ᠲᠣᠷᠣᠨᠠᠳᠠᠬᠢᠨ ᠤ ᠲᠣᠮᠣ ᠲᠠᠭᠤᠴᠢᠨ — ᡀᠠᠰᠥ᠋ᠷᠣᠩ
ᠨᠡᠶᠢᠲᠡᠯᠡᠭᠰᠡᠨ ᠴᠠᠭ᠄
2023/1/12
     ᠳᠠᠷᠬᠠᠨ ᠳᠠᠭᠤᠴᠢᠨ ᠬᠠᠭᠠᠨ ᠤᠷᠠᠯᠢᠭᠴᠢᠨ ᡀᠠᠵᠠᠪ ᠤᠨ ᠥᠨᠳᠡᠭᠡᠨ ᠳᠣᠯᠣᠭᠠᠨ ᠭᠠᠯᠠᠭᠤᠨ ᠤ ᠬᠢᠨᠢ ᠬᠤᠰᠢᠭᠤᠴᠢ ᠲᠦᠷᠦᠭᠦᠴᠢ᠂  ᠮᠣᠩᠭᠤᠯ ᠨᠤᠲᠤᠭ ᠮᠠᠯᠴᠢᠨ ᠲᠦᠮᠡᠨ ᠢᠶᠠᠨ ᠡᠯᠢᠭᠡ ᠵᠢᠷᠦᠬᠡᠨ ᠳᠡᠭᠡᠷ᠎ᠡ ᠳᠡᠭᠡᠳᠦᠯᠡᠵᠦ ᠶᠠᠪᠤᠭᠰᠠᠨ ᠠᠭᠤᠤ ᠳᠠᠭᠤᠴᠢᠨ ᠲᠠᠯᠢᠢᠭᠠᠴᠢ ᡀᠠᠰᠥ᠋ᠷᠣᠩ  ᠪᠣᠯᠤᠨ ᠲᠥᠷᠥ ᠶᠢᠨ ᠲᠡᠷᠢᠭᠦᠨ ᠪᠠᠶᠢᠷᠢ ᠶᠢᠨ ᠵᠣᠬᠢᠶᠠᠯᠴᠢ᠂ ᠬᠤᠱᠣᠢ ︽ᠰᠣᠯᠣᠩᠭ᠎ᠠ︾ ᠱᠠᠩᠨᠠᠯᠲᠤ ᠲᠠᠷᠴᠢᠳ ᠡᠯᠬᠡᠩᠭᠡ ᠬᠤᠶᠠᠷ ᠳᠥᠴᠢᠨ  ᠵᠢᠯ ᠤᠨ ᠨᠥᠬᠦᠷᠯᠡᠯ ᠲᠠᠢ ᠰᠠᠶᠢᠨ ᠨᠠᠶᠢᠵᠠ᠃ ︽ᠰᠢᠯᠢ ᠶᠢᠨ ᠭᠤᠣᠯ︾ ᠭᠡᠵᠤ ᠥᠪᠥᠷ ᠮᠣᠩᠭᠤᠯ ᠤᠨ ᠤᠳᠬ᠎ᠠ ᠵᠣᠬᠢᠶᠠᠯ ᠤᠨ ᠬᠢᠨ ᠤ  ᠡᠮᠦᠨ᠎ᠡ ᠪᠠᠨ ᠪᠠᠷᠢᠳᠠᠭ ᠰᠡᠳᠬᠦᠯ ᠤᠨ ︽ᠠᠷᠠᠯ︾ ᠶᠢ ᠨᠢ ᠡᠷᠭᠦᠵᠦ ︽ᠪᠤᠭᠤᠯᠠᠭ᠎ᠠ︾ ᠶᠢ ᠨᠢ ᠪᠦᠬᠦᠯᠢ ᠨᠠᠰᠤ ᠪᠠᠷ ᠢᠶᠠᠨ ᠲᠠᠲᠠᠭᠰᠠᠨ ᠲᠣᠮᠣ  ᠰᠡᠳᠬᠦᠯᠴᠢ᠂ ᠶᠠᠰᠤᠲᠠᠢ ᠢᠷᠠᠭᠤ ᠨᠠᠶᠢᠷᠠᠭᠴᠢ ᠲᠠᠷᠴᠢᠳ ᠡᠯᠬᠡᠩᠭᠡ ︽ᠮᠠᠩᠭᠤᠳ ᠤᠪᠣᠭ ᠤᠨ ᠮᠠᠨ ᠤ ᡀᠠᠰᠥ᠋ᠷᠣᠩ ᠮᠠᠨᠳᠣᠭᠰᠠᠨ ᠵᠠᠭᠤᠨ ᠤ  ᠲᠠᠷᠬᠠᠨ ᠲᠠᠭᠤᠴᠢᠨ︾ ᠬᠡᠮᠡᠨ ᠡᠮᠭᠡᠨᠢᠯ ᠤᠨ ᠨᠢᠯᠪᠤᠰᠤ ᠪᠠᠨ ᠲᠤᠰᠤᠯᠠᠭᠤᠯᠤᠨ ᠰᠢᠯᠦᠭᠯᠡᠵᠦ ︽ᠲᠣᠷᠣᠨᠠᠳᠠᠬᠢᠨ ᠤ ᠲᠣᠮᠣ ᠲᠠᠭᠤᠴᠢᠨ︾ ᠬᠡᠮᠡᠨ  ᠡᠷᠬᠢᠮ ᠠᠬ᠎ᠠ ᠳᠠᠭᠠᠨ ᠳᠤᠷᠠᠰᠤᠮᠵᠢ ᠪᠢᠴᠢᠭᠰᠡᠨ ᠢ ᠨᠢ ᠣᠳᠣ ᠲᠠᠨ ᠳᠤ ᠵᠢᠷᠤᠭ ᠰᠡᠭᠦᠳᠡᠷ ᠲᠠᠢ ᠨᠢ ᠬᠠᠮᠲᠤ ᠬᠦᠷᠭᠡᠵᠦ ᠪᠠᠶᠢᠨ᠎ᠠ᠃           ᠲᠣᠷᠣᠨᠠᠳᠠᠬᠢᠨ ᠤ ᠲᠣᠮᠣ ᠲᠠᠭᠤᠴᠢᠨ            — ᠠᠷᠠᠳ ᠤᠨ ᠤᠷᠠᠯᠢᠭᠴᠢᠨ᠂ ᠬᠠᠮᠳᠣ ᠰᠣᠷᠣᠭᠴᠢ᠂ ᠠᠩᠭᠢ ᠶᠢᠨ ᠮᠢᠨᠢ           ᠲᠠᠷᠤᠭ᠎ᠠ ᡀᠠᠰᠥ᠋ᠷᠣᠩ ᠠᠬ᠎ᠠ ᠪᠠᠨ ᠡᠮᠬᠡᠨᠢᠨ ᠭᠠᠰᠢᠭᠤᠳᠠᠨᠠᠮ            ᠲᠠᠷᠴᠢᠳ ᠡᠯᠬᠡᠩᠭᠡ          ᠮᠣᠩᠭᠤᠯ ᠣᠷᠳᠣ ᠶᠢᠨ ᠲᠠᠭᠤᠤ ᠪᠠᠷ ᠢᠶᠠᠨ          ᠦᠷᠣᠨ᠎ᠡ ᠲᠣᠷᠣᠨ᠎ᠡ ᠶᠢ ᠤᠷᠠᠶᠢᠯᠠᠵᠣ ᠶᠠᠪᠣᠭᠰᠠᠨ          ᠬᠠᠩᠭᠠᠯ ᠬᠠᠳᠠᠨ ᠵᠣᠷᠢᠭ ᠢᠶᠠᠷ ᠢᠶᠠᠨ          ᠬᠠᠯᠠᠭᠤᠨ ᠲᠥᠮᠡᠨ ᠢᠶᠠᠨ ᠤᠮᠣᠭᠰᠢᠭᠤᠯᠵᠤ ᠶᠠᠪᠣᠭᠰᠠᠨ          ᠮᠠᠩᠭᠤᠳ ᠤᠪᠣᠭ ᠤᠨ ᠮᠠᠨ ᠤ ᡀᠠᠰᠥ᠋ᠷᠣᠩ          ᠮᠠᠨᠳᠣᠭᠰᠠᠨ ᠵᠠᠭᠤᠨ ᠤ ᠲᠠᠷᠬᠠᠨ ᠲᠠᠭᠤᠴᠢᠨ          ᠲᠠᠭᠤᠯᠠᠭᠠᠳ ᠯᠡ ᠲᠠᠶᠠᠩ ᠳᠤ ᠠᠯᠳᠠᠷᠰᠢᠭᠰᠠᠨ ᠲᠡᠳᠣᠢ ᠥᠭᠡᠢ          ᠰᠣᠳᠣᠯᠣᠭᠠᠳ ᠯᠡ ᠲᠠᠶᠠᠭᠠᠷ ᠲᠤ ᠲᠠᠭᠤᠷᠢᠰᠣᠭᠰᠠᠨ ᠶᠣᠮ ᠲᠠ          ᠲᠠᠭᠤᠴᠢᠨ ᠤᠷᠠᠯᠢᠭᠴᠢᠨ ᠵᠣᠬᠢᠶᠠᠯᠴᠢ ᠲᠡᠳᠣᠢ ᠥᠭᠡᠢ          ᠤᠳᠣᠷᠢᠳᠣᠭᠴᠢ ᠵᠣᠬᠢᠶᠠᠨ ᠪᠠᠶᠢᠭᠤᠯᠣᠭᠴᠢ ᠪᠠᠷ ᠢᠶᠠᠨ ᠴᠣᠯᠭᠤᠷᠠᠭᠰᠠᠨ ᠶᠣᠮ ᠲᠠ           ᠮᠠᠩᠭᠤᠳ ᠤᠪᠣᠭ ᠤᠨ ᠮᠠᠨ ᠤ ᡀᠠᠰᠥ᠋ᠷᠣᠩ            ᠮᠠᠨᠳᠣᠭᠰᠠᠨ ᠵᠠᠭᠤᠨ ᠤ ᠲᠠᠷᠬᠠᠨ ᠲᠠᠭᠤᠴᠢᠨ            ᠠᠷᠠᠳ ᠢᠶᠠᠨ ᠭᠡᠰᠡᠨ ᠠᠭᠤᠣᠴᠢ ᠰᠠᠨᠠᠭ᠎ᠠ ᠴᠢᠨᠢ            ᠠᠶᠠᠯᠭᠤ ᠲᠠᠭᠤᠤ ᠶᠢᠨ ᠴᠢᠨᠢ ᠰᠢᠷᠣᠩᠬᠠᠶᠢᠯᠠᠯ ᠪᠠᠶᠢᠭᠰᠠᠨ ᠶᠣᠮ            ᠬᠠᠩᠭᠢᠨᠠᠮ᠎ᠠ ᠬᠥᠩᠭᠢᠨᠡᠮ᠎ᠡ ᠬᠠᠮ ᠬᠤᠭᠤᠯᠠᠢ ᠴᠢᠨᠢ            ᠬᠠᠨ ᠲᠡᠭᠷᠢ ᠶᠢᠨ ᠬᠥᠭᠵᠢᠮ ᠪᠠᠶᠢᠭᠰᠠᠨ ᠶᠣᠮ            ᠮᠠᠩᠭᠤᠳ ᠤᠪᠣᠭ ᠤᠨ ᠮᠠᠨ ᠤ ᡀᠠᠰᠥ᠋ᠷᠣᠩ            ᠮᠠᠨᠳᠣᠭᠰᠠᠨ ᠵᠠᠭᠤᠨ ᠤ ᠲᠠᠷᠬᠠᠨ ᠲᠠᠭᠤᠴᠢᠨ            ᠬᠥᠮᠣᠨ ᠬᠤᠷᠸ᠎ᠠ ᠳᠤ ᠥᠪᠡᠷ ᠢᠶᠠᠨ ᠤᠬᠢᠯᠠᠵᠣ ᠢᠷᠡᠵᠤ᠂ ᠥᠷᠣᠭᠡᠯ ᠢ ᠤᠬᠢᠯᠠᠭᠤᠯᠵᠤ ᠶᠠᠪᠣᠳᠠᠭ ᠭᠡᠳᠡᠭ ᠶᠣᠮ ᠳ᠋ᠠ︕           ᠠᠷᠠᠳ ᠤᠨ ᠠᠯᠳᠠᠷᠳᠣ ᠤᠷᠠᠯᠢᠭᠴᠢᠨ᠂ ᠬᠠᠮᠳᠣ ᠰᠣᠷᠣᠭᠴᠢ᠂ ᠠᠩᠭᠢ ᠶᠢᠨ ᠮᠢᠨᠢ ᠲᠠᠷᠤᠭ᠎ᠠ ᡀᠠᠰᠥ᠋ᠷᠣᠩ ᠠᠬ᠎ᠠ ᠮᠢᠨᠢ  2022  ᠣᠨ ᠤ 12 ᠳ᠋ᠤᠭᠠᠷ ᠰᠠᠷ᠎ᠠ ᠶᠢᠨ 31 ᠤ ᠡᠳᠦᠷ ᠤᠨ 23 ᠴᠠᠭ 47 ᠮᠢᠨᠣᠲ ᠲᠤ 2023 ᠰᠢᠨ᠎ᠡ ᠤᠨ ᠤ ᠰᠢᠵᠢᠷ ᠬᠤᠩᠬᠤᠨ ᠲᠠᠭᠤᠨ  ᠠᠴᠠ ᠡᠮᠣᠨᠡᠬᠡᠨ ᠪᠡᠭᠡᠵᠢᠩ ᠳᠤ ᠲᠠᠭᠠᠯᠠᠯ ᠲᠡᠭᠦᠰᠴᠠᠢ᠃ ᠨᠠᠰᠣᠨ ᠬᠤᠳᠤᠭ 76 ᠲᠠᠢ ︵ᠪᠥᠬᠦᠯᠢ ᠪᠠᠷ ᠢᠶᠠᠨ 75︶᠃           ᠥᠨᠣ ᠪᠢ ᠡᠮᠬᠡᠨᠢᠯ ᠤᠨ ᠨᠢᠯᠪᠣᠰᠣ ᠪᠠᠨ ᠠᠷᠴᠢᠨ ᠠᠷᠴᠢᠨ ᠬᠠᠶᠢᠷᠠᠳᠣ ᡀᠠᠰᠥ᠋ᠷᠣᠩ ᠠᠬ᠎ᠠ ᠪᠠᠨ ᠭᠠᠰᠢᠭᠤᠳᠠᠨ ︽ᠲᠣᠷᠣᠨᠠᠳᠠᠬᠢᠨ ᠤ  ᠲᠣᠮᠣ ᠲᠠᠭᠤᠴᠢᠨ︾ ᠭᠡᠬᠦ ᠰᠢᠯᠣᠭ᠌ ᠢᠶᠠᠨ ᠲᠣᠷᠠᠳᠬᠠᠨ ᠪᠢᠴᠢᠵᠣ ᠪᠠᠶᠢᠨ᠎ᠠ᠃          ᡀᠠᠰᠥ᠋ᠷᠣᠩ ᠠᠬ᠎ᠠ ᠮᠢᠨᠢ 1947 ᠣᠨ ᠤ 6 ᠳ᠋ᠤᠭᠠᠷ ᠰᠠᠷ᠎ᠠ ᠶᠢᠨ 7 ᠤ ᠡᠳᠣᠷ ᠤᠤᠯ ᠤᠨ ᠶᠡᠭᠡ ᠵᠣᠤ ᠠᠶᠢᠮᠠᠭ ᠤᠨ ᠬᠠᠩᠭᠢᠨ  ᠬᠤᠰᠢᠭᠤᠨ ᠤ ᠲᠥᠷᠪᠡᠳᠣᠭᠡᠷ ᠨᠣᠳᠤᠭ ︵ᠡᠯᠡᠰᠣᠳᠠᠢ ᠨᠣᠳᠤᠭ︶ ᠤᠨ ᠴᠠᠭᠠᠨ ᠤᠪᠣᠭ᠎ᠠ ᠬᠡᠮᠡᠬᠦ ᠭᠠᠵᠠᠷ ᠮᠣᠩᠭᠤᠯ᠂ ᠬᠢᠳᠠᠳ᠂ ᠲᠥᠪᠡᠳ᠂  ᠠᠩᠭ᠍ᠯᠢ ᠳᠤ ᠨᠡᠪᠳᠡᠷᠡᠭᠰᠡᠨ ᠰᠠᠮᠳᠠᠨᠷᠠᠭᠸ᠎ᠠ ︵ᠰᠠᠮᠳᠠᠨ ᠭᠥᠤᠱᠢ︶᠂ ᠠᠷᠠᠳ ᠤᠨ ᠲᠠᠭᠤᠴᠢᠨ ᠠᠮᠣᠷᠰᠣᠸ᠎ᠠ ᠶᠢᠨ ᠬᠡᠣᠬᠡᠳ ᠤᠨ ᠶᠡᠭᠡ ᠨᠢ ᠪᠣᠯᠵᠣ  ᠮᠡᠨᠳᠣᠯᠡᠵᠡᠢ᠃ ᡀᠠᠰᠥ᠋ᠷᠣᠩ ᠪᠠᠭ᠎ᠠ ᠠᠴᠠ ᠤᠢ ᠪᠢᠯᠢᠭ ᠰᠠᠶᠢᠳᠠᠢ᠂ ᠤᠶᠣᠨ ᠤᠬᠠᠭᠠᠨ ᠬᠤᠷᠴᠠ ᠪᠣᠯᠬᠤᠷ ᠲᠠᠪᠣᠨ ᠨᠠᠰᠣᠳᠠᠢ ᠳᠠᠭᠠᠨ  ᠬᠠᠩᠭᠢᠨ ᠬᠤᠰᠢᠭᠤᠨ ᠤ ᠪᠠᠨ ᠭᠠᠨᠵᠤᠣᠷ ᠰᠥᠮ᠎ᠡ ᠶᠢᠨ ᠲᠠᠪᠣᠳᠣᠭᠠᠷ ᠲᠥᠷᠢ ᠶᠢᠨ ᠭᠡᠭᠡᠨ ᠢᠶᠠᠷ ᠲᠣᠳᠣᠯᠠᠭᠳᠠᠵᠤ᠂ ᠰᠠᠬᠢᠯ ᠠᠪᠣᠨ ᠰᠢᠷᠡᠭᠡᠨ  ᠳᠤ ᠰᠠᠭᠤᠵᠣ᠂ ᠨᠣᠮ ᠤᠨ ᠨᠡᠷ᠎ᠡ ᠨᠢ ᠰᠣᠨᠣᠮᠯᠣᠪᠰᠠᠩᠳᠠᠩᠽᠨᠨᠨᠣᠷᠪᠤ ᠭᠡᠳᠡᠭ ᠪᠠᠶᠢᠵᠠᠢ᠃ ᠠᠷᠪᠠᠨ ᠨᠢᠭᠡᠨ ᠨᠠᠰᠣᠨ ᠠᠴᠠ ᠪᠠᠨ ᠰᠣᠷᠭᠠᠭᠤᠯᠢ  ᠰᠣᠶᠣᠯ ᠤᠨ ᠮᠥᠷ ᠬᠥᠭᠡᠭᠡᠵᠣ᠂ 13 ᠨᠠᠰᠣᠳᠠᠢ ᠳᠠᠭᠠᠨ ᠬᠤᠰᠢᠭᠤᠨ ᠤ ᠪᠠᠨ ᠤᠯᠠᠭᠠᠨᠮᠥ᠋ᠴᠢᠷ ᠲᠤ ᠰᠢᠯᠭᠠᠭᠳᠠᠨ ᠤᠷᠣᠵᠣ᠂ ᠰᠡᠭᠦᠯᠡᠷ ᠨᠢ  ᠥᠪᠣᠷ ᠮᠣᠩᠭᠤᠯ ᠤᠨ ᠤᠷᠠᠯᠢᠭ ᠤᠨ ᠲᠣᠰᠬᠠᠢ ᠮᠡᠷᠭᠡᠵᠢᠯ ᠤᠨ ᠰᠣᠷᠭᠠᠭᠤᠯᠢ ᠳᠤ ᠵᠠᠭᠤᠨᠠᠰᠣᠳᠣ ᠪᠠᠭᠰᠢ ᠳᠤ ᠱᠠᠪᠢᠯᠠᠨ ᠰᠣᠷᠣᠯᠴᠠᠪᠠ᠃  ᠡᠷᠭᠢᠭᠡᠳ ᠪᠠᠰᠠ ᠲᠣᠮᠳᠠᠳᠣ ᠤᠯᠣᠰ ᠤᠨ ᠲᠠᠭᠤᠤ ᠬᠥᠭᠵᠢᠮ ᠤᠨ ᠲᠡᠭᠡᠳᠤ ᠰᠣᠷᠭᠠᠭᠤᠯᠢ ᠳᠤ ᠲᠠᠪᠳᠠᠨ ᠪᠣᠯᠪᠠᠰᠣᠷᠠᠵᠣ᠂ ᠥᠪᠣᠷ ᠮᠣᠩᠭᠤᠯ  ᠤᠨ ᠷᠠᠳᠢᠤ᠋ ᠬᠤᠷᠢᠶᠠᠨ  ᠤ ᠮᠣᠩᠭᠤᠯ ᠨᠡᠪᠳᠡᠷᠡᠭᠦᠯᠭᠡ ᠳᠤ ᠬᠤᠪᠢᠶᠠᠭᠳᠠᠨ ᠠᠵᠢᠯᠯᠠᠵᠣ ᠪᠠᠶᠢᠭᠰᠠᠨ ᠢᠶᠠᠨ ᠰᠡᠭᠦᠯᠡᠷ ᠨᠢ ᠥᠪᠣᠷ ᠮᠣᠩᠭᠤᠯ ᠤᠨ  ᠰᠢᠭᠤᠳ ᠬᠠᠷᠢᠶ᠎ᠠ ᠤᠯᠠᠭᠠᠨᠮᠥ᠋ᠴᠢᠷ ᠤᠨ ᠭᠤᠴᠢᠯᠠᠯ ᠲᠠᠭᠤᠴᠢᠨ ᠪᠣᠯᠣᠭᠰᠠᠨ ᠪᠠᠶᠢᠨ᠎ᠠ᠃ 1986 ᠤᠨ ᠳᠤ ᠥᠪᠣᠷ ᠮᠣᠩᠭᠤᠯ ᠤᠨ ᠶᠡᠭᠡ  ᠰᠣᠷᠭᠠᠭᠤᠯᠢ ᠶᠢᠨ ᠤᠳᠬ᠎ᠠ ᠵᠣᠬᠢᠶᠠᠯ ᠵᠣᠬᠢᠶᠠᠨ ᠪᠥᠳᠣᠭᠡᠬᠦ ᠰᠣᠳᠣᠯᠬᠤ ᠠᠩᠭᠢ ᠶᠢᠨ ᠰᠣᠳᠣᠯᠬᠤ ᠰᠣᠷᠣᠭᠴᠢ ᠶᠢᠨ ᠰᠣᠷᠣᠯᠭ᠎ᠠ ᠪᠠᠨ  ᠲᠡᠭᠦᠰᠭᠡᠵᠣ᠂ ᠲᠥᠪ ᠤᠨ ᠥᠨᠳᠣᠰᠣᠳᠡᠨ ᠤ ᠲᠠᠭᠤᠤ ᠪᠥᠵᠢᠭ ᠤᠨ ᠪᠥᠯᠬᠦᠮ ᠤᠨ ᠭᠤᠴᠢᠯᠠᠯ ᠲᠠᠭᠤᠴᠢᠨ ᠢᠶᠠᠷ ᠠᠵᠢᠯᠯᠠᠵᠣ᠂ ᠤᠯᠣᠰ ᠤᠨ  ᠨᠢᠭᠡᠳᠣᠭᠡᠷ ᠲᠡᠰ ᠤᠨ ᠲᠣᠭᠯᠠᠭᠴᠢ ᠶᠢᠨ ᠴᠣᠯᠠ ᠬᠠᠮᠠᠭᠠᠯᠠᠪᠠ᠃ ᡀᠠᠰᠥ᠋ᠷᠣᠩ ᠠᠬ᠎ᠠ 2003 ᠤᠨ ᠠᠴᠠ ︽ᠳᠣᠮᠳᠠᠳᠣ᠂ ᠮᠣᠩᠭᠤᠯ ᠬᠤᠶᠠᠷ  ᠤᠯᠣᠰ ᠢᠶᠠᠷ ᠢᠶᠠᠨ ᠮᠣᠩᠭᠤᠯ ᠣᠷᠳᠣ ᠶᠢᠨ ᠲᠠᠭᠤᠤ ᠪᠠᠨ ᠬᠠᠮᠠᠭᠠᠯᠠᠨ ᠤᠯᠠᠮᠵᠢᠯᠠᠬᠤ ᠲᠣᠰᠬᠠᠢ ᠮᠡᠷᠭᠡᠵᠢᠯᠳᠡᠨ ᠤ ᠠᠵᠢᠯᠯᠠᠬᠤ ᠲᠣᠭᠤᠶᠢᠯᠠᠩ︾  ᠤᠨ ᠲᠣᠮᠳᠠᠳᠣ ᠶᠢᠨ ᠲᠠᠯ᠎ᠠ ᠶᠢᠨ ᠲᠡᠷᠢᠭᠦᠨ ᠪᠠᠶᠢᠷᠢ ᠶᠢᠨ ᠲᠣᠰᠬᠠᠢ ᠮᠡᠷᠭᠡᠵᠢᠯᠳᠡᠨ ᠪᠠᠶᠢᠵᠤ᠂ ᠮᠤᠩᠭᠤᠯ ᠤᠷᠳᠣ ᠶᠢᠨ ᠲᠠᠭᠤᠤ ᠪᠠᠨ ᠲᠡᠯᠡᠬᠡᠢ  ᠶᠢᠨ ᠪᠡᠶᠡᠲᠦ ᠪᠣᠰᠣ ᠰᠣᠶᠣᠯ ᠤᠨ ᠥᠪ ᠳᠤ ᠠᠮᠵᠢᠯᠳᠠ ᠲᠠᠢ ᠮᠡᠳᠡᠭᠦᠯᠬᠦ ᠠᠵᠢᠯ ᠳᠤ ᠢᠳᠡᠪᠬᠢᠳᠠᠢ ᠭᠠᠪᠢᠶ᠎ᠠ ᠵᠢᠳᠭᠦᠯ ᠭᠠᠷᠭᠠᠭᠰᠠᠨ ᠶᠣᠮ᠃  2007 ᠣᠨ ᠳᠤ ᠥᠪᠣᠷ ᠮᠣᠩᠭᠤᠯ ᠤᠨ ᠤᠷᠳᠣ ᠶᠢᠨ ᠲᠠᠭᠤᠤ ᠤᠷᠠᠯᠢᠭ ᠤᠨ ᠰᠣᠯᠢᠯᠴᠠᠭ᠎ᠠ ᠰᠣᠳᠤᠯᠭᠠᠨ ᠤ ᠨᠡᠶᠢᠭᠡᠮᠯᠢᠭ ᠤᠨ ᠠᠩᠬᠠᠳᠠᠭᠴᠢ  ᠲᠡᠷᠢᠭᠦᠯᠡᠭᠴᠢ ᠪᠠᠷ ᠰᠣᠩᠭᠤᠭᠳᠠᠪᠠ᠃            ᡀᠠᠰᠥ᠋ᠷᠣᠩ ᠠᠬ᠎ᠠ ᠪᠣᠯ ︽ᠰᠢᠨ᠎ᠡ ᠲᠣᠮᠳᠠᠳᠣ ᠤᠯᠣᠰ ᠤᠨ ᠬᠤᠶᠠᠳᠤᠭᠠᠷ ᠥᠶ᠎ᠡ ᠶᠢᠨ ᠮᠣᠩᠭᠤᠯ ᠥᠨᠳᠣᠰᠣᠳᠡᠨ ᠤ ᠲᠠᠷᠬᠠᠨ  ᠲᠠᠭᠤᠴᠢᠨ︾᠂ ︽ᠣᠷᠴᠢᠨ ᠤᠳᠣ ᠥᠶ᠎ᠡ ᠶᠢᠨ ᠲᠠᠷᠬᠠᠨ ᠲᠠᠭᠤᠴᠢᠨ︾᠂ ︽ᠲᠡᠯᠡᠬᠡᠢ ᠶᠢᠨ ᠮᠣᠩᠭᠤᠯ ᠤᠨ ᠲᠣᠮᠣ ᠲᠠᠭᠤᠴᠢᠨ︾᠂ ᠬᠥᠳᠡᠭᠡ  ᠲᠠᠯ᠎ᠠ ᠪᠣᠯ ᠲᠡᠭᠦᠨ ᠤ ᠰᠥᠭ ᠰᠥᠨᠡᠰᠣ ᠨᠢ᠂ ᠮᠠᠯᠴᠢᠳ ᠪᠣᠯ ᠲᠡᠭᠦᠨ ᠤ ᠡᠯᠢᠭᠡ ᠵᠢᠷᠣᠬᠡ ᠨᠢ ᠶᠣᠮ ᠭᠡᠵᠣ ᠥᠨᠡᠯᠡᠭᠳᠡᠨ ᠡᠷᠭᠦᠮᠵᠢᠯᠡᠭᠳᠡᠵᠠᠢ᠃  ᡀᠠᠰᠥ᠋ᠷᠣᠩ ᠭᠤᠸᠠᠢ ᠠᠩᠬᠠᠨ ᠤ ᠦᠶ᠎ᠡ ᠶᠢᠨ ᠤᠯᠠᠭᠠᠨᠮᠥ᠋ᠴᠢᠷ ᠤᠨ ᠲᠣᠭᠯᠠᠭᠴᠢ ᠪᠣᠯᠣᠭᠰᠠᠨ ᠤ ᠬᠤᠪᠢ ᠳᠤ ᠭᠤᠴᠢᠯᠠᠯ ᠲᠠᠭᠤᠴᠢᠨ  ᠮᠥᠷᠳᠡᠭᠡᠨ ᠳᠠᠭᠤᠯᠠᠬᠤ ᠶᠢᠨ ᠲᠠᠭᠠᠣ ᠰᠤᠳᠤᠯᠭ᠎ᠠ ᠪᠠᠨ ᠥᠷᠭᠦᠯᠵᠢᠯᠡᠭᠦᠯᠵᠤ᠂ ᠤᠯᠠᠮᠵᠢᠯᠠᠨ ᠵᠠᠯᠭᠠᠮᠵᠢᠯᠠᠬᠤ ᠪᠠ ᠵᠢᠭᠠᠨ ᠰᠣᠷᠭᠠᠬᠤ ᠪᠠᠷ ᠨᠠᠰᠣᠨ  ᠲᠣᠷᠰᠢ ᠶᠢᠨ ᠥᠢᠯᠡᠰ ᠢᠶᠠᠨ ᠪᠣᠯᠭᠠᠭᠰᠠᠨ ᠠᠯᠳᠠᠷᠳᠣ ᠤᠷᠠᠯᠢᠭᠴᠢᠨ ᠶᠣᠮ᠃ ᠲᠡᠷᠡ ᠨᠢᠭᠡ ᠨᠠᠰᠣ ᠪᠠᠷ ᠢᠶᠠᠨ ᠤᠷᠳᠣ ᠶᠢᠨ ᠲᠠᠭᠤᠤ ᠪᠠᠨ  ᠤᠯᠠᠮᠵᠢᠯᠠᠨ ᠵᠠᠯᠭᠠᠮᠵᠢᠯᠠᠬᠤ ᠪᠠᠨ ᠨᠢᠭᠡ ᠮᠥᠷᠣᠨ ᠤ ᠡᠭᠦᠷᠭᠡ ᠪᠠᠨ ᠪᠣᠯᠭᠠᠵᠣ᠂ ᠤᠷᠳᠣ ᠶᠢᠨ ᠲᠠᠭᠤᠤ ᠪᠠᠨ ᠬᠥᠳᠡᠭᠡ ᠲᠠᠯ᠎ᠠ ᠠᠴᠠ ᠬᠤᠳᠠ ᠳᠤ ᠂ ᠮᠣᠩᠭᠤᠯ ᠭᠡᠷ ᠠᠴᠠ ᠤᠷᠠᠯᠢᠭ ᠤᠨ ᠲᠠᠶᠢᠰᠠᠨ ᠳᠤ ᠬᠠᠩᠭᠢᠨᠠᠳᠠᠯ᠎ᠠ ᠲᠠᠭᠤᠯᠠᠵᠣ ᠶᠠᠪᠣᠵᠠᠢ᠃ ᠲᠡᠷᠡ ᠤᠯᠠᠨ ᠵᠢᠯ ᠤᠨ ᠲᠣᠷᠰᠢ ᠪᠣᠭᠤᠨᠢ  ᠵᠢᠯᠣᠭᠤ ᠪᠣᠰᠤᠭ᠎ᠠ ᠲᠥᠷᠣᠭᠡ ᠪᠠᠷ ᠮᠣᠩᠭᠤᠯ ᠤᠷᠳᠣ ᠶᠢᠨ ᠲᠠᠭᠤᠤ ᠣᠷᠠᠯᠢᠭ ᠢᠶᠠᠨ ᠬᠠᠮᠠᠭᠠᠯᠠᠨ ᠰᠣᠳᠣᠯᠬᠤ ᠳᠤ ᠡᠷᠬᠢᠮ ᠥᠨᠡᠳᠣ ᠡᠩ ᠥᠭᠡᠢ  ᠥᠨ᠎ᠡ ᠥᠷᠳᠡᠭ ᠤᠨ ᠥᠪ ᠬᠥᠷᠣᠩᠭᠡ ᠪᠣᠯᠣᠨ ᠤᠶᠣᠨ ᠰᠠᠨᠠᠭᠠᠨ ᠤ ᠡᠳ᠋ ᠪᠠᠶᠠᠯᠢᠭ ᠢ ᠥᠯᠡᠳᠡᠭᠡᠭᠰᠡᠨ ᠶᠣᠮ᠃             ᠮᠢᠨᠣ ᠵᠠᠯᠠᠭᠤ ᠪᠠᠭ᠎ᠠ ᠠᠴᠠ ᠪᠠᠨ ᠰᠢᠳᠣᠵᠣ ᠪᠢᠰᠢᠷᠳᠡᠭ ᠠᠯᠳᠠᠷᠳᠣ ᠲᠠᠭᠤᠴᠢᠨ ᠤ ᠨᠢᠭᠡ ᠨᠢ ᡀᠠᠰᠥ᠋ᠷᠣᠩ ᠠᠬ᠎ᠠ ᠪᠠᠶᠢᠯ᠎ᠠ᠃ ᠭᠡᠬᠦ  ᠳᠡᠭᠡᠨ ᡀᠠᠰᠥ᠋ᠷᠣᠩ ᠠᠬ᠎ᠠ ᠲᠠᠢ ᠠᠩᠬ᠎ᠠ ᠠᠭᠤᠯᠵᠠᠵᠣ ᠲᠠᠨᠢᠯᠴᠠᠭᠰᠠᠨ ᠮᠠᠨᠢ ᠥᠨᠣ ᠠᠴᠠ ᠲᠥᠴᠢᠨ ᠨᠢᠭᠡᠨ ᠵᠢᠯ ᠤᠨ ᠡᠮᠣᠨ᠎ᠡ᠂ ᠲᠣᠳᠣᠷᠠᠭᠤᠨ  ᠰᠢᠭ᠋ ᠬᠡᠯᠡᠪᠡᠯ 1982 ᠣᠨ ᠤ 10 ᠳ᠋ᠣᠭᠠᠷ ᠰᠠᠷ᠎ᠠ ᠳᠤ ᠰᠢᠯᠢ ᠶᠢᠨ ᠭᠤᠣᠯ ᠠᠶᠢᠮᠠᠭ ᠤᠨ ᠠᠩᠬᠠᠳᠠᠭᠴᠢ ᠣᠳᠠᠭᠠᠨ ᠤ ︽ᠲᠠᠯ᠎ᠠ ᠶᠢᠨ  ᠲᠠᠭᠤᠯᠠᠯ︾ ᠨᠡᠷᠡᠮᠵᠢᠳᠣ ᠪᠥᠬᠦ ᠠᠶᠢᠮᠠᠭ ᠤᠨ ᠠᠵᠢᠯ ᠤᠨ ᠴᠢᠯᠣᠭᠡᠨ ᠤ ᠲᠠᠭᠤᠤ ᠬᠥᠭᠵᠢᠮ ᠤᠨ ᠴᠣᠭᠯᠠᠭᠠᠨ ᠲᠡᠭᠡᠷ᠎ᠡ ᠪᠢᠯᠡ᠃ ᠪᠢ ᠲᠡᠷᠡ  ᠴᠣᠭᠯᠠᠭᠠᠨ ᠲᠡᠭᠡᠷ᠎ᠡ ︽ᠰᠢᠯᠢ ᠶᠢᠨ ᠭᠤᠤᠯ ᠤᠨ ᠡᠳᠣᠷ ᠤᠨ ᠰᠣᠨᠢᠨ︾ ᠤ ᠰᠣᠷᠪᠣᠯᠵᠢᠯᠠᠭᠴᠢ ᠪᠠᠷ ᠤᠷᠣᠯᠴᠠᠵᠣ ︽ᠲᠠᠳᠠᠷᠠᠰᠢ ᠥᠭᠡᠢ ᠲᠠᠯ᠎ᠠ  ᠶᠢᠨ ᠲᠠᠭᠤᠤ︾᠂ ︽ᠠᠯᠳᠠᠷᠳᠣ ᠤᠷᠠᠯᠢᠭᠴᠢᠳ ᠮᠠᠨ ᠤ ᠠᠶᠢᠮᠠᠭ ᠲᠤ︾ ᠵᠡᠷᠭᠡ ᠤᠶᠠᠩᠭ᠎ᠠ ᠰᠣᠷᠪᠣᠯᠵᠢᠯᠠᠭ᠎ᠠ ᠰᠣᠷᠪᠣᠯᠵᠢᠯᠠᠵᠣ ᠪᠢᠴᠢᠬᠦ ᠳᠡᠭᠡᠨ  ᡀᠠᠰᠥ᠋ᠷᠣᠩ ᠠᠬ᠎ᠠ ᠵᠡᠷᠭᠡ ᠵᠠᠯᠠᠭᠤ᠂ ᠢᠳᠡᠷ᠂ ᠠᠬᠠᠮᠠᠳ ᠤᠷᠠᠯᠢᠭᠴᠢᠳ ᠤᠨ ᠠᠯᠳᠠᠨ ᠨᠢᠭᠤᠷ ᠲᠠᠢ ᠨᠢ ᠵᠣᠯᠭᠠᠵᠣ᠂ ᠠᠪᠢᠶᠠᠰ ᠪᠢᠯᠢᠭ ᠢ ᠨᠢ  ᠪᠠᠭ᠋ᠠᠷᠬᠠᠭᠰᠠᠨ ᠶᠣᠮ᠃ ᠲᠡᠷᠡ ᠦᠶ᠎ᠡ ᠶᠢᠨ ᠮᠠᠨ ᠤ ᠰᠣᠨᠢᠨ ᠤ ᠨᠢᠭᠤᠷ ᠬᠠᠭᠤᠳᠠᠰᠣ ᠶᠢᠨ ᠬᠢᠵᠠᠭᠠᠷᠯᠠᠯ ᠠᠴᠠ ᠪᠣᠯᠪᠠᠣ ᠳ᠋ᠠ ︽ᠠᠯᠳᠠᠷᠳᠣ  ᠤᠷᠠᠯᠢᠭᠴᠢᠳ ᠮᠠᠨ ᠤ ᠠᠶᠢᠮᠠᠭ ᠲᠤ︾ ᠬᠡᠮᠡᠬᠦ ᠰᠣᠷᠪᠣᠯᠵᠢᠯᠠᠭ᠎ᠠ ᠳᠠᠭᠠᠨ ᠲᠠᠷᠬᠠᠨ ᠲᠠᠭᠤᠴᠢᠨ ᡀᠠᠵᠠᠪ᠂ ᠠᠯᠳᠠᠷᠳᠣ ᠲᠠᠭᠤᠴᠢᠨ ᠲᠥᠳᠣᠪ᠂  ᠵᠠᠯᠠᠭᠤ ᠲᠠᠭᠤᠴᠢᠨ ᡀᠠᠰᠥ᠋ᠷᠣᠩ᠂ ᠠᠯᠳᠠᠷᠳᠣ ᠬᠤᠪᠢᠰᠴᠢᠨ ᠭᠣ · ᠴᠡᠩᠭᠡᠯᠳᠣ᠂ ᠮᠣᠩᠭᠤᠯ ᠲᠠᠭᠤᠤ ᠮᠠᠰᠢ ᠭᠤᠶᠣ ᠲᠠᠭᠤᠯᠠᠳᠠᠭ ᠬᠢᠳᠠᠳ  ᠥᠨᠳᠣᠰᠣᠳᠡᠨ ᠤ ᠠᠯᠳᠠᠷᠳᠣ ᠲᠠᠭᠤᠴᠢᠨ ᠽᠥᠸᠧ ᠷᠤ᠋ ᠶᠥᠨ ᠵᠡᠷᠭᠡ ᠠᠯᠳᠠᠷᠳᠠᠳ ᠲᠤ ᠬᠥᠮᠤᠨ ᠪᠥᠷᠢ ᠳᠤ ᠬᠡᠳᠣᠨ ᠵᠠᠭᠤᠨ ᠥᠰᠣᠭ᠌ ᠤᠨ ᠯᠡ  ᠬᠡᠰᠢᠭ ᠲᠠᠢ ᠨᠢᠭᠡ ᠨᠢᠭᠤᠷ ᠲᠡᠭᠡᠨ ᠪᠠᠭᠳᠠᠭᠠᠨ ᠲᠠᠨᠢᠯᠴᠠᠭᠤᠯᠣᠭᠰᠠᠨ ᠢᠶᠠᠨ ᠰᠠᠨᠠᠵᠣ ᠪᠠᠶᠢᠨ᠎ᠠ᠃             ᡀᠠᠰᠥ᠋ᠷᠣᠩ ᠠᠬ᠎ᠠ ᠶᠢ ᠰᠣᠷᠪᠣᠯᠵᠢᠯᠠᠬᠤ ᠳᠤ ᠲᠡᠷᠡ᠄ ︽ᠡᠨᠡ ᠤᠳᠠᠭ᠎ᠠ ᠪᠢ ᠰᠢᠯᠢ ᠶᠢᠨ ᠭᠤᠣᠯ ᠳᠤ ᠢᠷᠡᠭᠰᠡᠨ ᠤ ᠭᠤᠣᠯ ᠵᠣᠷᠢᠯᠭ᠎ᠠ  ᠨᠢ ᠠᠵᠢᠯ ᠤᠨ ᠴᠢᠯᠣᠭᠡᠨ ᠤ ᠠᠷᠠᠳ ᠤᠨ ᠲᠠᠭᠤᠴᠢᠳ ᠠᠴᠠ ᠰᠣᠷᠣᠯᠴᠠᠬᠤ ᠶᠢᠨ ᠲᠠᠭᠠᠤ ᠠᠯᠳᠠᠷᠳᠣ ᠠᠬᠠᠮᠠᠳ ᠲᠠᠭᠤᠴᠢᠨ ᡀᠠᠵᠠᠪ ᠭᠤᠸᠠᠢ  ᠶᠢᠨ ᠤᠷᠠᠯᠢᠭ ᠤᠨ ᠠᠮᠢᠳᠣᠷᠠᠯ ᠤᠨ ᠲᠣᠬᠠᠢ ᠤᠯᠠᠮ ᠨᠢᠭᠡ ᠠᠯᠬᠤᠮ ᠤᠶᠢᠯᠠᠭᠠᠬᠤ ᠰᠠᠨᠠᠭᠠᠳᠠᠢ᠂ ᠲᠠᠬᠢᠨ ᠬᠡᠯᠡᠪᠡᠯ ᠰᠢᠯᠢ ᠶᠢᠨ ᠭᠤᠣᠯ ᠪᠣᠯ ᠮᠢᠨᠤ  ᠲᠠᠭᠤᠤ ᠶᠢᠨ ᠪᠠᠭᠰᠢ ᠵᠠᠭᠤᠨᠠᠰᠣᠳᠣ ᠶᠢᠨ ᠨᠣᠳᠤᠭ᠂ ᠮᠥᠨ ᠴᠣ᠋ ᠮᠢᠨᠣ ᠭᠡᠷᠭᠡᠢ ᠵᠸᠤ ᠪᠢᠩ ᠵᠢᠶᠠᠨ ︵ᠵᠸᠤ ᠡᠸ᠋ᠨ ᠯᠠᠢ ᠶᠡᠷᠣᠩᠬᠡᠢ ᠰᠠᠶᠢᠳ ᠤᠨ  ᠠᠴᠢ ᠥᠬᠢᠨ︶ ᠤ ᠥᠰᠴᠣ ᠪᠣᠶᠢᠵᠢᠭᠰᠠᠨ ᠬᠤᠶᠠᠳᠠᠬᠢ ᠥᠯᠣᠭᠡᠢ᠂ ᠪᠢ ᠡᠨᠡ ᠨᠣᠳᠤᠭ ᠲᠤ ᠤᠨᠴᠠ ᠶᠢᠨ ᠬᠠᠶᠢᠷ᠎ᠠ ᠰᠡᠳᠬᠢᠯᠭᠡ ᠲᠠᠢ ᠁ ︾᠂ ︽ᠠᠷᠠᠳ ᠤᠨ ᠲᠠᠭᠤᠴᠢᠨ ᠪᠣᠯᠬᠤ ᠨᠢ ᡀᠠᠰᠥ᠋ᠷᠣᠩ ᠮᠢᠨᠤ ᠠᠳᠠᠪᠠᠰᠢ ᠵᠢᠷᠭᠠᠯ ᠁︾ ᠭᠡᠵᠣ ᠶᠠᠷᠢᠭᠰᠠᠨ ᠢ ᠥᠨᠣ ᠪᠣᠯᠳᠠᠯ᠎ᠠ ᠪᠢ  ᠴᠡᠭᠡᠵᠢ ᠵᠢᠷᠣᠬᠡᠨ ᠳᠡᠭᠡᠨ ᠬᠠᠳᠠᠭᠠᠯᠠᠭᠰᠠᠭᠠᠷ᠃ ᠤᠷᠣᠢ ᠶᠢᠨ ᠲᠣᠭᠯᠠᠯᠳᠠ ᠲᠡᠭᠡᠷ᠎ᠡ ᡀᠠᠰᠥ᠋ᠷᠣᠩ ᠠᠬ᠎ᠠ ︽ᠴᠡᠷᠢᠭ ᠡᠷ᠎ᠠ  ᠶᠢᠨ ᠲᠠᠭᠤᠤ︾᠂ ︽  ᠴᠡᠷᠢᠭ ᠡᠷ᠎ᠡ ᠶᠢᠨ ᠭᠡᠷᠭᠡᠢ ᠶᠢᠨ ᠲᠠᠭᠤᠤ︾ ᠵᠡᠷᠭᠡ ᠠᠷᠪᠠᠭᠠᠳ ᠲᠠᠭᠤᠤ ᠶᠢ ᠤᠯᠠᠨ ᠤ ᠠᠯᠠᠭ᠎ᠠ ᠲᠠᠰᠢᠯᠳᠠ ᠶᠢᠨ ᠲᠣᠮᠳᠠ ᠠᠷᠣ ᠠᠷᠣ ᠠᠴᠠ  ᠨᠢ  ᠲᠠᠭᠤᠯᠠᠪᠠ᠃ ᠠᠷᠠᠳ ᠲᠥᠮᠡᠨ ᠤ ᠰᠣᠨᠣᠰᠬᠤ ᠲᠣᠷᠠᠳᠠᠢ ᠬᠠᠯᠠᠮᠰᠢᠯ ᠪᠣᠯᠣᠭᠰᠠᠨ ᠡᠨᠡ ᠬᠤᠶᠡᠷ ᠲᠠᠭᠤᠤ ᠶᠢ ᠬᠢᠯᠢ ᠶᠢᠨ ᠲᠡᠭᠡᠰᠣ ᠴᠢᠩᠭ᠎ᠠ  ᠪᠠᠶᠢᠭᠰᠠᠨ ᠲᠡᠷᠡ ᠥᠶ᠎ᠡ ᠳᠤ ᠮᠠᠨ ᠤ ᠰᠢᠯᠢ ᠶᠢᠨ ᠭᠤᠤᠯ ᠳᠤ ᠬᠥᠷᠭᠡᠵᠣ ᠢᠷᠡᠭᠰᠡᠨ ᠠᠩᠬᠠᠨ ᠤ ᠤᠷᠠᠯᠢᠭᠴᠢᠨ ᠪᠣᠯ ᠮᠠᠨ ᠤ ᠠᠯᠳᠠᠷᠳᠣ ᠠᠷᠠᠳ  ᠤᠨ ᠲᠠᠭᠤᠴᠢᠨ ᡀᠠᠰᠥ᠋ᠷᠣᠩ ᠠᠬ᠎ᠠ ᠪᠠᠶᠢᠬ᠎ᠠ ᠡ ᠭᠡᠵᠤ ᠪᠢ ᠪᠣᠳᠣᠳᠠᠭ ᠶᠣᠮ᠃ ᠲᠡᠷᠡ ᠦᠶ᠎ᠡ ᠳᠤ ᠠᠯᠳᠠᠷᠳᠣ ᠲᠠᠷᠬᠠᠨ ᠲᠠᠭᠤᠴᠢᠨ ᠠᠴᠢᠳᠣ  ᡀᠠᠵᠠᠪ ᠪᠠᠭᠰᠢ ᠪᠠᠨ ᠪᠢᠴᠢᠬᠦ ᠪᠠᠷ ᠡᠳᠣᠷ ᠤᠨ ᠪᠣᠳᠣᠯ ᠰᠥᠨᠢ ᠶᠢᠨ ᠵᠡᠭᠦᠳᠣ ᠪᠠᠨ ᠪᠣᠯᠭᠠᠵᠣ ᠪᠠᠶᠢᠭᠰᠠᠨ ᡀᠠᠰᠥ᠋ᠷᠣᠩ ᠠᠬ᠎ᠠ ᠮᠢᠨᠢ ᠥᠨᠣ  ᠲᠣᠮᠳᠠᠳᠣ ᠤᠯᠤᠰ ᠤᠨ ᠮᠣᠩᠭᠤᠯ ᠤᠷᠳᠣ ᠶᠢᠨ ᠲᠠᠭᠤᠤ ᠶᠢᠨ ᠪᠣᠭᠤᠷᠣᠯ ᠭᠤᠷᠪᠠᠨ ᠤᠷᠭᠢᠯ — ᡀᠠᠵᠠᠪ᠂ ᠪᠣᠶᠠᠨᠳᠡᠯᠭᠡᠷ᠂ ᠵᠠᠭᠤᠨᠠᠰᠣᠳᠣ  ᠳᠠᠭᠠᠨ ︽ᠠᠷᠠᠳ ᠤᠨ ᠠᠯᠳᠠᠷᠳᠣ ᠲᠠᠭᠤᠴᠢᠨ ᡀᠠᠵᠠᠪ︾᠂ ︽ᠮᠢᠨᠤ ᠪᠠᠭᠰᠢ ᠵᠠᠭᠤᠨᠠᠰᠣᠳᠣ︾᠂ ︽ᠪᠣᠶᠠᠨᠳᠡᠯᠭᠡᠷ ᠤᠨ ᠨᠠᠮᠳᠠᠷ︾ ᠵᠡᠷᠭᠡ  ᠭᠤᠷᠪᠠᠨ ᠪᠠᠷᠢᠮᠳᠠᠳᠣ ᠷᠣᠮᠠᠨ ᠢᠶᠠᠷ ᠢᠶᠠᠨ ᠮᠥᠩᠬᠡ ᠶᠢᠨ ᠬᠥᠰᠢᠶ᠎ᠡ ᠪᠣᠰᠬᠠᠵᠠᠢ᠃ ᠡᠨᠡ ᠭᠤᠷᠪᠠᠨ ᠷᠣᠮᠠᠨ ᠪᠣᠭᠤᠷᠣᠯ ᠭᠤᠷᠪᠠᠨ ᠪᠠᠭᠰᠢ ᠶᠢᠨ  ᠨᠠᠮᠳᠠᠷ ᠬᠥᠰᠢᠶ᠎ᠡ ᠲᠡᠳᠣᠢ ᠥᠭᠡᠢ᠂ ᠭᠤᠨᠳᠠᠨ ᠪᠠᠭᠤᠷᠠᠰᠢ ᠥᠭᠡᠢ ᠮᠣᠩᠭᠠᠣᠯ ᠤᠷᠳᠣ ᠶᠢᠨ ᠲᠠᠭᠤᠤ ᠶᠢᠨ ᠮᠠᠨᠢ ᠥᠨᠢ ᠮᠥᠩᠬᠡ ᠶᠢᠨ ᠭᠤᠷᠪᠠᠨ  ᠮᠠᠷᠠᠯ᠂ ᠡᠩᠬᠡ ᠶᠢᠨ ᠭᠤᠷᠪᠠᠨ ᠬᠥᠰᠢᠶ᠎ᠡ ᠲᠣᠷᠠᠰᠬᠠᠯ ᠪᠣᠯᠵᠣ ᠮᠥᠩᠬᠡᠷᠡᠵᠠᠢ᠃            ᠤᠷᠳᠣ ᠶᠢᠨ ᠲᠠᠭᠤᠤ ᠲᠠᠭᠤᠯᠠᠵᠣ ᠪᠣᠯᠬᠤ ᠥᠭᠡᠢ ᠪᠠᠶᠢᠭᠰᠠᠨ ᠥᠨᠣ ᠭᠡᠴᠡᠭᠦᠤ ᠴᠠᠭ ᠲᠤ ᡀᠠᠰᠥ᠋ᠷᠣᠩ ᠠᠬ᠎ᠠ ᠮᠢᠨᠢ ᠤᠷᠳᠣ ᠶᠢᠨ  ᠲᠠᠭᠤᠤ ᠶᠢᠨ ᠢᠶᠠᠨ ᠤᠶᠠᠩᠭᠠᠳᠣ ᠠᠶ᠎ᠠ ᠳᠠᠭᠠᠨ ︽ᠤᠮᠠᠷᠠᠳᠣ ᠬᠢᠯᠢ ᠶᠢᠨ ᠬᠠᠷᠠᠭᠤᠯ︾ ᠭᠡᠰᠡᠨ ᠥᠪᠡᠷ ᠢᠶᠠᠨ ᠥᠭᠡ ᠤᠷᠣᠭᠤᠯᠣᠨ ᠲᠠᠭᠤᠯᠠᠵᠣ  ᠤᠷᠳᠣ ᠶᠢᠨ ᠲᠠᠭᠤᠤ ᠪᠠᠨ ᠤᠯᠣᠰ ᠲᠥᠮᠡᠨ ᠤ ᠪᠠᠨ ᠴᠢᠬᠢᠨ ᠠᠴᠠ ᠰᠠᠯᠭᠠᠬᠤ ᠥᠭᠡᠢ ᠴᠢᠷᠮᠡᠶᠢᠵᠣ ᠪᠠᠶᠢᠯ᠎ᠠ ᠭᠡᠵᠣ ᠲᠥᠪ ᠷᠠᠳᠢᠣ᠋ ᠶᠢᠨ ᠨᠡᠷᠡᠳᠣ  ᠨᠡᠪᠳᠡᠷᠡᠭᠦᠯᠣᠭ᠍ᠴᠢ ᠤᠷᠠᠨᠴᠢᠮᠡᠭ ᠤᠨ ᠰᠣᠷᠪᠣᠯᠵᠢᠯᠠᠭ᠎ᠠ ᠶᠢ ᠬᠥᠯᠢᠶᠡᠬᠦ ᠳᠡᠭᠡᠨ ᠶᠠᠷᠢᠵᠣ ᠪᠠᠶᠢᠭᠰᠠᠨ ᠢ ᠪᠢ ᠲᠥᠪ ᠷᠠᠳᠢᠣ᠋ ᠠᠴᠠ ᠰᠣᠨᠣᠰᠴᠣ  ᠪᠠᠶᠢᠭᠰᠠᠨ ᠪᠢᠯᠡ᠃            1984 ᠣᠨ ᠤ ᠬᠠᠪᠣᠷ᠂ ᡀᠠᠰᠥ᠋ᠷᠣᠩ ᠠᠬ᠎ᠠ ᠪᠢᠳᠡ ᠬᠥᠬᠡᠬᠤᠳᠠ ᠠᠴᠠ ᠬᠡᠳᠣᠭᠦᠯᠡ᠂ ᠡᠯ᠎ᠡ ᠠᠶᠢᠮᠠᠭ ᠠᠴᠠ ᠲᠣᠰ ᠪᠥᠷᠢ ᠨᠢᠭᠡ  ᠨᠢᠭᠡ ᠬᠥᠮᠤᠨ᠂ ᠰᠢᠨᠵᠢᠶᠠᠩ ᠬᠥᠬᠡᠨᠡᠭᠤᠷ ᠠᠴᠠ ᠭᠤᠷᠪᠠᠨ ᠬᠥᠮᠣᠨ᠂ ᠮᠠᠨ ᠤ ᠬᠤᠷᠢᠭᠤᠯᠠ ᠥᠪᠣᠷ ᠮᠣᠩᠭᠤᠯ ᠤᠨ ᠶᠡᠭᠡ ᠰᠣᠷᠭᠠᠭᠤᠯᠢ ᠶᠢᠨ  ᠲᠥᠷᠪᠡᠳᠣᠭᠡᠷ ᠬᠤᠭᠤᠴᠠᠭᠠᠨ ᠤ ᠵᠣᠬᠢᠶᠠᠨ ᠪᠥᠳᠣᠭᠡᠬᠦ ᠰᠣᠳᠣᠯᠬᠤ ᠠᠩᠭᠢ ᠶᠢᠨ ᠰᠣᠷᠣᠭᠴᠢ ᠪᠣᠯᠪᠠ᠃ ᠡᠨᠡ ᠰᠣᠳᠣᠯᠬᠤ ᠠᠩᠭᠢ ᠶᠢ ᠰᠣᠶᠣᠯ  ᠤᠨ ᠬᠤᠪᠢᠰᠬᠠᠯ ᠠᠴᠠ ᠡᠮᠣᠨ᠎ᠡ ᠬᠤᠶᠠᠷ ᠬᠤᠭᠤᠴᠠᠭ᠎ᠠ ᠂ ᠬᠤᠶᠢᠨ᠎ᠠ ᠬᠤᠶᠠᠷ ᠬᠤᠭᠤᠴᠠᠭ᠎ᠠ ᠡᠷᠬᠢᠯᠡᠵᠣ ᠪᠠᠶᠢᠭ᠎ᠠ ᠶᠤᠮ ᠪᠠᠶᠢᠨ᠎ᠠ᠃ ᠠᠩᠬᠠᠨ ᠤ  ᠬᠤᠭᠤᠴᠠᠭᠠᠨ ᠳᠤ ᠨᠠ᠊ · ᠰᠠᠶᠢᠨᠴᠣᠭᠳᠣ᠂ ᠮᠠᠯᠴᠢᠨᠬᠦᠤ᠂ ᠪ᠊ · ᠪᠥᠷᠢᠨᠪᠠᠬᠢ᠂ ᠠ᠊ · ᠤᠳᠽᠡᠷ ᠨᠠᠷ᠂ ᠬᠤᠶᠠᠳᠣᠭᠠᠷ ᠬᠤᠭᠤᠴᠠᠭᠠᠨ  ᠳᠤ ᠵᠥᠴᠣᠭᠡ ᠶᠢᠨ ᠵᠣᠬᠢᠶᠠᠯᠴᠢ ᠴᠣᠭᠳᠣᠨᠠᠷᠠᠨ᠂ ᠶᠦᠨ ᠵᠣᠤ ᠭᠤᠸᠠᠩ᠂ ᠰᠡᠷᠡᠨᠳᠣᠷᠵᠢ ᠨᠠᠷ ᠂ ᠭᠤᠷᠪᠠᠳᠣᠭᠠᠷ ᠬᠤᠭᠤᠴᠠᠭᠠᠨ ᠳᠤ ᠮ᠊ ·  ᠠᠰᠠᠷ᠂ ᠨᠤᠯᠮᠠᠰᠡᠷᠡᠩ᠂ ᠮᠠᠨᠳᠣᠮᠣᠢ᠂ ᠭᠣ · ᠷᠢᠨᠴᠢᠨᠨᠠᠮᠵᠢᠯ ᠨᠠᠷ ᠪᠠᠶᠢᠯᠴᠠᠵᠣ ᠮᠠᠨ ᠤ ᠲᠥᠷᠪᠡᠳᠣᠭᠡᠷ ᠬᠤᠭᠤᠴᠠᠭ᠎ᠠ  ᠨᠢ ᠠᠷᠳᠠᠢ᠂  ᡀᠠᠰᠥ᠋ᠷᠣᠩ᠂ ᠬᠠᠳᠠᠴᠢ ᠭᠠᠩ᠂ ᠵᠠ᠊ · ᠪᠠᠳᠣᠨᠠᠰᠣᠨ᠂ ᠭᠠ᠊ · ᠰᠢᠷᠣᠪᠵᠠᠮᠰᠤ ᠨᠠᠷ ᠢᠶᠠᠷ ᠪᠥᠷᠢᠯᠳᠣᠵᠠᠢ᠃ ᠮᠠᠨ ᠤ ᡀᠠᠰᠥ᠋ᠷᠣᠩ ᠠᠬ᠎ᠠ  ᠠᠩᠭᠢ ᠶᠢᠨ ᠲᠠᠷᠤᠭ᠎ᠠ᠂ ᠬᠠᠳᠠᠴᠢ ᠭᠠᠩ ᠠᠩᠭᠢ ᠶᠢᠨ ᠨᠠᠮ ᠤᠨ ᠡᠭᠦᠷ ᠤᠨ ᠱᠥᠵᠢ ᠬᠤᠶᠠᠭᠤᠯᠠ ᠠᠩᠭᠢ ᠶᠢᠨ ᠡᠷᠬᠢᠯᠡᠭᠴᠢ ᠪ᠊ ·  ᠪᠥᠷᠢᠨᠪᠠᠬᠢ ᠪᠠᠭᠰᠢ ᠶᠢᠨ ᠵᠢᠯᠣᠭᠤᠳᠣᠯᠭ᠎ᠠ ᠲᠣᠤᠷ᠎ᠡ ᠮᠠᠨ ᠤ ᠠᠩᠭᠢ ᠪᠠᠨ ᠭᠤᠶᠣ ᠰᠠᠶᠢᠬᠠᠨ ᠠᠪᠴᠣ ᠶᠠᠪᠣᠭᠰᠠᠨ ᠶᠤᠮ᠃ ᠪᠢᠳᠡ ᠰᠣᠳᠣᠯᠬᠤ  ᠠᠩᠭᠢ ᠶᠢᠨ ᠬᠤᠶᠠᠷ ᠵᠢᠯ ᠤᠨ ᠰᠣᠷᠣᠯᠭ᠎ᠠ ᠪᠠᠨ ᠠᠮᠵᠢᠯᠳᠠ ᠲᠠᠢ ᠲᠥᠭᠦᠷᠡᠭᠡᠵᠣ ᠲᠣᠰ ᠲᠣᠰ ᠤᠨ ᠠᠵᠢᠯ ᠤᠨ ᠪᠠᠶᠢᠷᠠᠢ ᠳᠠᠭᠠᠨ ᠬᠠᠷᠢᠵᠠᠭᠠᠵᠣ᠂  ᠠᠶᠢᠮᠠᠭ ᠠᠶᠢᠮᠠᠭ ᠤᠨ ᠢᠶᠠᠨ ᠤᠳᠬ᠎ᠠ ᠤᠷᠠᠯᠢᠭ ᠤᠨ ᠬᠤᠯᠪᠣᠭᠠᠨ  ᠳᠤ ᠡᠭᠦᠷᠭᠡ ᠲᠣᠰᠢᠶᠠᠯ ᠬᠠᠷᠢᠭᠤᠴᠠᠵᠣ ᠠᠮᠵᠢᠯᠳᠠ ᠲᠠᠢ ᠠᠵᠢᠯᠯᠠᠵᠠᠭᠠᠵᠣ᠂  ᠰᠡᠳᠭᠦᠯ ᠤᠳ ᠤᠨ ᠶᠡᠷᠣᠩᠬᠡᠢ ᠨᠠᠶᠢᠷᠠᠭᠤᠯᠣᠭᠴᠢ ᠶᠢᠨ ᠡᠭᠦᠷᠭᠡ ᠲᠣᠰᠢᠶᠠᠯ ᠳᠤ ᠰᠢᠭᠤᠷᠬᠠᠶᠢᠯᠠᠨ ᠰᠡᠳᠭᠦᠯᠴᠢ ᠶᠢᠨ ᠡᠭᠦᠷᠭᠡ ᠳᠡᠭᠡᠨ ᠥᠯᠵᠡᠢ  ᠮᠥᠷ ᠲᠠᠢ ᠶᠠᠪᠣᠵᠣ᠂ ᠥᠪᠡᠷ ᠥᠪᠡᠷᠰᠡᠳ ᠤᠨ ᠢᠶᠠᠨ ᠵᠤᠬᠢᠶᠠᠯ ᠪᠥᠳᠣᠭᠡᠯ ᠳᠤ ᠴᠣ᠋ ᠵᠣᠬᠢᠬᠤ ᠠᠮᠵᠢᠯᠳᠠ ᠲᠠᠢ ᠶᠠᠪᠣᠭ᠎ᠠ ᠶᠣᠮ᠃ ᠠᠷᠳᠠᠢ ᠶᠢᠨ  ᠢᠷᠠᠭᠤ ᠨᠠᠶᠢᠷᠠᠭ᠂ ᠪᠥᠷᠢᠨᠳᠡᠭᠦᠰ ᠤᠨ ᠷᠣᠮᠠᠨ᠂ ᠬᠠᠳᠠᠴᠢ ᠭᠠᠩ ᠤᠨ ᠤᠳᠬ᠎ᠠ ᠵᠤᠬᠢᠶᠠᠯ ᠤᠨ ᠤᠨᠣᠯ᠂ ᠰᠢᠭᠦᠮᠵᠢ᠂ ᠤᠷᠴᠢᠭᠤᠯᠤᠭ᠎ᠠ᠂  ᡀᠠᠰᠥ᠋ᠷᠣᠩ ᠤᠨ ᠪᠠᠷᠢᠮᠳᠠᠳᠣ ᠷᠣᠮᠠᠨ᠂ ᠭᠠ᠊ · ᠰᠢᠷᠤᠪᠵᠠᠮᠰᠤ ᠶᠢᠨ ᠲᠣᠭᠤᠵᠢᠰ ᠤᠨ ᠵᠣᠬᠢᠶᠠᠯ᠂ ᠰᠡᠴᠡᠨᠪᠢᠯᠢᠭ ᠤᠨ ᠨᠠᠶᠢᠷᠠᠭᠤᠯᠣᠯ᠂ ᠴ᠊  · ᠮᠥᠩᠬᠡᠰᠥ᠋ᠷᠣᠩ ᠤᠨ ᠰᠢᠯᠣᠭ᠌ ᠵᠡᠷᠭᠡ ᠨᠢ ᠥᠪᠣᠷ ᠮᠣᠩᠭᠤᠯ ᠤᠨ ᠤᠷᠠᠨ ᠵᠤᠬᠢᠶᠠᠯ ᠤᠨ ᠨᠢᠭᠡᠨ ᠥᠶ᠎ᠡ ᠶᠢᠨ ᠨᠢᠷᠣᠭᠤ ᠪᠣᠯᠵᠣ ᠪᠠᠶᠢᠯ᠎ᠠ ᠭᠡᠬᠦ  ᠳᠤ ᠠᠷᠠᠢ ᠴᠣ᠋ ᠬᠡᠲᠦᠷᠡᠬᠦ ᠥᠭᠡᠢ ᠰᠢᠭ ᠪᠤᠳᠣᠭᠳᠠᠬᠤ ᠶᠣᠮ᠃             1984 ᠣᠨ ᠤ ᠵᠤᠨ ᠤ ᠠᠮᠠᠷᠠᠯᠳᠠ ᠳᠤ ᡀᠠᠰᠥ᠋ᠷᠣᠩ ᠠᠬ᠎ᠠ ᠮᠠᠨ ᠤ ᠰᠢᠯᠢ ᠶᠢᠨ ᠭᠤᠤᠯ ᠳᠤ ᠢᠷᠡᠵᠣ᠂ ᠮᠠᠨ ᠤ ᠳᠤ ᠢᠷᠡᠵᠣ᠂  ᠨᠠᠮᠠᠢᠢ ᠲᠠᠭᠠᠭᠤᠯᠵᠣ᠂ ᠲᠣᠬᠠᠢ ᠶᠢᠨ ᠦᠶ᠎ᠡ ᠶᠢᠨ ᠤᠣᠯ ᠤᠨ ᠰᠢᠯᠢᠩᠬᠤᠳᠠ ᠶᠢᠨ ᠲᠠᠪᠰᠢᠯᠳᠠ ᠰᠣᠮᠣᠨ ᠳᠤ ᡀᠠᠵᠠᠪ ᠪᠠᠭᠰᠢ ᠶᠢᠨ ᠳᠤ ᠬᠥᠷᠴᠣ  ᠨᠢᠭᠡ ᠭᠠᠷᠠᠭ ᠰᠠᠭᠤᠨ ᠬᠡᠭᠡᠷ᠎ᠡ ᠶᠢᠨ ᠪᠠᠶᠢᠴᠠᠭᠠᠯᠳᠠ᠂ ᠲᠣᠰᠬᠠᠢ ᠰᠣᠷᠪᠣᠯᠵᠢᠯᠠᠭ᠎ᠠ ᠬᠢᠵᠣ ︽ᠠᠷᠠᠳ ᠤᠨ ᠠᠯᠳᠠᠷᠳᠣ ᠲᠠᠭᠤᠴᠢᠨ ᡀᠠᠵᠠᠪ︾  ᠷᠣᠮᠠᠨ ᠤ ᠪᠠᠨ ᠭᠥᠨ ᠭᠥᠨᠵᠡᠭᠡᠢ᠂ ᠥᠷᠭᠡᠨ ᠲᠡᠯᠭᠡᠷ᠂ ᠨᠠᠷᠢᠨ ᠨᠢᠭᠳᠠ᠂ ᠪᠣᠳᠠᠳᠣ ᠮᠠᠲ᠋ᠧᠷᠢᠶᠠᠯ ᠢ ᠪᠥᠷᠢᠯᠳᠣᠭᠦᠯᠣᠭ᠍ᠰᠡᠨ ᠶᠣᠮ᠃ ᠡᠳᠣᠷ ᠨᠢ  ᡀᠠᠵᠠᠪ ᠪᠠᠭᠰᠢ ᠰᠢᠷ᠎ᠠ ᠠᠶᠢᠷᠠᠭ ᠢᠶᠠᠨ ᠠᠪᠴᠣ ᠤᠨᠠᠭᠰᠠᠨ ᠰᠢᠷᠣᠢ ᠲᠡᠭᠡᠭᠦᠷ  ᠢᠶᠠᠨ ᠴᠢᠮᠪᠠᠶᠢᠬᠠᠨ ᠠᠯᠬᠤᠯᠠᠵᠣ᠂ ᠬᠠᠶᠠ ᠵᠠᠪᠢᠯᠠᠵᠣ ᠰᠠᠭᠤᠭᠠᠳ  ᠰᠢᠷ᠎ᠠ ᠠᠶᠢᠷᠠᠭ ᠢᠶᠠᠨ ᠰᠢᠮᠡᠨ ᠰᠢᠮᠡᠨ᠂ ᠰᠢᠷ᠎ᠠ ᠲᠠᠯ᠎ᠠ᠂ ᠲᠣᠭᠤᠭ᠎ᠠ ᠠᠭᠤᠯᠠ᠂ ᠬᠢᠳᠤᠭ᠎ᠠ ᠠᠭᠤᠯᠠ  ᠪᠠᠨ ᠬᠠᠷᠠᠨ ᠬᠠᠷᠠᠨ ᠪᠠᠭ᠎ᠠ ᠵᠠᠯᠠᠭᠤ ᠢᠳᠡᠷ  ᠨᠠᠰᠣᠨ ᠤ ᠥᠯᠢᠭᠡᠷ ᠲᠣᠷᠠᠰᠣᠯ ᠢᠶᠠᠨ ᠲᠡᠯᠭᠡᠨ᠎ᠡ᠃ ᠤᠷᠣᠢ ᠨᠢ ᠤᠷᠳᠣ ᠶᠢᠨ ᠲᠠᠭᠤᠤ᠂ ᠤᠶᠠᠩᠭ᠎ᠠ ᠨᠠᠶᠢᠷᠠᠭ᠂ ᠲᠣᠷᠠᠳᠬᠠᠯ ᠲᠠᠭᠤᠤ ᠬᠥᠭᠵᠢᠮ  ᡀᠠᠵᠠᠪ ᠪᠠᠭᠰᠢ ᠶᠢᠨ ᠬᠡᠤᠬᠡᠨ ᠭᠡᠷᠡᠯ᠎ᠡ᠂ ᠬᠥᠷᠭᠡᠨ ᠡᠷᠳᠡᠨᠢᠪᠢᠯᠢᠭ ᠤᠨ ᠬᠠᠶᠠᠭ᠎ᠠ ᠶᠢ ᠲᠡᠯᠡᠵᠣ᠂ ᠲᠠᠪᠰᠢᠯᠳᠣ ᠰᠣᠮᠣᠨ ᠤ ᠬᠤᠩᠬᠤᠷ ᠲᠠᠯᠠᠢ ᠶᠡᠭᠡ  ᠨᠠᠶᠢᠷ ᠲᠤ ᠰᠠᠭᠠᠳᠠᠭᠰᠠᠨ ᠰᠢᠭ᠋ ᠪᠠᠶᠢᠪᠠ᠃ ᠲᠡᠷᠡ ᠨᠢᠭᠡ ᠭᠠᠷᠠᠭ ᠪᠣᠯ ᠪᠠᠭᠰᠢ ᡀᠠᠵᠠᠪ ᠱᠠᠪᠢ ᡀᠠᠰᠥ᠋ᠷᠣᠩ ᠬᠤᠶᠠᠷ ᠤᠨ ᠪᠠᠶᠠᠷ  ᠴᠠᠯᠬᠢᠯᠠᠭᠰᠠᠨ ᠨᠢᠭᠡ ᠭᠠᠷᠠᠭ᠂ ᠪᠠᠶᠢᠳᠠᠭ ᠢᠶᠠᠨ ᠲᠡᠯᠭᠡᠭᠰᠡᠨ ᠨᠢᠭᠡ ᠭᠠᠷᠠᠭ᠂ ᠷᠣᠮᠠᠨ ᠤ ᠬᠢᠨᠢ ᠨᠣᠤᠷᠠᠭ ᠤᠨ ᠨᠢᠭᠡ ᠭᠠᠷᠠᠭ᠂ ᠨᠣᠳᠤᠭ ᠤᠰᠣᠨ  ᠤ ᠬᠢᠨᠢ ᠬᠡᠶᠢᠮᠣᠷᠢ ᠶᠢᠨ ᠨᠢᠭᠡ ᠭᠠᠷᠠᠭ ᠪᠠᠶᠢᠯ᠎ᠠ᠃            1985 ᠣᠨ ᠤ ᠵᠣᠨ ᠮᠠᠨ ᠤ ᠰᠢᠯᠢ ᠶᠢᠨ ᠭᠤᠤᠯ ᠳᠤ ᠨᠠᠯᠠᠭᠠᠷ ᠰᠠᠶᠢᠬᠠᠨ ᠣᠶᠠᠩᠭᠠᠯᠢᠭ ᠰᠠᠭᠠᠳᠠᠪᠠ᠃ ᠨᠠᠳᠠ ᠳᠤ ᠴᠣ᠋ ᠬᠠᠨᠠᠭᠠᠷ  ᠰᠠᠶᠢᠬᠠᠨ ᠵᠣᠯ ᠵᠠᠶᠠᠭᠠᠪᠠ᠃ 7 ᠳ᠋ᠣᠭᠠᠷ ᠰᠠᠷ᠎ᠠ ᠶᠢᠨ ᠠᠷᠪᠠᠨ ᠬᠡᠳᠣᠨ ᠢᠶᠠᠷ ᠪᠢ ᠰᠢᠯᠢ ᠶᠢᠨ ᠭᠤᠤᠯ ᠳᠤ ᠠᠮᠢᠳᠣᠷᠠᠯ ᠳᠤ ᠭᠥᠨᠵᠡᠭᠡᠶᠢᠷᠡᠬᠦ ᠮᠠᠨ  ᠤ ᠠᠩᠭᠢ ᠶᠢᠨ ᡀᠠᠰᠥ᠋ᠷᠣᠩ᠂ ᠬᠠᠳᠠᠴᠢ ᠭᠠᠩ᠂ ᠨᠠᠷᠠᠩᠭᠤᠸ᠎ᠠ᠂ ᠪᠠ᠊ · ᠬᠠᠰᠮᠥ᠋ᠷᠡᠨ᠂ ᠰᠡᠴᠡᠨᠪᠢᠯᠢᠭ ᠢᠶᠠᠨ ᠲᠣᠰᠴᠣ ᠭᠡᠷ ᠤᠨ ᠲᠠᠶᠢᠯᠠᠯᠭ᠎ᠠ  ᠪᠠᠷ ᠤᠭᠳᠣᠪᠠ᠃ ᠲᠡᠷᠡ ᠦᠶ᠎ᠡ ᠳᠤ ᠪᠢ ᠴᠢᠨᠢ ᠡᠩ  ᠤᠨ ᠨᠢᠭᠡ ᠲᠥᠷᠪᠡᠨ ᠥᠨᠴᠣᠭ᠌ ᠢ ᠨᠢ ᠲᠤᠭᠤᠰᠬᠠᠬᠯᠠᠬᠰᠠᠨ ᠰᠢᠪᠠᠷ ᠪᠠᠶᠢᠰᠢᠩ ᠭᠡᠷ ᠲᠤ  ᠶᠠᠳᠠᠬᠤ ᠳᠤ ᠬᠥᠯᠳᠡᠭᠡᠭᠦᠷ ᠴᠣ᠋ ᠪᠠᠶᠢᠭ᠎ᠠ ᠥᠭᠡᠢ ᠯᠡ ᠪᠠᠶᠢᠵᠣ ᠳ᠋ᠠ᠃ ᠲᠥᠷᠣᠭᠦᠤ ᠡᠳᠣᠷ ᠨᠢ ᠬᠥᠳᠡᠭᠡ ᠠᠴᠠ ᠬᠤᠨᠢ ᠠᠪᠴᠢᠷᠠᠵᠣ  ᠲᠥᠬᠦᠭᠡᠷᠡᠭᠡᠳ ᠬᠥᠷᠢᠶᠡᠨ ᠤ ᠵᠣᠭᠤᠷᠢᠨ ᠳᠠᠭᠠᠨ ᠬᠢᠵᠣ ᠲᠠᠯᠪᠢᠭᠰᠠᠨ ᠢᠶᠠᠨ ᠭᠠᠷᠭᠠᠵᠣ ᠴᠢᠨᠠᠭᠠᠳ ᠬᠥᠳᠡᠭᠡ ᠮᠠᠶ᠋ᠢᠭ ᠢᠶᠠᠷ ᠢᠶᠠᠨ ᠢᠳᠡᠭᠡᠨ ᠤ  ᠪᠠᠨ ᠲᠡᠭᠡᠵᠢ ᠠᠷᠢᠬᠢ ᠪᠠᠨ ᠠᠶᠣᠰᠢ ᠴᠠᠭᠠᠨ ᠬᠠᠳᠠᠭ ᠲᠡᠭᠡᠷ᠎ᠡ ᠪᠠᠨ ᠡᠷᠭᠦᠵᠤ ᠢᠷᠡᠭᠰᠡᠨ ᠭᠡᠶᠢᠴᠢᠳ ᠲᠡᠭᠡᠨ ᠪᠠᠷᠢᠵᠣ ᠨᠠᠶᠢᠷ  ᠢᠶᠠᠨ ᠡᠬᠢᠯᠡᠭᠦᠯᠪᠡ᠃  ᠲᠠᠷᠬᠠᠨ ᠲᠠᠭᠤᠴᠢᠨ ᡀᠠᠵᠠᠪ ᠭᠤᠸᠠᠢ ᠨᠠᠶᠢᠷ ᠤᠨ ᠮᠢᠨᠢ ᠭᠤᠤᠯ ᠡᠵᠡᠨ᠂ ᠭᠠᠤᠯᠢᠨ ᠪᠣᠷᠬᠠᠨ ᠪᠠᠶᠢᠪᠠ᠃ ︽ᠵᠢᠭᠠᠬᠨ ᠰᠢᠷᠭ᠎ᠠ︾᠂ ︽  ᠵᠢᠷᠤᠭ᠎ᠠ ᠶᠢᠨ ᠵᠢᠷᠤᠭ᠎ᠠ︾᠂ ︽ᠪᠠᠭ᠎ᠠ ᠶᠢᠨ ᠨᠠᠰᠣ︾᠂ ︽ᠬᠤᠯᠠ ᠶᠢᠨ ᠲᠡᠷᠭᠡᠯ ᠬᠥᠳᠡᠭᠡ︾ ᠵᠡᠷᠭᠡ ᠲᠠᠭᠤᠤ ᠶᠢᠨ ᠤᠶᠠᠩᠭᠠᠨ  ᠰᠢᠷᠣᠩᠬᠠᠶᠢᠯᠠᠯ ᠳᠤ ᠬᠥᠭᠡᠷᠤᠬᠦᠢ ᠮᠢᠨᠢ ᠮᠠᠭᠤ ᠪᠣᠭᠤᠨᠢ ᠥᠷᠭᠦᠭᠡ ᠮᠢᠨᠢ ᠴᠣᠬᠤᠮ ᠬᠤᠯᠠ ᠶᠢᠨ ᠲᠡᠷᠭᠡᠯ ᠬᠥᠳᠡᠭᠡ ᠯᠡ ᠪᠠᠶᠢᠯ᠎ᠠ᠃ ᠱᠥᠵᠢ᠂  ᠲᠠᠷᠤᠭ᠎ᠠ ᠬᠤᠶᠠᠭᠤᠯᠠ ᠪᠠᠨ᠂ ︽ᠬᠤᠶᠠᠷ ᠴᠡᠷᠢᠭ︾ ᠬᠤᠶᠠᠭᠤᠯᠠ ᠪᠠᠨ᠂ ︽ᠬᠤᠶᠠᠷ ᠴᠡᠴᠡᠭ︾ ᠤᠨ ᠨᠢᠭᠡ ᠨᠢ᠂ ᠬᠤᠩᠭᠤᠷ ᠬᠠᠰᠮᠥ᠋ᠷᠡᠨ  ᠮᠢᠨᠢ ᠭᠡᠷ ᠢ ᠮᠢᠨᠢ ᠭᠡᠶᠢᠭᠦᠯᠵᠣ᠂ ᠨᠡᠷ᠎ᠡ ᠶᠢ ᠮᠢᠨᠢ ᠨᠢᠯᠴᠢᠬᠢᠨᠡᠭᠦᠯᠣᠯ᠎ᠡ᠃ ᠲᠠᠷᠬᠠᠨ ᠲᠠᠭᠤᠴᠢᠨ ᡀᠠᠵᠠᠪ ᠭᠤᠸᠠᠢ᠂ ᠠᠯᠳᠠᠷᠳᠣ ᠲᠠᠭᠤᠴᠢᠨ  ᡀᠠᠰᠥ᠋ᠷᠣᠩ ᠪᠠᠭᠰᠢ ᠱᠠᠪᠢ ᠬᠤᠶᠠᠭᠤᠯᠠ ᠶᠢᠨ ᠲᠠᠭᠤᠤ ᠶᠢᠨ ᠲᠣᠮᠳᠠ ᠮᠠᠨ ᠤ ᠬᠠᠳᠠᠴᠢ ᠭᠠᠩ᠂ ᠬᠠᠰᠮᠥ᠋ᠷᠡᠨ᠂ ᠰᠡᠴᠡᠨᠪᠢᠯᠢᠭ ᠨᠠᠷ ᠴᠣ᠋ ︽  ᠠᠭᠢᠳᠣ ᠲᠣᠯᠣᠭᠠᠢ︾᠂ ︽ᠴᠡᠷᠢᠭ ᠡᠷ᠎ᠡ ᠶᠢᠨ ᠲᠠᠭᠤᠤ︾᠂ ︽ᠴᠡᠷᠢᠭ ᠠᠮᠢᠳᠣᠷᠠᠯ ᠰᠠᠶᠢᠬᠠᠨ︾ ᠵᠡᠷᠭᠡ ᠲᠠᠭᠤᠤ ᠰᠢᠯᠣᠭ᠌  ᠢᠶᠠᠨ ᠴᠣ᠋ ᠡᠷ᠎ᠡ  ᠬᠤᠩᠭᠤᠷ ᠬᠤᠭᠤᠯᠠᠢ ᠪᠠᠷ ᠢᠶᠠᠨ ᠣᠶᠠᠩᠭᠠᠯᠠᠯ᠎ᠠ᠃ ᠵᠥᠴᠤᠭᠡᠴᠢᠨ᠂ ᠺᠢᠨᠤ᠋ ᠲᠣᠭᠯᠠᠭᠴᠢ᠂ ᠪᠥᠵᠢᠭᠴᠢᠨ ᠨᠠᠷᠠᠩᠭᠤᠸ᠎ᠠ ᠡᠭᠡᠴᠢ ᠵᠢᠭᠠᠬᠠᠨ ᠭᠡᠷ ᠲᠤ  ᠮᠢᠨᠢ ᠤᠷ᠎ᠠ ᠡᠷᠳᠡᠮ ᠢᠶᠠᠨ ᠭᠠᠷᠭᠠᠬᠤ ᠤᠷᠣᠨ ᠵᠠᠢ ᠪᠠᠶᠢᠭᠰᠠᠨ ᠥᠭᠡᠢ ᠨᠢ ᠬᠠᠷᠠᠮᠰᠠᠯᠳᠠᠢ᠃ ᠠᠷᠢᠬᠢ ᠮᠢᠬ᠎ᠠ ᠶᠢᠨ ᠲᠠᠶᠢᠯᠠᠯᠭ᠎ᠠ ᠨᠠᠶᠢᠷ ᠭᠡᠬᠦ ᠪᠠᠷ  ᠤᠷᠳᠣ ᠶᠢᠨ ᠲᠠᠭᠤᠤ ᠤᠶᠠᠩᠭ᠎ᠠ ᠰᠢᠯᠣᠭ᠌ ᠤᠨ ᠲᠠᠶᠢᠯᠠᠯᠭ᠎ᠠ ᠨᠠᠶᠢᠷ ᠪᠣᠯᠣᠭᠰᠠᠨ ᠪᠠᠶᠢᠯ᠎ᠠ᠃ ᠮᠢᠨᠣ ᠵᠢᠭᠠᠬᠠᠨ ᠪᠣᠷᠣ ᠥᠷᠭᠦᠭᠡ ᠠᠷᠠᠳ ᠤᠨ  ᠲᠠᠭᠤᠤ ᠪᠠᠷ ᠴᠠᠯᠬᠢᠯᠠᠵᠣ᠂ ᠠᠬ᠎ᠠ ᠲᠡᠭᠦᠣᠨᠠᠷ ᠤᠨ ᠬᠠᠶᠢᠷ᠎ᠠ ᠪᠠᠷ ᠬᠠᠯᠭᠢᠯᠠᠭᠰᠠᠨ᠂ ᠨᠠᠳᠠᠳᠣ ᠳᠠᠭᠠᠨ ᠪᠣᠯ ᠸᠢᠶᠧᠨᠠ ᠶᠢᠨ ᠲᠠᠭᠤᠤ ᠬᠥᠭᠵᠢᠮ ᠤᠨ  ᠠᠯᠳᠠᠨ ᠤᠷᠳᠣᠨ ᠠᠴᠠ ᠲᠡᠮᠡᠢ ᠲᠣᠳᠠᠬᠤ ᠥᠭᠡᠢ ᠰᠢᠭ ᠰᠠᠨᠠᠭᠳᠠᠵᠣ ᠪᠠᠶᠢᠭᠰᠠᠨ ᠳ᠋ᠠ᠃ ᠲᠡᠷᠡ ᠬᠤᠪᠣᠷᠬᠠᠨ ᠴᠠᠭ ᠬᠤᠪᠢᠳᠠᠢ ᠮᠥᠴᠡ ᠮᠠᠨᠢ  ᠤᠳᠣ ᠠᠴᠠ ᠨᠢᠭᠡᠨᠳᠡ ᠭᠤᠴᠢᠨ ᠨᠠᠢᠮᠠᠨ ᠵᠢᠯ ᠤᠨ ᠡᠮᠣᠨᠡᠬᠢ ᠲᠣᠷᠠᠰᠣᠯ ᠲᠣᠷᠠᠳᠬᠠᠯ ᠪᠣᠯᠵᠠᠢ᠃ ᠬᠥᠭᠡᠷᠤᠬᠦᠢ ᡀᠠᠵᠠᠪ ᠪᠠᠭᠰᠢ ᠮᠢᠨᠢ᠂  ᠬᠥᠭᠡᠷᠤᠬᠦᠢ ᠬᠠᠰᠮᠥ᠋ᠷᠡᠨ ᠮᠢᠨᠢ ᠪᠣᠷᠬᠠᠨ ᠪᠣᠯᠣᠭᠠᠳ ᠬᠡᠴᠢᠨᠡᠨ ᠵᠢᠯ ᠪᠣᠯᠵᠣ᠂᠂ ᠬᠥᠭᠡᠷᠤᠬᠦᠢ ᠨᠠᠷᠠᠩᠭᠤᠸ᠎ᠠ ᠡᠭᠡᠴᠢ ᠮᠢᠨᠢ ᠨᠢᠳᠣᠨᠣᠨ ᠵᠢᠯ᠂  ᠬᠥᠭᠡᠷᠤᠬᠦᠢ ᡀᠠᠰᠥ᠋ᠷᠣᠩ ᠠᠬ᠎ᠠ ᠮᠢᠨᠢ ᠴᠠᠭᠠᠳᠣᠬᠠᠨ ᠡᠳᠣᠷ ᠪᠣᠷᠬᠠᠨ ᠤ ᠤᠷᠣᠨ ᠳᠠᠭᠠᠨ ᠶᠠᠪᠣᠴᠢᠬᠠᠯ᠎ᠠ᠃             ᠬᠤᠷᠸ᠎ᠠ ᠶᠠᠮᠠᠷ ᠬᠠᠳᠠᠭᠤ ᠪᠣᠢ᠂ ᠬᠥᠮᠣᠨ ᠶᠠᠮᠠᠷ ᠬᠥᠭᠡᠷᠣᠬᠦᠢ ᠪᠣᠢ︕            ᠲᠠᠶᠠᠭᠠᠷ ᠨᠡᠶᠢᠭᠡᠮ ᠢᠶᠠᠷ ᠢᠶᠠᠨ ᡀᠠᠰᠥ᠋ᠷᠣᠩ ᠠᠬ᠎ᠠ ᠲᠠᠨ ᠢ ᠪᠠᠨ ᠡᠮᠬᠡᠨᠢᠨ ᠭᠠᠰᠢᠭᠤᠳᠠᠵᠠᠭᠠᠵᠣ ᠪᠠᠶᠢᠨ᠎ᠠ᠃            ᠪᠣᠷᠬᠠᠨ ᠤ ᠤᠷᠣᠨ ᠳᠠᠭᠠᠨ ᠰᠠᠶᠢᠨ ᠶᠠᠪᠣᠭᠠᠷᠠᠢ ᡀᠠᠰᠥ᠋ᠷᠣᠩ ᠠᠬ᠎ᠠ ᠮᠢᠨᠢ︕            ᠪᠣᠴᠠᠭᠠᠳ ᠲᠠᠬᠢᠨ ᠮᠣᠩᠭᠤᠯ ᠳᠠᠭᠠᠨ ᠯᠡ ᠢᠷᠡᠭᠡᠷᠡᠢ︕            ᠬᠤᠷᠣᠢ︕ ᠬᠤᠷᠣᠢ︕ ᠬᠤᠷᠣᠢ︕            ᠬᠤᠷᠮᠣᠰᠳᠠ ᠲᠡᠭᠷᠢ ᠳᠡᠭᠡᠨ ᠠᠮᠣᠷᠯᠢᠩᠭᠤᠢ ᠨᠣᠶᠢᠷᠰᠣᠭᠠᠷᠠᠢ ᡀᠠᠰᠥ᠋ᠷᠣᠩ ᠠᠬ᠎ᠠ ᠮᠢᠨᠢ︕             ᠲᠠᠷᠴᠢᠳ ᠡᠯᠬᠡᠩᠭᠡ ᠴᠢᠨᠢ ᠲᠠᠨ ᠳᠠᠭᠠᠨ ᠨᠠᠮᠠᠨᠴᠢᠯᠠᠨ ᠮᠥᠷᠭᠦᠵᠣ ᠪᠠᠶᠢᠨ᠎ᠠ︕                                               2023 ᠣᠨ ᠤ 1 ᠳ᠋ᠦ᠋ᠭᠡᠷ ᠰᠠᠷ᠎ᠠ ᠶᠢᠨ 8 ᠤ ᠡᠳᠣᠷ                                                       ᠪᠣᠣᠷ᠎ᠠ ᠬᠡᠭᠡᠷ᠎ᠡ ᠳᠤ        ᠲᠠᠷᠴᠢᠳ ᠡᠯᠬᠡᠩᠭᠡ᠂ ᠲᠥᠷᠥ ᠶᠢᠨ ᠲᠡᠷᠢᠭᠦᠨ ᠪᠠᠶᠢᠷᠢ ᠶᠢᠨ ᠵᠣᠬᠢᠶᠠᠯᠴᠢ᠂ ᠰᠡᠳᠬᠦᠯᠴᠢ᠂ ᠳᠤᠮᠳᠠᠳᠤ ᠤᠯᠤᠰ ᠤᠨ ᠵᠣᠬᠢᠶᠠᠯᠴᠢᠳ ᠤᠨ  ᠡᠪᠯᠡᠯ ᠤᠨ ᠭᠡᠰᠢᠭᠦᠨ᠂ ᠥᠪᠥᠷ ᠮᠣᠩᠭᠤᠯ ᠤᠨ ᠵᠣᠬᠢᠶᠠᠯᠴᠢᠳ ᠤᠨ ᠡᠪᠯᠡᠯ ᠤᠨ ᠭᠡᠰᠢᠭᠦᠨ᠂ ᠳᠤᠮᠳᠠᠳᠤ ᠤᠯᠤᠰ ᠤᠨ᠂ ᠮᠣᠩᠭᠤᠯ ᠰᠡᠳᠬᠦᠯ ᠤᠨ  ︽ᠭᠠᠪᠢᠶᠠᠲᠤ ᠨᠠᠶᠢᠷᠠᠭᠤᠯᠤᠭᠴᠢ︾᠂ ᠰᠢᠯᠢ ᠶᠢᠨ ᠭᠤᠣᠯ ᠠᠶᠢᠮᠠᠭ ᠤᠨ ᠤᠳᠬ᠎ᠠ ᠤᠷᠠᠯᠢᠭ ᠤᠨ ᠬᠢᠨ ᠤ ᠬᠤᠯᠪᠣᠭᠠᠨ ᠤ ᠳᠡᠳ᠋ ᠲᠡᠷᠢᠭᠦᠯᠡᠭᠴᠢ᠂  ᠪᠠᠶᠢᠴᠠᠭᠠᠨ ᠰᠤᠳᠤᠯᠤᠭᠴᠢ ︵ᠵᠢᠩᠬᠢᠨᠢ ᠭᠠᠵᠠᠷ ᠤᠨ ᠳᠡᠰ︶ ︽ᠰᠢᠯᠢ ᠶᠢᠨ ᠭᠤᠣᠯ︾ ᠰᠡᠳᠬᠦᠯ ᠤᠨ ᠶᠡᠷᠦᠩᠬᠡᠢ ᠨᠠᠶᠢᠷᠠᠭᠤᠯᠤᠭᠴᠢ᠂  ᠳᠤᠮᠳᠠᠳᠤ ᠤᠯᠤᠰ ᠤᠨ ᠮᠣᠩᠭᠤᠯ ᠰᠡᠳᠬᠦᠯ ᠰᠤᠳᠤᠯᠬᠤ ᠬᠤᠷᠠᠯ ᠤᠨ ᠳᠡᠳ᠋ ᠳᠠᠷᠤᠭ᠎ᠠ᠃ ᠬᠤᠱᠣᠢ ︽ᠰᠣᠯᠣᠩᠭ᠎ᠠ︾ ᠱᠠᠩᠨᠠᠯᠲᠤ ᠤᠷᠠᠨ  ᠪᠦᠲᠦᠭᠡᠯᠴᠢ᠃      
2023-01-12-43e69b27c1-6a78-4869-80dd-0f5ee2dd2803.jpg
2023-01-12-408c19cc24-d548-4de6-b78c-47de58aee593.jpg
2023-01-12-392881529d-54cf-481f-9078-b37815a97f74.jpg
  
ᠢᠷᠡᠯᠲᠡ᠄ ᠬᠤᠳᠠ ᠶᠢᠨ ᠬᠠᠮ ᠵᠠᠭᠤᠴᠢᠯᠠᠭᠤᠷ ᠤᠨ ᠲᠥᠪ