ᠪᠠᠲᠤᠮᠦ᠋ᠡᠭᠬᠡ ᠶᠢᠨ ᠦᠨᠡᠨᠴᠢ ᠰᠡᠳᠬᠢᠯ ᠤᠨ ᠦᠴᠢᠯ
ᠨᠡᠶᠢᠲᠡᠯᠡᠭᠰᠡᠨ ᠴᠠᠭ᠄
2022/9/30
0930.jpg
      ᠬᠤᠷ᠎ᠠ ᠲᠠᠢ ᠭᠠᠵᠡᠷ ᠦᠡᠭᠭᠡ ᠲᠠᠢ ᠭᠡᠭᠴᠢ ᠪᠠᠷ ᠦᠨᠤ ᠵᠢᠯ ᠬᠠᠪᠤᠷ ᠡᠬᠢᠯᠡᠮᠡᠭᠴᠡ ᠭᠠᠵᠡᠷ ᠲᠡᠯᠡᠬᠡᠢ ᠭᠠᠨᠭ᠍ᠳᠠᠵᠤ ᠬᠠᠳᠡᠨ᠂ ᠬᠦᠮᠤᠨ ᠮᠠᠯ  ᠠᠮᠢᠳᠡᠨ ᠭᠤᠤᠯᠳᠡᠡ ᠢ ᠵᠦᠳᠡᠭᠡᠵᠤ ᠠᠷᠭ᠎ᠠ ᠠᠭᠠᠰᠢ ᠶᠢ ᠨᠢ ᠪᠠᠷᠬᠠᠳᠠᠭᠤᠯᠵᠤ ᠪᠠᠶᠢᠨᠨᠰᠠᠨ ᠪᠤᠯ ᠵᠤᠨ ᠤ ᠲᠤᠮᠳᠠᠴᠢ ᠠᠴᠠ ᠡᠬᠢᠯᠡᠨ ᠲᠡᠭᠷᠢ  ᠪᠤᠷᠬᠠᠨ ᠭᠡᠰᠢᠭ ᠬᠠᠶᠢᠷᠠᠯᠠᠵᠤ ᠪᠤᠷᠤᠭᠠᠨ ᠬᠤᠷ᠎ᠠ ᠡᠯᠪᠡᠭ ᠪᠠᠭᠤᠨᠨᠰᠠᠨ ᠢᠶᠠᠷ ᠬᠦᠳᠡᠭᠡ ᠨᠤᠳᠤᠭ ᠠᠮᠢᠯᠠᠨ ᠨᠤᠭᠤᠭᠠᠷᠠᠵᠤ᠂ ᠠᠳᠤᠭᠤ ᠮᠠᠯ  ᠲᠠᠪᠠᠳᠡᠢ ᠰᠠᠶᠢᠬᠠᠨ ᠪᠠᠯᠴᠢᠨ᠂ ᠮᠠᠯᠴᠢᠨ ᠲᠦᠮᠡᠨ ᠴᠤ ᠵᠢᠷᠭᠠᠯᠠᠩ ᠢᠶᠠᠷ ᠲᠦᠭᠦᠷᠡᠩ᠃ ᠡᠨᠡ ᠪᠤᠯ ᠤᠳᠤᠭ ᠬᠤᠰᠢᠭᠤ ᠪᠠᠷ ᠰᠤᠷᠪᠤᠯᠵᠢᠯᠠᠵᠤ  ᠶᠠᠪᠤᠬᠤ ᠲᠤᠮᠳᠠ ᠪᠠᠨ ᠤᠯᠵᠤ ᠬᠠᠷᠬᠠᠰᠠᠨ ᠰᠡᠳᠬᠢᠯ ᠰᠡᠷᠭᠦᠬᠡᠮ᠎ᠠ ᠰᠠᠶᠢᠬᠠᠨ ᠦᠵᠡᠭᠳᠡᠯ ᠶᠤᠮ᠃ ᠤᠳᠤᠭ ᠬᠤᠰᠢᠭᠤᠨ ᠤ ᠰᠦᠮᠡᠳᠤ  ᠰᠤᠮᠤᠨ ᠠᠴᠠ ᠵᠡᠬᠦᠨ ᠡᠮᠤᠨᠡᠰᠢ ᠵᠤᠷᠠᠶᠢᠨᠨᠰᠠᠨ ᠵᠠᠰᠠᠮᠠᠯ ᠵᠠᠮ ᠢᠶᠠᠷ ᠲᠠᠪᠬᠢᠭᠤᠯᠵᠤ᠂ ᠪᠠᠷᠠᠭᠤᠨᠰᠢ ᠪᠠᠭᠤᠨᠨᠰᠠᠨ ᠬᠦᠳᠡᠭᠡ ᠶᠢᠨ ᠰᠢᠷ᠎ᠠ ᠵᠠᠮ ᠢᠶᠠᠷ  ᠭᠡᠰᠡᠭ ᠵᠠᠮᠨᠠᠭᠠᠳ ᠪᠢᠳᠡ ᠵᠤᠷᠢᠨᠨᠰᠠᠨ ᠭᠠᠵᠡᠷ ᠲᠠᠭᠠᠨ ᠬᠦᠷᠤᠯ᠎ᠠ᠃ ᠡ᠊ᠨᠳᠡ ᠪᠢ ᠬᠤᠶᠠᠳᠠᠬᠢ ᠤᠳᠠᠭ᠎ᠠ ᠢᠷᠡᠵᠤ ᠪᠠᠶᠢᠨ᠎ᠠ᠃ ᠠᠩᠬ᠎ᠠ  ᠤᠳᠠᠭ᠎ᠠ ᠨᠢ ᠮᠦᠨ ᠡᠨᠡ ᠵᠢᠯ ᠤᠨ ᠤᠴᠢᠷ ᠪᠢᠯᠡ᠃ ᠡᠨᠡ ᠬᠠᠪᠤᠷ ᠪᠢ ᠤᠳᠤᠭ ᠢᠶᠠᠷ ᠰᠤᠷᠪᠤᠯᠵᠢᠯᠠᠵᠤ ᠶᠠᠪᠤᠭᠠᠳ ᠰᠡᠬᠦᠯ ᠤᠨ ᠨᠢᠬᠡ ᠡᠳᠤᠷ ︽  ᠨᠢᠬᠡᠨ ᠲᠤᠮᠤ ᠠᠵᠤ ᠠᠬᠤᠶᠢᠯᠠᠯᠳᠡᠨ ᠨᠤᠳᠤᠭ ᠲᠠᠭᠠᠨ ᠢᠷᠡᠭᠡᠳ ᠠᠷᠪᠢᠨ ᠵᠦᠢᠯ ᠢ ᠬᠢᠵᠤ ᠪᠠᠶᠢᠨ᠎ᠠ︾ ᠭᠡᠰᠡᠨ ᠰᠤᠷᠠᠭ ᠢ ᠰᠤᠨᠤᠰᠴᠦ ᠤᠴᠢᠵᠤ  ᠰᠤᠷᠪᠤᠯᠵᠢᠯᠬᠠᠰᠠᠨ ᠶᠤᠮ᠃ ᠭᠡᠪᠡᠴᠤ ᠪᠢ ᠬᠠᠷᠢᠭᠠᠳ ᠠᠵᠢᠯ ᠳᠠᠭᠠᠨ ᠭᠠᠷᠤᠨᠨᠰᠠᠨ ᠤ ᠲᠠᠷᠠᠭ᠎ᠠ ᠰᠤᠷᠪᠤᠯᠵᠢᠯᠠᠭ᠎ᠠ ᠮᠠᠨᠢ ᠲᠤᠳᠠᠭᠤ ᠲᠤᠷᠭᠤᠨ  ᠶᠠᠪᠤᠬᠳᠠᠬᠰᠠᠨ ᠳᠤ ᠬᠠᠷᠠᠮᠰᠠᠵᠤ ᠠᠯᠢ ᠨᠢᠭᠡ ᠡᠳᠤᠷ ᠵᠠᠪ ᠭᠠᠷᠪᠠᠯ ᠲᠠᠬᠢᠨ ᠰᠤᠷᠪᠤᠯᠵᠢᠯᠠᠬᠤ ᠪᠠᠷ ᠤᠴᠢᠶ᠎ᠠ ᠭᠡᠵᠤ ᠪᠤᠳᠤᠬᠰᠠᠨ ᠶᠤᠮ᠃  ᠢᠡᠭᠬᠢᠭᠡᠳ ᠪᠢ ᠬᠤᠶᠠᠳᠠᠬᠢ ᠤᠳᠠᠭ᠎ᠠ ᠪᠠᠨ ᠢᠷᠡᠵᠤ ᠪᠠᠶᠢᠭ᠎ᠠ ᠶᠢᠨ ᠤᠴᠢᠷ ᠡᠨᠡ ᠪᠢᠯᠡ᠃           ᠪᠠᠳᠤᠮᠥ᠋ᠡᠭᠭᠡ ᠬᠡᠳᠦ᠋ᠢᠪᠡᠷ ᠬᠦᠮᠤᠨ ᠤ ᠨᠢᠳᠤᠨ ᠳᠤ ᠲᠤᠮᠤ ᠠᠵᠤ ᠠᠬᠤᠶᠢᠯᠡᠯᠳᠡᠡ ᠢᠶᠠᠷ ᠬᠠᠷᠠᠬᠳᠠᠪᠠᠴᠤ ᠲᠡᠷᠡ ᠪᠤᠯ ᠲᠦᠢᠯ ᠤᠨ ᠡᠶᠡᠯᠰᠡᠭ  ᠲᠤᠳᠤᠨᠤ᠂ ᠲᠠᠷᠤᠤ ᠬᠢᠴᠢᠶᠡᠩᠭᠦᠢ ᠬᠦᠮᠤᠨ ᠶᠤᠮ᠃ ᠤᠶᠢᠯᠡᠰ ᠤᠨ ᠠᠮᠵᠢᠯᠳᠡ ᠪᠠᠷ ᠢᠶᠠᠨ ᠤᠯᠠᠨ ᠳᠤ ᠲᠠᠨᠢᠨᠨᠳ᠋ᠬᠠᠰᠠᠨ ᠪᠠᠳᠤᠮᠦ᠋ᠡᠭᠭᠡ  ᠰᠤᠷᠪᠤᠯᠵᠢᠯᠠᠭ᠎ᠠ ᠡᠬᠢᠯᠡᠬᠦ ᠲᠠᠢ ᠯᠡ ᠵᠡᠷᠭᠡ ᠦᠪᠡᠷ ᠤᠨ ᠤᠯᠠᠨ ᠵᠢᠯ ᠤᠨ ᠲᠤᠷᠰᠢᠬᠢ ᠤᠶᠢᠯᠡᠰ ᠤᠨ ᠤᠯᠠ ᠮᠦᠷ ᠢᠶᠠᠨ ᠡᠷᠬᠢᠴᠡᠭᠦᠯᠵᠤ  ᠪᠢᠳᠡᠨ ᠳᠤ ᠶᠠᠷᠢᠯ᠎ᠠ᠃           ᠲᠠᠯ᠎ᠠ ᠨᠤᠲᠤᠭ ᠤᠨ ᠰᠤᠶᠤᠯ ᠤᠨ ᠭᠦᠩᠭᠡᠨ ᠮᠤᠷᠢᠲᠦ ᠴᠡᠷᠢᠭ ᠤᠨ ᠬᠤᠰᠢᠭᠤᠴᠢ           ᠡᠷᠬᠢᠬᠦ ᠶᠡᠭᠡ ᠳᠡᠯᠡᠬᠡᠢ ᠶᠢᠨ ᠠᠨᠢᠷ ᠦᠭᠡᠢ ᠠᠮᠤᠭᠤᠯᠠᠩ ᠤᠨ ᠲᠤᠮᠳᠠ            ᠡᠶᠡᠪᠡᠷᠬᠦᠦ ᠵᠦᠬᠡᠯᠡᠨ ᠡᠬᠡᠰᠢᠭ ᠤᠨ ᠰᠢᠷᠤᠩᠬᠠᠢ ᠴᠤᠤᠷᠢᠶᠠᠯᠠᠨ ᠠᠶᠢᠰᠦᠢ ᠶᠢ           ᠡᠬᠡ ᠨᠤᠲᠤᠭ ᠤᠨ ᠬᠦᠷᠦᠰᠦᠨ ᠤ ᠭᠠᠭᠴᠠᠬᠠᠨ ᠰᠢᠷᠬᠡᠭ ᠡᠪᠡᠰᠦ ᠬᠦᠷᠲᠡᠯ᠎ᠡ           ᠡᠵᠢ ᠶᠢᠨ ᠪᠦᠪᠡᠢ ᠪᠤᠯᠭᠠᠨ ᠬᠦᠯᠢᠶᠡᠨ ᠰᠤᠨᠤᠷᠳᠠᠬᠤ ᠳᠤ ᠰᠡᠳᠬᠢᠯ ᠠᠷᠭᠠᠮᠵᠢᠨ᠎ᠠ᠃          ᠠᠷᠭᠠᠮᠵᠢᠵᠤ ᠪᠤᠢ ᠲᠡᠷᠡ ᠰᠡᠳᠬᠢᠯ ᠤᠨ ᠵᠠᠩᠭᠢᠯᠠᠭᠠᠰᠤ ᠶᠢ ᠲᠠᠶᠢᠯᠬᠤ ᠳᠤ ᠲᠦᠮᠡ ᠮᠢᠩᠭᠠᠨ ᠤᠶᠠᠩᠭ᠎ᠠ ᠶᠢᠨ ᠨᠠᠶᠢᠷᠠᠭᠯᠠᠯ ᠢᠵᠠᠭᠤᠷ  ᠰᠤᠶᠤᠯ ᠤᠨ ᠳᠠᠯᠠᠰᠲᠤ ᠶᠢ ᠠᠴᠢᠶᠠᠯᠠᠨ ᠡᠨᠡ ᠡᠷᠢᠨ ᠳᠤ ᠬᠦᠷᠬᠡᠵᠤ ᠢᠷᠡᠬᠦ ᠶᠢ ᠬᠡᠨ ᠰᠠᠨᠠᠯ᠎ᠠ︕ ᠢᠡᠭᠭᠢᠬᠦ ᠳᠤ ᠶᠡᠭᠡ ᠲᠡᠭᠷᠢ ᠶᠢᠨ ᠲᠤᠤᠷ᠎ᠠ  ᠤᠷᠠᠯᠢᠭ ᠰᠤᠶᠤᠯ ᠤᠨ ᠴᠦᠯᠮᠦᠬᠦᠷᠢ ᠲᠡᠬᠦᠵᠤ᠂ ᠡᠬᠡ ᠤᠷᠤᠨ ᠤ ᠰᠡᠬᠦᠳᠡᠷ ᠲᠤᠰᠤᠭᠰᠠᠨ ᠭᠠᠵᠠᠷ ᠪᠦᠬᠦᠨ ᠳᠤ ᠬᠦᠷᠬᠡᠬᠦ ᠬᠡᠵᠤ ᠶᠠᠪᠤᠭ᠎ᠠ  ᠬᠦᠮᠤᠨ ᠤ ᠲᠤᠳᠤᠷᠠᠬᠢ ᠨᠢᠬᠡ ᠨᠢ ᠭᠡᠪᠡᠯ ᠪᠠᠳᠤᠮᠦ᠋ᠡᠭᠭᠡ ᠶᠤᠮ ᠰᠠᠨ᠃ ᠲᠡᠷᠡ ᠪᠤᠯ ᠡᠩ ᠤᠨ ᠨᠢᠬᠡᠨ ᠠᠵᠤ ᠠᠬᠤᠶᠢᠯᠠᠯᠳᠡᠡ ᠪᠢᠰᠢ᠂ ᠦᠵᠡᠯ  ᠪᠤᠳᠤᠯ ᠲᠠᠢ᠂ ᠪᠠᠶᠢᠷᠢ ᠰᠠᠭᠤᠷᠢ ᠲᠠᠢ᠂ ᠬᠦᠮᠤᠨ ᠤ ᠠᠮᠢᠳᠤᠷᠠᠯ ᠤᠨ ᠭᠠᠯ ᠠᠶᠠᠨ ᠳᠤ ᠴᠦᠬᠦᠷᠡᠰᠢ ᠦᠬᠡᠢ ᠲᠡᠮᠡᠴᠡᠵᠤ᠂ ᠲᠠᠰᠤᠷᠠᠯᠳᠡ ᠦᠬᠡᠢ  ᠰᠢᠨ᠎ᠠ ᠶᠢ ᠡᠭᠦᠳᠴᠤ ᠶᠠᠪᠤᠳᠠᠭ ᠬᠦᠮᠤᠨ᠂ ᠲᠡᠷᠡ ᠪᠤᠯ ᠤᠯᠠᠮᠵᠢᠯᠠᠯᠲᠤ ᠤᠤᠭᠠᠯ ᠰᠤᠶᠤᠯ ᠢᠶᠠᠨ ᠤᠷᠠᠯᠢᠭ ᠤᠨ ᠲᠤᠷᠭᠠᠨ ᠬᠠᠷᠠᠭ᠎ᠠ ᠪᠠᠷ  ᠲᠦᠮᠡᠨ ᠤ ᠮᠡᠯᠮᠡᠢ ᠳᠤ ᠬᠦᠷᠬᠡᠬᠦ ᠪᠠᠷ ᠴᠢᠷᠮᠠᠶᠢᠵᠤ ᠠᠵᠢᠯᠯᠠᠭᠰᠠᠭᠠᠷ ᠢᠷᠡᠭᠰᠡᠨ ᠬᠦᠮᠤᠨ ᠪᠢᠯᠡ᠃ ᠤᠳᠤ ᠲᠡᠷᠡ ᠦᠪᠦᠷ ᠮᠤᠩᠭᠤᠯ ᠤᠨ ᠲᠤᠯᠸᠢᠰ  ᠤᠷᠠᠯᠢᠭᠴᠢᠳ ᠤᠨ ᠨᠡᠶᠢᠬᠡᠮᠯᠢᠭ ᠤᠨ ᠲᠡᠳ᠋ ᠲᠡᠷᠢᠬᠦᠯᠡᠭᠴᠢ᠂ ᠦᠪᠦᠷ ᠮᠤᠩᠭᠤᠯ ᠤᠨ ︽ᠠᠯᠲᠠᠨ ᠠᠷᠭᠠᠮᠵᠢ︾ ᠰᠤᠶᠤᠯ ᠤᠨ ᠬᠢᠵᠠᠭᠠᠷᠲᠤ  ᠬᠠᠷᠢᠭᠤᠴᠠᠯᠭᠠᠲᠤ ᠺᠤᠮᠫᠠᠨᠢ ᠶᠢᠨ ᠬᠦᠢᠴᠡᠳᠬᠡᠭᠴᠢ ᠵᠠᠬᠢᠷᠤᠯ᠂ ᠲᠤᠮᠳᠠᠳᠤ ᠤᠯᠤᠰ ᠤᠨ ᠺᠢᠨᠣ ᠶᠢᠨ ᠨᠡᠶᠢᠬᠡᠮᠯᠢᠭ ᠤᠨ ᠬᠡᠰᠢᠬᠦᠨ᠂ ᠤᠷᠳᠤᠰ  ᠬᠤᠲᠠ ᠶᠢᠨ ︽ᠠᠯᠲᠠᠨ ᠠᠷᠭᠠᠮᠵᠢ︾ ᠰᠤᠶᠤᠯ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠶᠢᠨ ᠵᠠᠬᠢᠷᠤᠯ᠂ ᠥᠪᠥᠷ ᠮᠣᠩᠭᠤᠯ ᠤᠨ  ᠥᠪᠡᠷᠲᠡᠭᠡᠨ ᠵᠠᠰᠠᠬᠤ ᠣᠷᠣᠨ ᠤ ᠠᠵᠤ ᠦᠢᠯᠡᠳᠪᠤᠷᠢ ᠬᠤᠳᠠᠯᠳᠤᠭᠠᠨ ᠤ ᠬᠤᠯᠪᠣᠭ᠎ᠠ ᠶᠢᠨ ᠠᠷᠪᠠᠨ ᠬᠤᠶᠠᠳᠤᠭᠠᠷ ᠬᠤᠭᠤᠴᠠᠭᠠᠨ ᠤ  ᠭᠦᠶ᠋ᠴᠡᠳᠭᠡᠬᠦ ᠭᠡᠰᠢᠭᠦᠨ᠂ ᠤᠯᠤᠰ ᠲᠥᠷᠥ ᠶᠢᠨ ᠵᠥᠪᠯᠡᠯᠭᠡᠨ ᠤ ᠣᠲᠤᠭ ᠬᠤᠰᠢᠭᠤᠨ ᠤ ᠠᠷᠪᠠᠨ ᠲᠠᠪᠤᠳᠤᠭᠠᠷ ᠬᠤᠭᠤᠴᠠᠭᠠᠨ ᠤ ᠭᠡᠰᠢᠭᠦᠨ ︵  ᠪᠠᠶᠢᠩᠭᠤ ᠶᠢᠨ ᠭᠡᠰᠢᠭᠦᠨ︶᠂ ᠥᠪᠥᠷ ᠮᠣᠩᠭᠤᠯ ᠤᠨ ᠣᠲᠤᠭ ᠤᠨ ᠦᠨᠳᠦᠰᠦᠲᠡᠨ ᠤ ᠠᠵᠤ ᠠᠬᠤᠶ ᠰᠣᠶᠣᠯ ᠤᠨ ᠬᠥᠭᠵᠢᠯᠲᠡ ᠶᠢ ᠠᠬᠢᠭᠤᠯᠬᠤ  ᠨᠡᠶᠢᠭᠡᠮᠯᠢᠭ ᠤᠨ ᠳᠠᠷᠤᠭ᠎ᠠ᠂ ᠳᠤᠮᠳᠠᠳᠤ ᠤᠯᠤᠰ ᠤᠨ ᠺᠢᠨᠣᠴᠢᠳ ᠤᠨ ᠨᠡᠶᠢᠭᠡᠮᠯᠢᠭ ᠤᠨ ᠭᠡᠰᠢᠭᠦᠨ᠂ ᠥᠪᠥᠷ ᠮᠣᠩᠭᠤᠯ ᠤᠨ ᠺᠢᠨᠣᠴᠢᠳ ᠤᠨ  ᠨᠡᠶᠢᠭᠡᠮᠯᠢᠭ ᠤᠨ ᠬᠡᠷᠡᠭ ᠡᠷᠬᠢᠯᠡᠭᠴᠢ᠂ ᠥᠪᠥᠷ ᠮᠣᠩᠭᠤᠯ ᠤᠨ ᠪᠢᠴᠢᠯ ᠺᠢᠨᠣ ᠶᠢᠨ ᠠᠵᠢᠯ ᠤᠨ ᠵᠥᠪᠯᠡᠯ ᠤᠨ ᠠᠩᠬᠠᠨ ᠤ ᠪᠦᠯᠦ᠋ᠭ ᠤᠨ ᠲᠤᠰᠬᠠᠶ  ᠮᠡᠷᠭᠡᠵᠢᠯᠲᠡᠨ ᠤ ᠳᠤᠭᠤᠶᠢᠯᠠᠩ ᠤᠨ ᠭᠡᠰᠢᠭᠦᠨ᠂ ᠺᠢᠨᠣ ᠲᠧᠯᠸᠢᠰ ᠤᠨ ᠹᠢᠯᠢᠮ ᠦᠢᠯᠡᠳᠦᠭᠴᠢ ᠪᠠᠷ ᠠᠵᠢᠯᠯᠠᠵᠤ ᠪᠤᠢ᠃          ᠪᠠᠲᠤᠮᠥ᠋ᠩᠬᠡ 1968 ᠣᠨ ᠳᠤ ᠣᠷᠳᠣᠰ ᠬᠤᠲᠠ ᠶᠢᠨ ᠣᠲᠤᠭ ᠬᠤᠰᠢᠭᠤᠨ ᠤ ᠵᠢᠷ ᠤᠨ ᠮᠠᠯᠴᠢᠨ ᠤ ᠭᠡᠷ ᠲᠤ ᠲᠦᠷᠤᠵᠤ᠂  ᠰᠤᠷᠭᠠᠭᠤᠯᠢ ᠰᠤᠶᠤᠯ ᠤᠨ ᠮᠦᠷ ᠢ ᠲᠤᠭᠤᠰᠢᠳᠡᠢ ᠭᠦᠭᠡᠭᠡᠭᠰᠡᠨ ᠶᠤᠮ᠃ ᠶᠡᠷᠡᠭᠡᠳ ᠤᠨ ᠤ ᠦᠶᠡᠰ ᠢᠶᠠᠷ ᠬᠦᠮᠤᠰ ᠠᠯᠪᠡᠨ ᠠᠵᠢᠯ ᠢᠶᠠᠨ  ᠤᠷᠭᠢᠵᠤ᠂ ᠲᠠᠯᠠᠢ ᠳᠤ ᠪᠠᠭᠤᠵᠤ ᠡᠬᠢᠯᠡᠯ᠎ᠠ᠂ ᠪᠠᠳᠤᠮᠦ᠋ᠡᠭᠭᠡ ᠴᠤ ᠤᠯᠠᠨ ᠢ ᠲᠠᠭᠠᠨ ᠲᠠᠯᠠᠢ ᠳᠤ ᠪᠠᠭᠤᠪᠠ᠂ ᠲᠡᠷᠡ ᠠᠷᠠᠯᠵᠢᠶᠠᠨ ᠤ ᠲᠠᠯᠠᠢ ᠳᠤ  ᠱᠤᠮᠪᠠᠭᠰᠠᠨ ᠶᠤᠮ ᠴᠢᠨᠢ ᠵᠢᠭᠠᠰᠤ ᠵᠢᠷᠠᠭᠠᠬᠠᠢ᠂ ᠰᠤᠪᠤᠳ ᠱᠢᠷᠤ ᠶᠢᠨ ᠠᠯᠢᠨ ᠨᠢ ᠦᠭᠳᠡᠪᠡᠯ ᠲᠡᠬᠦᠨ ᠢ ᠨᠤᠴᠤᠬᠤ ᠯᠡ ᠬᠡᠷᠡᠭ ᠪᠤᠯᠵᠤ᠂ ᠲᠡᠷᠡ  ᠬᠢᠯᠢ ᠶᠢᠨ ᠠᠷᠠᠯᠵᠢᠶᠠᠴᠢᠨ ᠪᠤᠯᠵᠤ ᠶᠠᠪᠤᠯ᠎ᠠ᠂ ᠰᠤᠹᠲ ᠤᠨ ᠲᠤᠬᠠᠢ ᠴᠤ ᠤᠷᠤᠯᠳᠤᠯ᠎ᠠ᠂ ᠡᠮ ᠴᠤ ᠬᠤᠳᠠᠯᠳᠤᠯ᠎ᠠ᠂ ᠵᠠᠯᠠᠭᠤ ᠽᠠᠨᠳᠠᠨ  ᠨᠠᠰᠤᠨ ᠳᠠᠭᠠᠨ ᠠᠷᠪᠢᠨ ᠭᠠᠵᠡᠷ ᠤᠯᠠᠨ ᠬᠦᠮᠤᠨ ᠲᠠᠢ ᠬᠠᠮᠵᠢᠵᠤ ᠤᠯᠠᠨ ᠠᠵᠢᠯ ᠲᠦᠷᠤᠯ ᠲᠠᠢ ᠤᠶᠢᠷᠡᠳᠴᠤ ᠪᠢᠯᠡ᠃ ᠰᠡᠭᠦᠯᠡᠷ ᠨᠢ  ᠠᠷᠠᠯᠵᠢᠶ᠎ᠠ ᠮᠠᠶᠢᠮᠠᠢ ᠶᠢᠨ ᠲᠡᠨᠢᠬᠡᠷ ᠲᠠᠯᠠᠢ ᠳᠤ ᠲᠠᠪᠳ᠋ᠬᠠᠳᠠᠨ ᠪᠤᠯᠪᠠᠰᠤᠷᠬᠠᠳᠠᠵᠤ᠂ ᠵᠢᠬᠦᠷ ᠲᠠᠯᠠᠪᠴᠢ ᠬᠠᠳᠠᠭᠤᠷᠠᠵᠤ᠂ 2006 ᠤᠨ ᠳᠤ  ᠦᠪᠦᠷ ᠮᠤᠩᠭᠤᠯ ᠤᠨ ︽ᠠᠯᠲᠠᠨ ᠠᠷᠭᠠᠮᠵᠢ︾ ᠰᠤᠶᠤᠯ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠪᠠᠨ ᠪᠠᠶᠢᠭᠤᠯᠵᠤ ᠰᠤᠶᠤᠯ  ᠤᠷᠠᠯᠢᠭ ᠤᠨ ᠠᠶᠠᠯᠠᠯ ᠢᠶᠠᠨ ᠡᠬᠢᠯᠡᠬᠦᠯᠵᠠᠢ᠃          ᠰᠣᠶᠣᠯ ᠤᠨ ᠠᠶᠠᠯᠠᠯ ᠢᠶᠠᠨ ᠡᠬᠢᠯᠡᠬᠦᠯᠦ᠋ᠭᠰᠡᠨ ᠠᠴᠠ ᠬᠤᠶᠢᠰᠢ ᠰᠣᠶᠣᠯ ᠤᠨ ᠤᠬᠠᠭᠠᠯᠠᠭ᠎ᠠ᠂ ᠺᠢᠨᠤ᠋ ᠲᠧᠯᠸᠢᠰ ᠤᠨ ᠦᠢᠯᠡᠳᠭᠡᠯ ᠤᠨ  ᠪᠦᠲᠦᠭᠡᠭᠳᠡᠬᠦᠨ᠂ ᠰᠦᠯᠵᠢᠶᠡᠨ ᠤ ᠮᠡᠷᠭᠡᠵᠢᠯ᠂ ᠨᠣᠮ ᠪᠢᠴᠢᠭ ᠤᠨ ᠨᠠᠶᠢᠷᠠᠭᠤᠯᠭ᠎ᠠ ᠶᠢ ᠤᠷᠮ᠎ᠠ ᠵᠣᠷᠢᠭ ᠨᠢᠭᠡᠲᠡᠶ ᠡᠷᠭᠢᠯᠡᠵᠦ᠂ ᠰᠠᠶᠢᠬᠠᠨ  ᠵᠦᠴᠦᠭᠡ ᠶᠢ ᠵᠠᠯᠭᠠᠭ᠎ᠠ ᠪᠠᠷ ᠪᠦᠳᠤᠭᠡᠪᠠ᠃ ᠭᠡᠪᠡᠴᠦ ᠪᠠᠳᠤᠮᠦ᠋ᠡᠭᠭᠡ ᠵᠣᠬᠢᠶᠠᠨ ᠪᠦᠲᠦᠭᠡᠯᠭᠡ ᠶᠢᠨ ᠪᠦᠯᠬᠦᠮ ᠪᠣᠯᠤᠨ ᠮᠡᠷᠭᠡᠵᠢᠯ ᠤᠨ ᠪᠣᠳᠠᠲᠤ  ᠬᠦᠴᠦᠨ ᠤ ᠴᠤᠭ ᠵᠢᠪᠬᠤᠭ᠎ᠠ ᠶᠢ ᠪᠠᠳᠠᠷᠠᠭᠤᠯᠵᠤ᠂ ᠴᠠᠭ ᠦᠶ᠎ᠡ᠂ ᠦᠨᠳᠤᠰᠤᠳᠡᠨ᠂ ᠲᠠᠯ᠎ᠠ ᠨᠤᠲᠤᠭ ᠲᠠᠭᠠᠨ ᠬᠠᠶᠢᠷ᠎ᠠ ᠰᠡᠳᠭᠢᠯᠭᠡ ᠪᠠᠨ  ᠢᠪᠡᠭᠡᠵᠤ᠂ ᠳᠤᠮᠳᠠᠳᠤ ᠶᠢᠨ ᠦᠨᠳᠦᠰᠦᠲᠡᠨ ᠤ ᠰᠢᠯᠢᠳᠡᠭ ᠰᠣᠶᠣᠯ ᠢ ᠤᠯᠠᠮᠵᠢᠯᠠᠨ ᠬᠥᠭᠵᠢᠭᠦᠯᠬᠦ ᠲᠡᠬᠡᠷ᠎ᠠ ᠬᠦᠴᠤᠨ ᠢᠶᠠᠨ ᠲᠠᠯᠪᠢᠵᠤ᠂ ᠮᠣᠷᠢᠨ  ᠬᠤᠭᠤᠷ ᠤᠨ ᠨᠠᠶᠢᠷᠠᠯ ᠬᠥᠭᠵᠢᠮ ᠤᠨ ᠰᠣᠶᠣᠯ ᠤᠨ ᠠᠵᠤ ᠦᠢᠯᠡᠰ ᠤᠨ ᠲᠠᠪᠤᠨ ᠥᠩᠭᠡᠲᠦ ᠵᠠᠮ ᠢ ᠥᠷᠭᠡᠳᠭᠡᠬᠦ ᠪᠠᠷ ᠵᠣᠷᠢᠭ ᠰᠶᠢᠳᠴᠤ ᠪᠢᠯᠡ ᠃ ᠢᠡᠭᠭᠢᠭᠡᠳ ᠨᠢᠭᠡᠨ ᠰᠠᠯᠠᠭ᠎ᠠ ᠲᠠᠯ᠎ᠠ ᠨᠤᠲᠤᠭ ᠤᠨ ᠰᠣᠶᠣᠯ ᠤᠨ ᠬᠥᠩᠭᠡᠨ ᠮᠣᠷᠢᠲᠤ ᠴᠡᠷᠢᠭ ᠬᠡᠭᠡᠷ᠎ᠡ ᠲᠠᠯ᠎ᠠ ᠶᠢᠨ ᠭᠦᠨ ᠠᠴᠠ ᠰᠡᠬᠦᠶᠢᠨ  ᠪᠤᠰᠴᠤ᠂ ᠰᠦᠷ ᠵᠢᠪᠬᠤᠭ᠎ᠠ ᠲᠠᠢ ᠪᠠᠷ ᠤᠷᠤᠨᠨᠰᠢᠯᠠᠪᠠ᠃ ᠺᠤᠮᠫᠠᠨᠢ ᠪᠠᠶᠢᠭᠤᠯᠤᠨᠨᠳ᠋ᠬᠠᠰᠠᠨ ᠠᠷᠪᠡᠭᠠᠳ ᠵᠢᠯ ᠤᠨ ᠲᠤᠳᠤᠷ᠎ᠠ ᠲᠡᠳᠡ ᠶᠠᠷᠤ ᠠᠴᠠ  ᠤᠭ ᠰᠠᠨᠠᠭ᠎ᠠ ᠪᠠᠨ ᠮᠠᠷᠳᠠᠵᠤ ᠦᠡᠭᠭᠡᠷᠡᠭᠡ ᠦᠬᠡᠢ᠂ ᠲᠠᠯ᠎ᠠ ᠨᠤᠳᠤᠭ ᠲᠠᠭᠠᠨ ᠪᠠᠶᠢᠷᠢᠰᠢᠵᠤ᠂ ᠰᠤᠶᠤᠯ ᠢᠶᠠᠨ ᠦᠪᠯᠡᠵᠤ ᠶᠠᠪᠤᠯ᠎ᠠ᠃ ᠲᠡᠳᠡ ︽  ᠤᠷᠳᠤᠰ ᠤᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠮᠣᠩᠭᠤᠯ ᠲᠡᠦᠬᠡ ᠶᠢᠨ ᠲᠠᠩᠰᠠ ᠡᠪᠬᠡᠮᠡᠯ ᠤᠨ ᠰᠣᠩᠭᠤᠮᠠᠯ︾ ︵1 — 12  ᠳᠡᠪᠲᠡᠷ︶᠂ ︽ᠭᠡᠰᠢᠭᠪᠡᠲᠤ︾ ︵1 — 6 ᠳᠡᠪᠲᠡᠷ︶᠂ ᠠᠶᠢᠮᠠᠭ ᠬᠤᠳᠠ ᠬᠤᠰᠢᠭᠤ ᠰᠢᠶᠠᠨ ᠰᠤᠮᠤ ᠭᠠᠴᠠᠭᠠᠨ ᠤ ᠰᠣᠶᠣᠯ ᠤᠨ  ᠴᠤᠪᠤᠷᠠᠯ ᠪᠢᠴᠢᠭ᠂ ᠣᠶᠢᠯᠠᠯᠭ᠎ᠠ ᠵᠡᠷᠭᠡ ᠤᠯᠠᠨ ᠲᠦᠷᠦᠯ ᠤᠨ ᠨᠣᠮ ᠪᠢᠴᠢᠭ ᠰᠤᠷᠪᠤᠯᠵᠢ ᠪᠢᠴᠢᠭ ᠢ ᠴᠤᠭᠯᠠᠭᠤᠯᠤᠨ ᠡᠮᠬᠢᠳᠭᠡᠵᠦ ᠲᠥᠰᠦᠪᠯᠡᠨ  ᠭᠠᠷᠭᠠᠨᠨᠰᠠᠨ ᠪᠦᠭᠡᠳ ︽ᠨᠤᠷᠵᠢᠮ᠎ᠠ︾᠂ ︽ᠬᠤᠩᠬᠤ︾᠂ ᠦᠷᠭᠦᠯᠵᠢᠯᠡᠭᠰᠡᠨ ᠲᠧᠯᠸᠢᠰ ᠵᠦᠴᠦᠭᠡ ︽ᠤᠷᠳᠤᠰ ᠬᠤᠷᠢᠮ︾᠂ ᠪᠠᠷᠢᠮᠲᠠᠲᠤ  ᠺᠢᠨᠤ᠋ ︽ᠪᠠᠶ᠋ᠬᠠᠤᠪᠤᠭ᠎ᠠ︾᠂ ︽ᠬᠠᠶᠢᠷ᠎ᠠ︾᠂ ︽ᠬᠠᠴᠢᠨ ᠴᠢᠯᠠᠭᠤ︾᠂ ︽ᠲᠡᠮᠡᠭᠡᠴᠢᠨ︾᠂ ︽ᠲᠠᠨᠢᠯ ᠪᠤᠰᠤ ᠵᠢᠲᠢᠨᠴᠦ︾᠂ ︽  ᠬᠡᠦᠬᠡᠳ ᠤᠨ ᠳᠠᠭᠤᠤ ᠶᠢᠨ ᠺᠠᠷᠲ᠋ᠣᠨ︾᠂ ︽ᠬᠦᠳᠡᠭᠡ ᠰᠢᠯᠢ︾ ᠵᠡᠷᠭᠡ ᠰᠢᠯᠢᠳᠡᠭ ᠺᠢᠨᠣ ᠶᠢ ᠰᠡᠭᠦᠳᠡᠷᠯᠡᠨ ᠤᠶᠢᠯᠡᠳᠴᠠᠢ᠃ ᠪᠠᠳᠤᠮᠥ᠋ᠩᠬᠡ ᠶᠢᠨ  ᠰᠣᠶᠣᠯ ᠤᠨ ᠬᠥᠩᠭᠡᠨ ᠮᠣᠷᠢᠲᠤ ᠴᠡᠷᠢᠭ ᠦᠨᠳᠦᠰᠦᠲᠡᠨ ᠤ ᠰᠣᠩᠭᠤᠳᠠᠭ ᠪᠦᠲᠦᠭᠡᠯ ᠢ ᠨᠠᠨᠳᠢᠩᠨᠠᠨ᠂ ᠰᠣᠶᠣᠯ ᠤᠨ ᠰᠣᠩᠭᠤᠳᠠᠭ ᠪᠦᠲᠦᠭᠡᠯ ᠢ  ᠡᠷᠭᠦᠵᠦ ᠶᠠᠪᠤᠯ᠎ᠠ᠃           ᠪᠤᠶᠠᠨ ᠤᠶᠢᠯᠡᠳᠭᠦ ᠳᠤ ᠬᠠᠷᠠᠮ ᠦᠬᠡᠢ ᠪᠤᠷᠬᠠᠨ ᠰᠡᠳᠬᠢᠯᠳᠡᠨ   ᠭᠦᠮᠤᠨ ᠨᠤᠳᠤᠭ ᠠᠴᠠ ᠪᠠᠨ ᠬᠤᠯᠠᠳᠴᠤ ᠤᠳᠠᠪᠠᠯ ᠨᠤᠳᠤᠭ ᠢᠶᠠᠨ ᠲᠠᠩᠳᠠ ᠪᠠᠨ ᠲᠤᠷᠠᠰᠳᠠᠭ ᠨᠢ ᠪᠦᠷ ᠴᠤ ᠠᠮᠢᠳᠤᠷᠠᠯ ᠤᠨ ᠶᠤᠰᠤ ᠬᠡᠮᠡᠷ᠃  ᠪᠠᠳᠤᠮᠦ᠋ᠡᠭᠭᠡ 2017 ᠤᠨ ᠳᠤ ᠬᠥᠳᠡᠭᠡ ᠲᠣᠰᠬᠤᠨ ᠤ ᠰᠣᠶᠣᠯ ᠤᠨ ᠪᠠᠶᠢᠭᠤᠯᠤᠯᠲᠠ ᠪᠠ ᠬᠥᠳᠡᠭᠡ ᠲᠣᠰᠬᠤᠨ ᠢ ᠬᠥᠭᠵᠢᠭᠦᠯᠬᠦ  ᠦᠢᠯᠡᠰ ᠲᠤ ᠵᠢᠳᠬᠦᠬᠦ ᠪᠠᠷ ᠲᠦᠷᠦᠭᠰᠡᠨ ᠨᠤᠳᠤᠭ ᠤᠳᠤᠭ ᠬᠤᠰᠢᠭᠤᠨ ᠤ ᠰᠦᠮᠡᠳᠤ ᠰᠤᠮᠤ ᠶᠢᠨ ᠴᠠᠭᠠᠬᠤᠪᠤᠭ᠎ᠠ ᠭᠠᠴᠠᠭᠠᠨ ᠳᠠᠭᠠᠨ ᠬᠠᠷᠢᠵᠤ  ᠢᠷᠡᠨ ᠪᠡᠯᠡ ᠤᠷᠤᠭᠤᠯᠵᠤ ᠨᠢᠬᠡᠨ ᠰᠢᠯᠢᠳᠡᠭ ᠪᠦᠯᠬᠦᠮ ᠪᠤᠯᠬᠤ ︽ᠺᠢᠨᠤ᠋ ᠲᠧᠯᠸᠢᠰ ᠤᠨ ᠰᠣᠶᠣᠯ ᠤᠨ ᠵᠣᠬᠢᠶᠠᠨ ᠪᠦᠲᠦᠭᠡᠬᠦ ᠰᠠᠭᠤᠷᠢᠨ ᠭᠠᠵᠠᠷ︾  ᠢ ᠡᠬᠢᠯᠡᠨ ᠪᠠᠶᠢᠭᠤᠯᠤᠨᠨᠰᠠᠨ ᠪᠠᠶᠢᠨ᠎ᠠ᠃ ᠲᠤᠰ ᠰᠠᠭᠤᠷᠢᠨ ᠭᠠᠵᠠᠷ ᠢᠶᠠᠨ 2020 ᠣᠨ ᠳᠤ ᠳᠤᠮᠳᠠᠳᠤ ᠤᠯᠤᠰ ᠤᠨ ᠲᠠᠷᠢᠶᠠᠯᠠᠩ ᠤᠨ ᠣᠯᠠᠨ  ᠤᠯᠤᠰ ᠤᠨ ᠬᠠᠮᠲᠤᠷᠠᠯᠴᠠᠭ᠎ᠠ ᠶᠢ ᠠᠬᠢᠭᠤᠯᠬᠤ ᠬᠤᠷᠠᠯ ᠳᠤ ᠣᠷᠣᠭᠤᠯᠵᠤ᠂ ᠠᠮᠢᠲᠠᠨ ᠤ ᠠᠰᠠᠷᠠᠮᠵᠢ ᠶᠢᠨ ᠣᠯᠠᠨ ᠤᠯᠤᠰ ᠤᠨ  ᠬᠠᠮᠲᠤᠷᠠᠯᠴᠠᠭᠠᠨ ᠤ ᠵᠥᠪᠯᠡᠯ ᠠᠴᠠ ︽ᠦᠨᠳᠦᠰᠦᠨ ᠱᠠᠲᠤᠨ ᠤ ᠰᠤᠷᠭᠠᠨ ᠬᠥᠮᠦᠵᠢᠯ ᠤᠨ ᠰᠠᠭᠤᠷᠢᠨ︾ ᠢᠶᠠᠷ ᠲᠣᠭᠲᠠᠭᠠᠭᠰᠠᠨ ᠠᠴᠠ ᠨᠠᠭᠠᠰᠢ  ᠲᠠᠷᠢᠶᠠᠯᠠᠩ ᠮᠠᠯ ᠠᠵᠤ ᠠᠬᠤᠶ ᠶᠢᠨ ᠲᠤᠰᠬᠠᠶ ᠮᠡᠷᠭᠡᠵᠢᠯᠲᠡᠳ ᠢ ᠤᠷᠢᠵᠤ ᠰᠦᠮᠡᠳᠤ ᠰᠤᠮᠤ᠂ ᠠᠷᠪᠠᠰ ᠰᠤᠮᠤ᠂ ᠴᠢ ᠫᠠᠨ ᠵᠢᠩ ᠪᠠᠯᠭᠠᠰᠤ ᠵᠡᠷᠭᠡ  ᠭᠠᠵᠠᠷ ᠤᠨ ᠮᠠᠯᠴᠢᠨ ᠲᠠᠷᠢᠶᠠᠴᠢᠳ ᠲᠤ ᠦᠨ᠎ᠡ ᠲᠥᠯᠥ᠋ᠪᠦᠷᠢ ᠥᠬᠡᠶ ᠪᠠᠷ ᠳᠠᠷᠢᠵᠤ ᠲᠡᠵᠢᠭᠡᠨ ᠦᠷᠡᠵᠢᠭᠦᠯᠬᠦ ᠰᠢᠷᠢᠰ ᠮᠡᠳᠡᠯᠭᠡ ᠶᠢᠨ  ᠪᠣᠯᠪᠠᠰᠤᠷᠠᠭᠤᠯᠤᠯ ᠬᠢᠯᠭᠡᠬᠦ ᠶᠢᠨ ᠬᠠᠮᠲᠤ ᠬᠥᠮᠦᠰ ᠢ ᠵᠣᠬᠢᠶᠠᠨ ᠪᠠᠶᠢᠭᠤᠯᠵᠤ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠰᠦᠯᠵᠢᠶᠡᠨ ᠤ  ᠪᠦᠲᠦᠭᠡᠯ ︽ᠦᠬᠡᠷ ᠬᠠᠷᠢᠭᠤᠯᠬᠤ ᠮᠡᠷᠭᠡᠵᠢᠯ︾ ᠵᠢᠴᠢ ᠮᠣᠩᠭᠤᠯ ᠬᠢᠲᠠᠳ ᠬᠤᠶᠠᠷ ᠬᠡᠪᠯᠡᠯ ᠤᠨ ᠺᠠᠷᠲ᠋ᠣᠨ ᠵᠢᠷᠤᠭ ︽ᠪᠷᠦ᠋ᠼᠧᠯ ᠡᠪᠡᠳᠴᠢᠨ ᠢ  ᠰᠡᠷᠭᠡᠶᠢᠯᠡᠬᠦ︾᠂ ︽ᠬᠤᠯᠤᠭᠠᠨ᠎ᠠ ᠶᠢᠨ ᠬᠢᠵᠢᠭ ᠢ ᠰᠡᠷᠭᠡᠶᠢᠯᠡᠬᠦ︾ ᠵᠡᠷᠭᠡ ᠶᠢ ᠰᠡᠭᠦᠳᠡᠷᠯᠡᠨ ᠦᠶ᠋ᠯᠡᠳᠪᠡ᠃ ᠰᠠᠭᠤᠷᠢᠨ ᠭᠠᠵᠠᠷ ᠲᠠᠭᠠᠨ ᠮᠠᠯᠴᠢᠨ  ᠲᠠᠷᠢᠶᠠᠴᠢᠨ ᠤ ᠮᠣᠩᠭᠤᠯ ᠬᠢᠲᠠᠳ ᠬᠡᠯᠡᠨ ᠤ ᠡᠯ᠎ᠡ ᠲᠥᠷᠥᠯ ᠤᠨ ᠨᠣᠮ ᠪᠢᠴᠢᠭ᠂ ᠰᠡᠳᠬᠦᠯ ᠢ ᠮᠢᠩᠭ᠎ᠠ ᠭᠠᠷᠤᠶ ᠳᠡᠪᠲᠡᠷ ᠴᠤᠨᠨᠯᠠᠭᠤᠯᠵᠤ᠂  ᠤᠶᠢᠷ᠎ᠠ ᠬᠠᠪᠢ ᠶᠢᠨ ᠮᠠᠯᠴᠢᠨ ᠲᠦᠮᠡᠨ ᠤ ᠤᠡᠭᠰᠢᠯᠬ᠋᠎ᠠ ᠳᠤ ᠬᠠᠨᠭ᠍ᠭᠠᠪᠠ᠃          ᠡᠷᠢᠨ ᠦᠶ᠎ᠡ ᠶᠢᠨ ᠬᠦᠭᠵᠢᠯᠲᠡ ᠰᠢᠨᠡᠴᠢᠯᠡᠯᠲᠡ ᠡᠨᠡ ᠳᠡᠯᠡᠬᠡᠢ ᠶᠢᠨ ᠶᠠᠭᠤ ᠪᠦᠬᠦᠨ ᠢ ᠨᠦᠮᠦᠷᠢᠨ ᠢᠷᠡᠬᠦ ᠳᠤ ᠲᠡᠭᠦᠨ ᠲᠠᠢ ᠲᠦᠷᠦᠬᠡ  ᠭᠠᠷᠰᠢᠭᠤᠯᠤᠨ ᠬᠠᠲᠠᠷᠢᠬᠤ ᠨᠢ ᠮᠠᠨ ᠤ ᠵᠠᠮ᠃ ᠬᠠᠷᠢᠨ ᠲᠡᠷᠡ ᠵᠡᠮ ᠢ ᠰᠦᠪᠡᠭᠴᠢᠯᠡᠬᠦ ᠶᠢᠨ ᠲᠤᠯᠠᠳᠠ ᠬᠡᠰᠡᠭ ᠪᠦᠯᠥ᠋ᠭ ᠬᠦᠮᠦᠨ ᠵᠦᠢᠯ  ᠪᠦᠷᠢ ᠪᠠᠷ ᠲᠤᠷᠰᠢᠨ ᠠᠵᠢᠯᠯᠠᠵᠤ ᠪᠤᠢ᠃ ᠴᠡᠬᠢᠮ ᠵᠢᠲᠢᠨᠴᠤ ᠶᠢᠨ ᠴᠠᠭᠠᠨ ᠬᠡᠷᠡᠯ ᠠᠴᠠ ᠵᠢᠷᠮᠦᠰᠦᠯᠡᠭᠰᠡᠨ ᠠᠵᠤ ᠠᠬᠤᠢ ᠶᠢᠨ ᠦᠷ᠎ᠡ ᠠᠰᠢᠭ  ᠵᠢᠴᠢ ᠤᠤᠭᠠᠯ ᠰᠤᠶᠤᠯ ᠤᠨ ᠦᠨᠡᠲᠤ ᠦᠪ ᠬᠤᠶᠠᠭᠤᠯᠠ ᠠᠮᠠ ᠰᠡᠬᠡᠷ ᠠᠪᠴᠠᠯᠲᠤᠨ ᠤᠷᠤᠭᠰᠢᠯᠠᠬᠤ ᠵᠠᠭᠪᠤᠷ ᠮᠠᠨ ᠤ ᠰᠤᠩᠭᠤᠯᠲᠠ ᠪᠠᠶᠢᠵᠤ  ᠲᠠᠭᠠᠷᠠᠨ᠎ᠠ᠃ ︽ᠦᠨᠤᠳᠤᠷ ᠤᠨ ᠡᠨᠡ ᠲᠡᠯᠡᠬᠡᠢ ᠶᠢᠨ ᠦᠷᠢᠰᠤᠯᠳᠤᠬᠡᠨ ᠤ ᠲᠤᠮᠳᠡ ᠪᠢᠳᠡ ᠡᠷᠭᠡᠪᠰᠢ ᠪᠠᠭ ᠪᠦᠷᠢᠯᠳᠤᠵᠤ ᠪᠦᠯᠬᠦᠮ ᠪᠠᠶᠢᠭᠤᠯᠤᠨ ᠂ ᠪᠡᠶ᠎ᠠ ᠪᠡᠶᠡᠨ ᠤ ᠪᠠᠨ ᠲᠠᠪᠠᠭᠤᠯᠢᠭ ᠲᠠᠯ᠎ᠠ ᠶᠢ ᠲᠦᠰᠢᠭᠯᠡᠵᠤ ᠬᠠᠮᠳᠤ ᠪᠠᠷ ᠤᠷᠤᠨᠨᠰᠢᠯᠠᠵᠤ᠂ ᠲᠡᠯᠡᠬᠡᠢ ᠶᠢᠨ ᠦᠨᠳᠤᠰᠤᠳᠡᠨ ᠠᠴᠠ ᠬᠤᠴᠤᠷᠬᠤ  ᠦᠬᠡᠢ ᠶᠠᠪᠤᠬᠤ ᠭᠡᠪᠡᠯ ᠵᠠᠪᠠᠯ ᠰᠤᠶᠤᠯ ᠠᠵᠤ ᠠᠬᠤᠢ ᠪᠠᠨ ᠰᠤᠳᠤᠯᠵᠤ ᠰᠤᠷᠤᠯᠴᠠᠬᠤ ᠬᠡᠷᠡᠭᠳᠡᠢ︾ ᠭᠡᠵᠤ ᠪᠠᠳᠤᠮᠦ᠋ᠡᠭᠭᠡ ᠶᠠᠷᠢᠶᠠᠨ ᠤ  ᠲᠤᠮᠳᠡ ᠪᠠᠨ ᠤᠯᠠᠨ ᠲᠠᠬᠢᠨ ᠶᠠᠷᠢᠯ᠎ᠠ᠃    ᠣᠶᠢᠷ᠎ᠠ ᠶᠢᠨ ᠵᠢᠯ ᠠᠴᠠ ᠨᠠᠭᠠᠰᠢ ᠬᠥᠳᠡᠭᠡ ᠲᠣᠰᠬᠤᠨ ᠤ ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠵᠠᠬ᠎ᠠ ᠳᠡᠯᠭᠡᠭᠦᠷ ᠤᠨ ᠬᠡᠷᠡᠭᠴᠡᠭᠡ  ᠶᠡᠭᠡ ᠪᠠᠷ ᠨᠡᠮᠡᠭᠳᠡᠭᠰᠡᠨ ᠲᠤᠯᠠ ᠲᠡᠷᠡ ᠣᠯᠠᠨ ᠲᠠᠯ᠎ᠠ ᠶᠢᠨ ᠭᠦᠨᠵᠡᠭᠡᠶ ᠰᠤᠳᠤᠯᠤᠯᠲᠠ ᠬᠢᠵᠦ ᠣᠲᠤᠭ ᠤᠨ ᠡᠯᠧᠷᠲᠷᠤᠨ ᠬᠤᠳᠠᠯᠳᠤᠭᠠᠨ ᠤ  ᠶᠠᠪᠤᠳᠠᠯ ᠤᠨ ᠠᠵᠢᠯ ᠲᠥᠷᠥᠯ ᠳᠤ ᠲᠤᠰᠬᠠᠶ ᠮᠡᠷᠭᠡᠵᠢᠯ ᠤᠨ ᠠᠵᠢᠯᠲᠠᠨ ᠳᠤᠲᠠᠭᠳᠠᠵᠤ ᠪᠠᠶᠢᠭ᠎ᠠ ᠪᠠᠶᠢᠳᠠᠯ ᠳᠤ ᠬᠠᠨᠳᠤᠭᠤᠯᠤᠨ 2020  ᠣᠨ ᠳᠤ ︽ᠰᠢᠨ᠎ᠡ ᠵᠠᠭᠤᠴᠢᠯᠠᠭᠤᠷ ᠤᠨ ᠪᠦᠯᠬᠦᠮ︾ ᠢ ᠲᠦᠷᠦᠭᠦᠯᠡᠨ ᠵᠣᠬᠢᠶᠠᠨ ᠪᠠᠶᠢᠭᠤᠯᠪᠠ᠃ ᠲᠣᠰ ᠪᠦᠯᠬᠦᠮ ᠤᠨ ᠬᠢᠨ ᠣᠳᠣᠬᠠᠨ ᠳᠤ  ᠨᠤᠳᠤᠭ ᠤᠨ ᠢᠶᠠᠨ ᠰᠦᠯᠵᠢᠶᠠᠨ ᠤᠳᠤᠨ ᠢ ᠬᠦᠮᠤᠵᠢᠬᠦᠯᠬᠦ ᠪᠠᠷ ᠲᠠᠮᠵᠢᠨ ᠨᠤᠳᠤᠭ ᠤᠨ ᠢᠶᠠᠨ ᠭᠠᠷᠤᠯᠳᠡ ᠶᠢ ᠰᠦᠯᠵᠢᠶ᠎ᠠ ᠪᠠᠷ ᠪᠤᠷᠤᠯᠠᠭᠤᠯᠵᠤ᠂  ᠨᠢᠬᠡᠨ ᠲᠤᠰᠬᠠᠶ ᠮᠡᠷᠭᠡᠵᠢᠭᠰᠡᠨ᠂ ᠵᠠᠬ᠎ᠠ ᠵᠡᠭᠡᠯᠢ ᠳᠤ ᠨᠡᠶᠢᠴᠡᠭᠰᠡᠨ᠂ ᠤᠯᠤᠰ ᠤᠨ ᠬᠠᠮᠢᠶ᠎ᠠ ᠪᠦᠬᠦᠢ ᠲᠦᠷᠢᠮ ᠭᠤᠷᠢᠮ ᠳᠤ ᠲᠤᠬᠢᠷᠬᠠᠰᠠᠨ ᠪᠠᠭ  ᠪᠦᠯᠬᠦᠮ ᠪᠠᠶᠢᠭᠤᠯᠬᠤ ᠪᠠᠷ ᠴᠢᠷᠮᠠᠶᠢᠵᠤ ᠪᠤᠢ᠃ ︽ᠴᠢᠷᠮᠠᠶᠢᠯᠭ᠎ᠠ ᠬᠦᠮᠤᠨ ᠢ ᠭᠤᠮᠤᠳᠠᠭᠠᠬᠤ ᠦᠬᠡᠢ︾ ᠬᠡᠭᠴᠢ ᠪᠠᠷ ᠲᠡᠭᠦᠨ ᠤ ᠳᠠᠭᠠᠭᠤᠯᠤᠭᠰᠠᠨ  ᠪᠦᠯᠬᠦᠮ ᠨᠢ 2021 ᠣᠨ ᠳᠤ ︽ᠣᠷᠳᠣᠰ ᠬᠤᠲᠠ ᠶᠢᠨ ᠬᠥᠳᠡᠭᠡ ᠲᠣᠰᠬᠤᠨ ᠢ ᠬᠥᠭᠵᠢᠭᠦᠯᠦ᠋ᠨ ᠮᠠᠨᠳᠤᠭᠤᠯᠬᠤ ᠳᠤ ᠰᠢᠨ᠎ᠡ ᠶᠢ ᠡᠬᠦᠳᠴᠤ  ᠦᠶ᠋ᠯᠡᠰ ᠪᠤᠰᠬᠠᠬᠰᠠᠨ ᠴᠢᠳᠠᠪᠤᠷᠢᠲᠠᠨ ᠤ ᠪᠦᠯᠬᠦᠮ︾ ᠢᠶᠠᠷ ᠦᠨᠡᠯᠡᠭᠳᠡᠭᠰᠡᠨ ᠪᠠᠶᠢᠨ᠎ᠠ᠃           2022 ᠣᠨ ᠳᠤ ᠪᠠᠳᠤᠮᠦ᠋ᠡᠭᠭᠡ 30 ᠭᠠᠷᠤᠢ ᠲᠦᠮᠡᠨ ᠲᠥᠭᠦᠷᠢᠭ ᠤᠨ ᠪᠡᠯᠡ ᠣᠷᠣᠭᠤᠯᠤᠨ ᠶᠡᠭᠡ ᠰᠤᠷᠭᠠᠭᠤᠯᠢ ᠲᠡᠭᠦᠰᠴᠤ  ᠨᠤᠳᠤᠭ ᠲᠠᠭᠠᠨ ᠪᠤᠴᠬᠠᠰᠠᠨ ᠬᠡᠳᠤᠨ ᠨᠤᠳᠤᠭ ᠤᠨ ᠲᠡᠭᠦᠤ ᠨᠠᠷ ᠤᠨ ᠢᠶᠠᠨ ︽ᠡ᠊ᠩᠭᠡᠲᠡᠶ︾ ᠲᠠᠷᠢᠶᠠᠯᠠᠩ ᠮᠠᠯ ᠠᠵᠤ ᠠᠬᠤᠢ ᠶᠢᠨ ᠰᠢᠨᠵᠢᠯᠡᠬᠦ  ᠤᠬᠠᠭᠠᠨ ᠮᠡᠷᠭᠡᠵᠢᠯ ᠤᠨ ᠬᠥᠭᠵᠢᠯᠲᠡ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢ ᠳᠠᠩᠰᠠᠯᠠᠭᠤᠯᠤᠨ ᠪᠠᠶᠢᠭᠤᠯᠬᠤ ᠶᠢ ᠳᠡᠮᠵᠢᠬᠦ ᠶᠢᠨ  ᠬᠠᠮᠲᠤ ᠤᠲᠤᠭ ᠬᠤᠰᠢᠭᠤᠨ ᠤ ᠤᠯᠠᠭᠠᠨᠪᠠᠯᠭᠠᠰᠤᠨ ᠳᠤ ︽ᠡ᠊ᠩᠭᠡᠲᠡᠶ ᠮᠠᠯ ᠡᠮᠨᠡᠯᠭᠡ ᠶᠢᠨ ᠦᠢᠯᠡᠴᠢᠯᠡᠭᠡᠨ ᠤ ᠦᠷᠳᠡᠭᠡ︾᠂ ︽ᠡ᠊ᠩᠭᠡᠲᠡᠶ  ᠮᠠᠯ ᠤᠨ ᠡᠮ ᠤᠨ ᠳᠡᠯᠭᠡᠭᠦᠷ︾᠂ ︽ᠡᠩᠭᠡᠲᠡᠶ ᠲᠡᠵᠢᠭᠡᠯ ᠪᠣᠷᠳᠤᠭ᠎ᠠ ᠶᠢᠨ ᠪᠣᠷᠣᠯᠠᠭᠤᠯᠭ᠎ᠠ ᠶᠢᠨ ᠳᠡᠯᠭᠡᠭᠦᠷ︾ ᠵᠡᠷᠭᠡ ᠭᠤᠷᠪᠠᠨ ᠳᠡᠯᠭᠡᠭᠦᠷ ᠢ  ᠪᠠᠶᠢᠭᠤᠯᠵᠤ ᠦᠭᠴᠡᠢ᠃ ︽ᠪᠢ ᠲᠤᠮᠦ ᠠᠵᠤ ᠠᠬᠤᠶᠢᠯᠡᠯᠳᠠᠡ ᠪᠤᠯᠵᠤ ᠴᠢᠳᠠᠬ᠋᠎ᠠ ᠦᠬᠡᠢ᠂ ᠬᠡᠪᠡᠴᠤ ᠵᠠᠬ᠎ᠠ ᠵᠡᠬᠡᠯᠢ᠂ ᠠᠵᠤ ᠠᠬᠤᠢ ᠠᠴᠠ  ᠤᠶᠢᠷᠠᠬᠠᠨ ᠶᠠᠪᠤᠵᠤ ᠪᠠᠶᠢᠯ᠎ᠠ᠂ ᠤᠯᠠᠨ ᠵᠢᠯ ᠭᠠᠳᠡᠨ᠎ᠠ ᠲᠤᠳᠤᠨ᠎ᠠ ᠭᠡᠰᠤᠵᠤ ᠪᠠᠶᠢᠭᠠᠳ ᠡᠳᠤᠢ ᠲᠡᠳᠤᠢ ᠨᠡᠶᠢᠬᠡᠮ ᠤᠨ ᠲᠤᠷᠰᠢᠯᠭ᠎ᠠ  ᠬᠤᠷᠠᠮᠳᠤᠭᠤᠯᠤᠬᠰᠠᠨ ᠪᠤᠯᠬᠤᠷ ᠵᠠᠯᠠᠭᠤᠴᠤᠳ ᠠᠴᠠ ᠠᠷᠠᠢ ᠲᠡᠭᠡᠷ᠎ᠠ ᠪᠠᠶᠢᠬ᠎ᠠ ᠬᠡᠵᠤ ᠪᠤᠳᠤᠵᠤ ᠪᠠᠶᠢᠨ᠎ᠠ᠂ ᠢᠡᠭᠭᠢᠭᠡᠳ ᠬᠡᠳᠤᠨ ᠲᠡᠭᠦᠤ ᠪᠠᠨ  ᠬᠠᠪᠰᠤᠷᠴᠤ ᠵᠠᠮ ᠢ ᠨᠢ ᠲᠡᠪᠢᠰᠴᠤ ᠦᠭᠭᠦᠭᠰᠡᠨ ᠪᠢᠯᠡ᠂ ᠤᠳᠤ ᠲᠡᠳᠡ ᠴᠤ ᠦᠪᠡᠷ ᠤᠨ ᠵᠠᠮ ᠳᠠᠭᠠᠨ ᠤᠷᠤᠴᠢᠬᠠᠯ᠎ᠠ︾ ᠬᠡᠵᠤ ᠶᠡᠭᠡ  ᠪᠠᠶᠠᠷ ᠲᠠᠢ ᠶᠠᠷᠢᠵᠤ ᠪᠠᠶᠢᠯ᠎ᠠ᠃ ᠡᠨᠡ ᠪᠤᠯ ᠲᠡᠬᠦᠨ ᠤ ᠬᠦᠰᠡᠯ ᠢᠶᠠᠨ ᠬᠦᠢᠴᠡᠭᠡᠵᠤ ᠪᠠᠶᠢᠭ᠎ᠠ ᠤᠴᠢᠷ ᠪᠤᠶᠤ᠃          ᠦᠨᠡᠨᠴᠢ ᠰᠡᠳᠬᠢᠯ ᠤᠨ ᠥᠴᠢᠯ ᠶᠠᠭᠤ ᠪᠢᠯᠡ︖           ᠲᠦᠷᠡᠯᠵᠡᠨ ᠮᠠᠨᠳᠤᠭᠰᠠᠨ ᠭᠠᠯ ᠪᠠᠶᠢᠭᠰᠠᠨ ᠠᠴᠠ ᠪᠠᠨ ᠤᠢ ᠶᠢᠨ ᠲᠤᠮᠳᠠᠬᠢ ᠭᠠᠭᠴᠠ ᠲᠦᠳᠡᠭ ᠪᠤᠯᠵᠤ ᠶᠠᠪᠤᠭ᠎ᠠ ᠨᠡᠬᠦᠳᠡᠯ  ᠠᠮᠢᠳᠤᠷᠠᠯ ᠤᠨ ᠴᠤᠪᠤᠭ᠎ᠠ ᠦᠨᠦᠳᠦᠷ ᠮᠠᠨ ᠤ ᠬᠠᠷᠠᠭᠠᠨ ᠠᠴᠠ ᠬᠤᠯᠠᠳᠤᠨ ᠬᠤᠯᠠᠳᠤᠭᠰᠠᠭᠠᠷ ᠪᠠᠶᠢᠭ᠎ᠠ ᠨᠢ ᠭᠤᠨᠢᠭᠲᠠᠢ᠃ ᠬᠠᠷᠢᠨ ᠪᠠᠲᠦᠮᠦ᠋ᠡᠭᠬᠡ  ᠪᠤᠯ ᠡᠨᠡ ᠪᠦᠬᠦᠨ ᠳᠤ ᠰᠡᠳᠬᠢᠯ ᠡᠮᠵᠡᠭᠯᠡᠨ᠂ ᠲᠡᠷᠡ ᠲᠦᠳᠡᠭ ᠤᠨ ᠤᠴᠢ ᠠᠴᠠ ᠭᠠᠯ ᠵᠠᠯᠭᠠᠭᠤᠯᠵᠤ᠂ ᠤᠨᠲᠠᠵᠤ ᠪᠤᠢ ᠶᠢ ᠨᠢ ᠰᠡᠷᠢᠬᠡᠨ᠂  ᠤᠬᠢᠯᠡᠵᠤ ᠪᠤᠢ ᠶᠢ ᠨᠢ ᠠᠷᠭᠠᠳᠠᠬᠤ ᠬᠡᠵᠤ ᠶᠠᠪᠤᠭ᠎ᠠ ᠨᠢ ᠦᠨᠡᠨ︕ ︽ᠮᠦᠡᠭᠭᠦ ᠦᠬᠡᠢ ᠪᠠᠷ ᠰᠤᠶᠤᠯ ᠢᠶᠠᠨ ᠬᠡᠷᠬᠢᠨ ᠭᠦᠭᠵᠢᠬᠦᠯᠬᠦ ᠪᠤᠢ︖  ᠮᠦᠡᠭᠭᠦ ᠲᠠᠢ ᠪᠠᠶᠢᠮᠠᠨᠵᠢᠨ ᠰᠠᠶ᠋ᠢ ᠪᠢᠳᠡ ᠰᠤᠶᠤᠯ ᠢᠶᠠᠨ ᠭᠦᠭᠵᠢᠬᠦᠯᠵᠤ ᠴᠢᠳᠡᠨ᠎ᠠ᠂ ᠰᠤᠶᠤᠯ ᠢᠶᠠᠨ ᠦᠨ᠎ᠠ ᠦᠷᠳᠡᠭ ᠲᠤᠨᠢ ᠭᠦᠷᠭᠡᠵᠤ  ᠲᠠᠶᠢᠯᠤᠨ᠎ᠠ︾ ᠭᠡᠵᠤ ᠪᠠᠳᠤᠮᠦ᠋ᠡᠭᠭᠡ ᠶᠠᠷᠢᠯ᠎ᠠ᠃ ᠲᠠᠶᠢᠮᠤ ᠡ᠂ ᠠᠮᠢᠳᠤᠷᠠᠯ ᠶᠡᠷᠤ ᠨᠢ ᠠᠷᠠᠯᠵᠢᠶ᠎ᠠ ᠬᠤᠳᠠᠯᠳᠤᠭ᠎ᠠ ᠠᠴᠠ ᠰᠠᠯᠵᠤ ᠴᠢᠳᠠᠬᠤ ᠦᠬᠡᠢ᠂  ᠲᠠᠶᠢᠮᠤ ᠠᠴᠠ ᠪᠢᠳᠡ ᠰᠤᠶᠤᠯ ᠪᠠ ᠠᠵᠤ ᠠᠬᠤᠢ ᠶᠢ ᠠᠭᠤᠰᠤᠯᠴᠠᠭᠤᠯᠵᠤ᠂ ᠠᠵᠤ ᠠᠬᠤᠢ ᠪᠠᠷ ᠰᠤᠶᠤᠯ ᠢᠶᠠᠨ ᠮᠡᠨᠳᠦᠭᠤᠯᠬᠤ ᠦᠵᠡᠯᠳᠡ  ᠲᠠᠨᠢᠯᠳᠡ ᠪᠠᠶᠢᠬᠤ ᠬᠡᠷᠡᠭᠳᠡᠢ᠃          ᠪᠠᠳᠤᠮᠦ᠋ᠡᠭᠭᠡ ᠶᠢ ᠰᠤᠷᠪᠤᠯᠵᠢᠯᠠᠭᠠᠳ᠂ ᠲᠡᠬᠦᠨ ᠤ ᠪᠤᠳᠤᠵᠦ ᠰᠡᠳᠬᠢᠭᠰᠡᠨ ᠵᠦᠢᠯ᠂ ᠬᠢᠵᠤ ᠪᠦᠳᠤᠭᠡᠭᠰᠡᠨ ᠠᠵᠢᠯ᠂ ᠤᠴᠠᠷᠠᠵᠤ  ᠲᠤᠯᠭᠠᠷᠬᠠᠰᠠᠨ ᠤᠴᠢᠷ ᠶᠠᠪᠤᠳᠡᠯ ᠪᠦᠬᠦᠨ ᠢ ᠨᠠᠶᠢᠷᠠᠭᠤᠯᠤᠨ ᠪᠢᠴᠢᠬᠦ ᠳᠤ ᠰᠡᠳᠬᠢᠯ ᠵᠢᠷᠤᠬᠡ ᠦᠪᠡᠷ ᠤᠨ ᠡᠷᠭᠡ ᠦᠬᠡᠢ ᠤᠪᠤᠯᠵᠠᠨ ᠲᠤᠨᠨᠳᠤᠯᠵᠤ ᠂ ᠪᠢᠰᠢᠷᠡᠨ ᠪᠠᠭ᠋ᠠᠷᠬᠠᠵᠤ᠂ ᠤᠮᠤᠨᠨᠰᠢᠨ ᠵᠤᠷᠢᠨᠨᠵᠢᠵᠠᠢ᠃ ᠲᠡᠷᠡ ᠡᠨᠡ ᠪᠦᠬᠦᠨ ᠢ ᠬᠢᠵᠤ ᠶᠠᠪᠤᠬᠤ ᠳᠤ ᠬᠦᠮᠤᠰ ᠲᠤ ᠠᠮᠠᠷᠬᠠᠨ ᠢᠳᠡᠭᠡᠭᠳᠡᠬᠦ  ᠦᠬᠡᠢ᠂ ᠬᠡᠯᠡᠬᠦ ᠳᠤ ᠠᠮᠠᠷ ᠪᠤᠯᠪᠠᠴᠤ ᠬᠢᠬᠦ ᠳᠤ ᠬᠢᠯᠪᠡᠷ ᠪᠤᠰᠤ ᠰᠢᠤ ᠭᠡᠵᠤ ᠰᠡᠵᠢᠭᠯᠡᠭᠳᠡᠵᠤ ᠪᠠᠶᠢᠪᠠ᠃ ᠭᠡᠪᠡᠴᠤ ᠪᠠᠳᠤᠮᠦ᠋ᠡᠭᠭᠡ ᠶᠠᠷᠤ ᠠᠴᠠ  ᠵᠤᠷᠢᠭ ᠮᠤᠬᠤᠭ᠎ᠠ ᠦᠬᠡᠢ᠂ ᠡᠨᠡ ᠪᠦᠬᠦᠨ ᠢ ᠡᠬᠢᠯᠡᠬᠦᠯᠵᠤ ᠬᠢᠬᠦ ᠬᠦᠮᠤᠨ ᠯᠠᠪ ᠭᠡᠷᠡᠭᠳᠡᠢ ᠬᠡᠵᠤ ᠪᠤᠳᠤᠨ ᠬᠤᠭᠤᠰᠤᠨ ᠭᠠᠵᠡᠷ ᠲᠡᠭᠡᠷ᠎ᠠ ᠠᠭᠤᠯᠠ  ᠲᠤᠯᠤᠭᠠᠳ ᠰᠢᠭ᠋ ᠶᠡᠭᠡ ᠤᠶᠢᠯᠡᠰ ᠢ ᠰᠦᠨᠳᠡᠷᠯᠡᠬᠦᠯᠦ᠋ᠨ ᠪᠤᠰᠬᠠᠵᠤ᠂ ᠤᠷᠤᠨ ᠨᠤᠳᠤᠭ ᠤᠨ ᠠᠵᠤ ᠠᠬᠤᠢ ᠶᠢᠨ ᠭᠦᠭᠵᠢᠯᠳᠡ ᠳᠤ ᠦᠴᠤᠬᠡᠨ  ᠴᠤ ᠬᠡᠰᠡᠨ ᠬᠤᠪᠢ ᠨᠡᠮᠡᠷᠢ ᠪᠠᠨ ᠦᠵᠡᠬᠦᠯᠬᠦ ᠪᠠᠷ ᠴᠢᠷᠮᠠᠶᠢᠨ ᠠᠵᠢᠯᠯᠬᠠᠰᠠᠭᠠᠷ ᠪᠤᠢ ᠁  
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ