ᠠᠷᠠᠳ ᠤᠨ ᠠᠮᠠᠨ ᠦᠯᠢᠭᠡᠷ ᠢ ᠤᠯᠠᠮᠵᠢᠯᠠᠵᠤ ᠶᠠᠪᠤᠭ᠎ᠠ ᠠᠬᠠᠮᠡᠳ ᠪᠠᠭᠰᠢ ᠰᠤᠶᠤᠯᠴᠡᠴᠡᠭ
ᠨᠡᠶᠢᠲᠡᠯᠡᠭᠰᠡᠨ ᠴᠠᠭ᠄
2022/9/19
      ᠦᠤᠰᠢᠨ ᠬᠤᠰᠢᠭᠤᠨ ᠳᠤ ᠨᠤᠲᠤᠭᠲᠠᠢ ᠠᠵᠢᠯ ᠠᠴᠠ ᠪᠠᠨ ᠲᠠᠷᠬᠠᠯᠠᠬᠳᠠᠬᠰᠠᠨ ᠠᠬᠠᠮᠠᠳ ᠪᠠᠭᠰᠢ ᠰᠤᠶᠤᠯᠴᠡᠴᠡᠭ ᠠᠵᠢᠯ ᠤᠨ  ᠴᠢᠯᠦᠭᠡ ᠪᠠᠷ ᠢᠶᠠᠨ ᠦᠯᠢᠭᠡᠷ ᠤᠨ ᠲᠠᠪᠴᠠᠩ ᠭᠠᠷᠭᠠᠨ᠂ ᠠᠷᠠᠳ ᠤᠨ ᠠᠮᠠᠨ ᠦᠯᠢᠭᠡᠷ ᠢᠶᠠᠷ ᠠᠰ ᠤᠨ ᠪᠡᠶ᠎ᠡ ᠶᠢᠨ ᠭᠡᠷᠡᠯ ᠭᠢᠯᠪᠠᠭ᠎ᠠ ᠪᠠᠨ ᠨᠡᠩ  ᠰᠠᠶᠢᠨ ᠰᠠᠴᠤᠷᠠᠭᠤᠯᠵᠤ ᠶᠠᠪᠤᠨ᠎ᠠ᠃          ᠤᠶᠢᠯᠠᠭᠠᠭᠰᠠᠨ ᠢᠶᠠᠷ᠂ ᠲᠡᠷᠡ 2017 ᠤᠨ ᠳᠤ ᠪᠠᠭᠰᠢ ᠶᠢᠨ ᠠᠵᠢᠯ ᠠᠴᠠ ᠪᠠᠨ ᠲᠠᠷᠬᠠᠯᠠᠬᠳᠠᠵᠤ ᠦᠰᠴᠤ ᠲᠦᠷᠦᠭᠰᠡᠨ ᠨᠤᠲᠤᠭ  ᠦᠤᠰᠢᠨ ᠬᠤᠰᠢᠭᠤᠨ ᠤ ᠭᠠᠯᠠᠭᠤᠲᠦ ᠪᠠᠯᠭᠠᠰᠦ ᠶᠢᠨ ᠰᠡᠪᠭᠦᠯ ᠭᠠᠴᠠᠭᠠᠨ ᠳᠠᠭᠠᠨ ᠪᠤᠴᠠᠵᠤ ᠪᠤᠭᠤᠷᠤᠯ ᠡᠵᠢ ᠪᠠᠨ ᠠᠰᠠᠷᠠᠨ ᠰᠠᠭᠤᠵᠠᠢ᠃ ᠲᠡᠷᠡ  ᠪᠠᠭ᠎ᠠ ᠠᠴᠠ ᠪᠠᠨ ᠠᠷᠠᠳ ᠤᠨ ᠠᠮᠠᠨ ᠦᠯᠢᠭᠡᠷ ᠶᠠᠷᠢᠬᠤ ᠲᠤᠷ᠎ᠠ ᠪᠠᠭ᠋ᠠᠲᠠᠢ᠃ ᠤᠷᠴᠢᠮ ᠤᠨ ᠬᠡᠳᠤᠨ ᠵᠢᠯ ᠰᠢᠨ᠎ᠡ ᠲᠢᠲᠢᠮᠯᠢᠭ ᠠᠭᠤᠰᠭᠢᠨ  ᠦᠷᠪᠢᠰᠤᠯ ᠤᠨ ᠬᠢᠵᠢᠭ ᠳᠡᠯᠭᠡᠷᠡᠵᠤ ᠬᠦᠮᠦᠰ ᠠᠳᠠᠯ ᠬᠢᠳᠡᠯ ᠲᠤᠳᠠᠬᠳᠠᠵᠤ ᠭᠡᠷ ᠲᠡᠭᠡᠨ ᠠᠮᠤᠷ ᠰᠠᠭᠤᠵᠤ ᠪᠠᠶᠢᠬᠤ ᠲᠤᠬᠢᠶᠠᠯ ᠢᠶᠠᠷ ᠲᠡᠷᠨ  ᠨᠠᠰᠤᠳᠠᠢ ᠡᠵᠢ ᠪᠠᠨ ᠬᠠᠷᠠᠭᠠᠯᠵᠠᠬᠤ ᠶᠢᠨ ᠬᠠᠮᠳᠤ ᠡᠨᠡ ᠲᠠᠯ᠎ᠠ ᠶᠢᠨ ᠤᠷᠤᠯᠳᠤᠯᠭ᠎ᠠ ᠪᠠᠨ ᠡᠬᠢᠯᠡᠭᠦᠯᠵᠤ᠂ ᠵᠢᠷᠬᠢᠶ᠎ᠠ ᠶᠢᠨ ᠬᠤᠯᠪᠤᠭᠠᠨ ᠲᠡᠭᠡᠷ᠎ᠡ  ᠦᠯᠢᠭᠡᠷ ᠶᠠᠷᠢᠵᠤ ᠡᠬᠢᠯᠡᠵᠠᠢ᠃ ︽ᠠᠩᠬ᠎ᠠ ᠡᠬᠢᠯᠡᠬᠦ ᠳᠤ ᠬᠤᠯᠪᠤᠭᠠᠨ ᠳᠠᠬᠢ ᠨᠠᠶᠢᠵᠠ ᠶᠢᠨ ᠲᠤᠭ᠎ᠠ ᠲᠤᠭᠠᠲᠠᠢ ᠬᠡᠳᠤᠭᠡᠨ ᠪᠠᠶᠢᠭᠰᠠᠨ᠂ ᠶᠠᠷᠢᠭᠰᠠᠨ  ᠦᠯᠢᠭᠡᠷ ᠢ ᠠᠬᠠᠮᠠᠳ ᠰᠤᠨᠤᠰᠤᠭᠴᠢᠳ ᠰᠤᠨᠤᠰᠤᠭᠰᠠᠨ ᠤ ᠳᠠᠷᠠᠭ᠎ᠠ ᠨᠠᠶᠢᠵᠠ ᠶᠢᠨ ᠲᠤᠭᠤᠷᠢᠭ ᠪᠤᠶᠤ ᠪᠤᠰᠤᠳ ᠬᠤᠯᠪᠤᠭᠠᠨ ᠳᠤ ᠳᠠᠮᠵᠢᠭᠤᠯᠤᠨ  ᠦᠭᠴᠤ᠂ ᠡᠭᠦᠨ ᠤ ᠤᠯᠠᠮ ᠢᠶᠠᠷ ᠨᠢᠭᠡ ᠨᠢ ᠨᠦᠬᠦᠭᠡ ᠳᠡᠭᠡᠨ ᠳᠠᠮᠵᠢᠭᠤᠯᠤᠬᠰᠠᠭᠠᠷ ᠪᠠᠶᠢᠭᠠᠳ ᠪᠠᠶᠠᠨᠨᠠᠭᠤᠷ᠂ ᠠᠯᠠᠱᠠ ᠵᠡᠷᠭᠡ ᠶᠢᠨ ᠬᠦᠮᠦᠰ ᠴᠤ  ᠲᠤᠰ ᠬᠤᠯᠪᠤᠭᠠᠨ ᠳᠤ ᠮᠢᠨᠢ ᠲᠠᠳᠠᠭᠳᠠᠨ ᠤᠷᠤᠵᠤ᠂ ᠬᠠᠮᠲᠦ ᠪᠠᠷ ᠦᠯᠢᠭᠡᠷ ᠶᠠᠷᠢᠵᠤ᠂ ᠬᠠᠮᠲᠦ ᠪᠠᠷ ᠰᠤᠷᠤᠯᠴᠠᠵᠤ ᠡᠬᠢᠯᠡᠭᠰᠡᠨ ᠪᠠᠶᠢᠨ᠎ᠠ᠃  ᠲᠡᠭᠡᠭᠡᠳ ᠶᠠᠪᠤᠭ᠎ᠠ ᠶᠠᠪᠤᠭᠠᠨ ᠳᠠᠭᠠᠨ ᠮᠢᠨᠤ ᠶᠠᠷᠢᠬᠰᠡᠨ ᠦᠯᠢᠭᠡᠷ ᠤᠯᠠᠨ ᠤ ᠬᠦᠷᠢᠶᠡᠯᠡᠯ ᠢ ᠤᠯᠵᠤ᠂ ᠵᠢᠷᠬᠢᠶ᠎ᠠ ᠶᠢᠨ ᠬᠤᠯᠪᠤᠭᠠᠨ ᠳᠠᠭᠠᠨ ︿  ᠤᠷᠮ᠎ᠠ ᠬᠠᠶᠢᠷᠠᠯᠠᠶ᠎ᠠ﹀ ᠭᠡᠬᠦ ᠨᠡᠷ᠎ᠡ ᠬᠠᠳᠠᠵᠤ᠂ ᠬᠤᠯᠪᠤᠭ᠎ᠠ ᠪᠠᠨ ᠤᠯᠠᠮ ᠢᠶᠠᠷ ᠦᠷᠭᠡᠳᠭᠡᠨ ᠬᠦᠭᠵᠢᠭᠦᠯᠵᠠᠢ︾ᠭᠡᠵᠤ ᠰᠤᠶᠤᠯᠴᠡᠴᠡᠭ ᠪᠠᠭᠰᠢ  ᠦᠯᠢᠭᠡᠷ ᠶᠠᠷᠢᠬᠤ ᠬᠤᠯᠪᠤᠭᠠᠨ ᠤ ᠪᠠᠨ ᠲᠤᠬᠠᠢ ᠶᠠᠷᠢᠪᠠ᠃          ᠰᠤᠷᠪᠤᠯᠵᠢᠯᠠᠬᠴᠢ ᠶᠢᠨ ᠦᠢᠯᠠᠭᠠᠬᠰᠡᠨ ᠢᠶᠠᠷ᠂ ᠰᠤᠶᠤᠯᠴᠡᠴᠡᠭ ᠪᠠᠭᠰᠢ ᠭᠤᠴᠢᠭᠠᠳ ᠵᠢᠯ ᠤᠨ ᠲᠤᠷᠰᠢ ᠬᠢᠴᠢᠶᠡᠯ ᠤᠨ ᠴᠠᠭ ᠲᠤ  ᠬᠢᠴᠢᠶᠡᠯ ᠢᠶᠠᠨ ᠲᠠᠶᠢᠯᠪᠤᠷᠢᠯᠠᠵᠤ᠂ ᠰᠤᠯᠨ ᠰᠡᠯᠡᠭᠦᠤ ᠴᠠᠭ ᠲᠠᠭᠠᠨ ᠰᠤᠷᠤᠬᠴᠢᠳ ᠲᠤ ᠠᠮᠠᠨ ᠦᠯᠢᠭᠡᠷ ᠶᠠᠷᠢᠵᠤ ᠰᠤᠷᠤᠭᠴᠢᠳ ᠤᠨ ᠠᠩᠬᠠᠷᠤᠯ ᠢ  ᠲᠠᠲᠠᠵᠤ ᠤᠷᠮ᠎ᠡ ᠶᠢ ᠨᠢ ᠬᠦᠭᠵᠢᠭᠡᠵᠤ ᠪᠠᠶᠢᠵᠠᠢ᠃ ᠰᠤᠶᠤᠯᠴᠡᠴᠡᠭ᠄︽ᠤᠳᠤ ᠬᠤᠯᠪᠤᠭᠠᠨ ᠳᠤ ᠮᠢᠨᠢ 7700 ᠭᠠᠷᠤᠢ ᠰᠤᠨᠤᠰᠤᠭᠴᠢ ᠲᠠᠢ ᠪᠤᠯᠵᠤ ᠂ ᠤᠳᠤ ᠪᠤᠯᠲᠠᠯ᠎ᠠ ᠨᠢᠭᠡᠨᠲᠡ 350 ᠭᠠᠷᠤᠢ ᠦᠯᠢᠭᠡᠷ ᠳᠤᠮᠤᠭ ᠶᠠᠷᠢᠵᠤ᠂ ᠡᠭᠦᠨ ᠢ ᠪᠦᠷ ᠴᠡᠭᠡᠵᠢ ᠪᠠᠷ ᠶᠠᠷᠢᠭᠰᠠᠨ ᠶᠤᠮ᠃ ᠪᠢ ᠬᠡᠳᠦ᠋ᠪᠡᠷ  ᠵᠢᠭᠠᠨ ᠰᠤᠷᠭᠠᠯᠲᠠ ᠶᠢᠨ ᠠᠵᠢᠯ ᠠᠴᠠ ᠪᠠᠨ ᠲᠠᠷᠬᠠᠯᠠᠬᠳᠠᠬᠰᠠᠨ ᠪᠤᠯᠪᠠᠴᠦ ᠵᠢᠷᠬᠢᠶ᠎ᠠ ᠲᠡᠭᠡᠷ᠎ᠡ ᠶᠠᠷᠢᠬᠰᠡᠨ ᠦᠯᠢᠭᠡᠷ ᠢ ᠮᠢᠨᠢ ᠰᠤᠨᠤᠰᠴᠤ ᠪᠠᠶᠢᠬᠤ  ᠰᠤᠷᠤᠬᠴᠢ ᠶᠢᠨ ᠲᠤᠭ᠎ᠠ 28000 ᠳᠤ ᠬᠦᠷᠴᠠᠢ᠃ ᠡᠨᠡ ᠨᠢ ᠨᠠᠳᠠ ᠶᠠᠭ ᠯᠨ ᠲᠠᠬᠢᠨᠳᠡ ᠰᠤᠷᠭᠠᠭᠤᠯᠢ ᠶᠢᠨ ᠬᠦᠷᠢᠶᠡᠨ ᠳᠡᠭᠡᠨ ᠬᠠᠷᠢᠬᠰᠡᠨ  ᠰᠢᠭ ᠪᠤᠳᠤᠬᠳᠠᠭᠤᠯᠳᠠᠭ ᠶᠤᠮ︾ᠭᠡᠵᠤ ᠮᠦᠰᠢᠶᠡᠨ ᠶᠠᠷᠢᠨ᠎ᠠ᠃ ᠲᠡᠷᠨ᠄ ︽ᠬᠤᠶᠢᠰᠢᠳᠡ ᠵᠠᠪ ᠲᠠᠢ ᠯᠨ ᠶᠤᠮ ᠪᠤᠯ ᠦᠯᠢᠭᠡᠷ ᠢᠶᠠᠨ ᠨᠡᠩ ᠰᠠᠶᠢᠨ  ᠶᠠᠷᠢᠵᠤ᠂ ᠠᠷᠠᠳ ᠤᠯᠡᠨ ᠤ ᠪᠠᠨ ᠰᠤᠶᠤᠯ ᠤᠨ ᠦᠪ ᠢ ᠨᠡᠩ ᠰᠠᠶᠢᠨ ᠤᠯᠠᠮᠵᠢᠯᠠᠵᠤ ᠶᠠᠪᠤᠶ᠎ᠠ ᠭᠡᠵᠤ ᠪᠤᠳᠤᠵᠤ ᠪᠠᠶᠢᠨ᠎ᠠ︾ ᠭᠡᠵᠤ ᠪᠠᠶᠢᠯ᠎ᠠ᠃
2022-09-19.jpg
      ︵  ᠭᠡᠷᠡᠯ ᠵᠢᠷᠤᠭ ᠢ ᠪᠤᠶᠠᠨᠲᠦ ᠰᠡᠭᠦᠳᠡᠷᠯᠡᠪᠡ︶ 
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ