠭᠡ ᠤᠳᠠᠭ᠎ᠠ᠂ 3 ᠠᠴᠠ 7 ᠡᠳᠦᠷ ᠦᠷᠭᠦᠯᠵᠢᠯᠡᠨ ᠥᠭᠭᠦᠨ᠎ᠡ᠃       2᠂ 20% ᠶᠢᠨ ᠬᠦᠬᠦᠷ ᠬᠦᠴᠢᠯ ᠤᠨ ᠬᠤᠶᠠᠷ ᠤᠰᠤᠲᠥ᠋ᠷᠥᠭᠴᠢᠲᠤ ᠨᠠᠳ᠋ᠷᠢ ᠶᠢᠨ ᠲᠠᠷᠢᠯᠭ᠎ᠠ ᠶᠢᠨ ᠰᠢᠩᠭᠡᠨ ᠢ ᠪᠦᠳᠦᠭᠦᠨ ᠦᠬᠡᠷ ᠲᠤ 500 ᠮᠢᠯᠢᠯᠢᠲᠷ᠂ ᠪᠢᠷᠠᠭᠤ ᠳᠤ 250 ᠮᠢᠯᠢᠯᠢᠲᠷ ᠤᠨ ᠬᠡᠮᠵᠢᠶ᠎ᠡ ᠪᠠᠷ ᠡᠳᠦᠷ ᠲᠤ ᠨᠢᠭᠡ ᠤᠳᠠᠭ᠎ᠠ ᠬᠥᠬᠡ ᠰᠤᠳᠠᠯ ᠢᠶᠠᠷ ᠨᠢ ᠲᠠᠷᠢᠨ᠎ᠠ᠂ ᠦᠷᠭᠦᠯᠵᠢᠯᠡᠨ 3 ᠠᠴᠠ 5 ᠡᠳᠦᠷ ᠲᠠᠷᠢᠨ᠎ᠠ᠃ ᠮᠥᠨ ᠳᠡᠭᠡᠷᠡᠬᠢ ᠬᠡᠮᠵᠢᠶ᠎ᠡ ᠪᠠᠷ ᠴᠢᠳᠬᠤᠨ ᠥᠭᠴᠦ ᠪᠣᠯᠣᠨ᠎ᠠ᠃       3᠂ ᠰᠦ᠋ ᠫᠦ᠋ ᠯᠢᠨ ᠭᠠᠢ ᠺᠠᠯᠼ ᠤᠨ ᠨᠤᠨᠳᠠᠭ ᠢ ᠪᠦᠳᠦᠭᠦᠨ ᠦᠬᠡᠷ ᠲᠤ 100 ᠠᠴᠠ 150 ᠭᠷᠡᠮ᠂ ᠪᠢᠷᠠᠭᠤ ᠳᠤ 60 ᠠᠴᠠ 80 ᠭᠷᠡᠮ ᠤᠨ ᠬᠡᠮᠵᠢᠶ᠎ᠡ ᠪᠠᠷ ᠡᠳᠦᠷ ᠲᠤ ᠨᠢᠭᠡ ᠤᠳᠠᠭ᠎ᠠ᠂ ᠦᠷᠭᠦᠯᠵᠢᠯᠡᠨ 3 ᠠᠴᠠ 7 ᠡᠳᠦᠷ ᠴᠢᠳᠬᠤᠨ᠎ᠠ᠃       4᠂ ᠶᠠᠰᠤᠨ ᠲᠠᠯᠬ᠎ᠠ ᠶᠢ ᠡᠳᠦᠷ ᠪᠦᠷᠢ ᠵᠣᠬᠢᠰᠲᠠᠢ ᠨᠥᠬᠦᠪᠦᠷᠢᠯᠡᠨ ᠥᠭᠪᠡᠯ ᠰᠠᠶᠢᠨ ᠪᠠᠶᠢᠳᠠᠭ᠃
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ