ᠰᠠᠪᠬ᠎ᠠ ᠪᠠᠨ ᠤᠬᠢᠶᠠᠭᠠᠳ ᠦᠵᠤᠬᠦᠷ ᠢ ᠨᠢ ᠳᠡᠭᠡᠭᠰᠢ ᠨᠢ ᠬᠠᠷᠠᠭᠤᠯᠵᠤ ᠲᠠᠯᠪᠢᠬᠤ ᠤᠤ ᠳᠣᠷᠣᠭᠰᠢ ᠨᠢ ᠬᠠᠷᠠᠭᠤᠯᠵᠤ ᠲᠠᠯᠪᠢᠬᠤ ᠤᠤ︖
ᠨᠡᠶᠢᠲᠡᠯᠡᠭᠰᠡᠨ ᠴᠠᠭ᠄
2023/10/25
    ᠰᠠᠪᠬ᠎ᠠ ᠪᠠᠨ ᠤᠬᠢᠶᠠᠭᠠᠳ ᠦᠵᠤᠬᠦᠷ ᠢ ᠨᠢ ᠳᠡᠭᠡᠭᠰᠢ ᠨᠢ ᠬᠠᠷᠠᠭᠤᠯᠵᠤ ᠲᠠᠯᠪᠢᠬᠤ ᠶᠤᠮ ᠤᠤ ᠳᠣᠷᠣᠭᠰᠢ ᠨᠢ ᠬᠠᠷᠠᠭᠤᠯᠵᠤ ᠲᠠᠯᠪᠢᠬᠤ ᠶᠤᠮ ᠤᠤ︖ ᠭᠡᠳᠡᠭ ᠢ ᠤᠯᠠᠩᠬᠢ ᠬᠦᠮᠦᠨ ᠬᠠᠷᠢᠨ ᠲᠠᠭ ᠮᠡᠳᠡᠳᠡᠭ ᠦᠭᠡᠢ᠃ ᠰᠠᠪᠬ᠎ᠠ ᠶᠢ ᠪᠢᠳᠠ ᠡᠳᠤᠷ ᠲᠤᠳᠤᠮ ᠤᠨ ᠠᠮᠢᠳᠤᠷᠠᠯ ᠲᠤᠮᠳᠠ ᠦᠷᠬᠦᠯᠵᠢ ᠭᠡᠷᠡᠭᠯᠡᠳᠡᠭ᠃ ᠤᠰᠤ ᠪᠠᠷ ᠰᠠᠪᠬᠠᠨ ᠳᠡᠭᠡᠷᠡᠬᠢ ᠣᠯᠠᠩᠬᠢ ᠪᠠᠺᠲ᠋ᠧᠷᠢ ᠶᠢ ᠨᠢ‌ᠤᠬᠢᠶᠠᠵᠤ ᠴᠡᠪᠡᠷᠯᠡᠴᠢᠭᠡᠳᠡᠭ ᠪᠤᠯᠪᠠᠴᠤ ᠮᠦᠨ ᠦᠯᠡᠳᠡᠪᠤᠷᠢ ᠪᠠᠺᠲ᠋ᠧᠷᠢ ᠲᠠᠢ ᠪᠠᠶᠢᠳᠠᠭ᠃    ᠡᠶᠢᠮᠦ ᠤᠴᠢᠷ ᠠᠴᠠ ᠰᠠᠪᠬ᠎ᠠ ᠪᠠᠨ ᠶᠠᠭᠠᠬᠢᠵᠤ ᠲᠠᠯᠪᠢᠬᠤ ᠲᠤᠬᠠᠢ ᠣᠨᠴᠠᠭᠠᠶᠢᠯᠠᠨ ᠠᠩᠬᠠᠷᠬᠤ  ᠬᠡᠷᠡᠭᠲᠡᠶ᠃ ᠵᠠᠷᠢᠮ ᠬᠥᠮᠦᠨ ᠦᠵᠤᠬᠦᠷ ᠢ ᠨᠢ ᠳᠡᠭᠡᠭᠰᠢ ᠨᠢ ᠬᠠᠷᠠᠭᠤᠯᠪᠠᠯ ᠨᠡᠩ ᠴᠡᠪᠡᠷ ᠭᠡᠬᠦ ᠳᠤ᠂ ᠵᠠᠷᠢᠮ ᠨᠢ ᠦᠵᠤᠬᠦᠷ ᠢ ᠨᠢ ᠲᠤᠷᠤᠬᠰᠢ ᠨᠢ ᠬᠠᠷᠠᠭᠤᠯᠪᠠᠯ ᠨᠡᠩ ᠴᠡᠪᠡᠷ ᠭᠡᠵᠦ ᠦᠵᠡᠳᠡᠭ᠃ ᠲᠡᠭᠡᠪᠡᠯ ᠴᠤᠬᠤᠮ ᠶᠠᠭᠠᠬᠢᠵᠤ ᠲᠠᠯᠪᠢᠪᠠᠯ ᠴᠡᠪᠡᠷ ᠪᠤᠢ︖ ᠲᠠᠯᠪᠢᠬᠤ ᠳᠠᠭᠠᠨ ᠶᠠᠭᠤ ᠶᠢ ᠠᠩᠬᠠᠷᠪᠠᠯ ᠵᠤᠬᠢᠬᠤ ᠪᠣᠶ︖    ᠦᠨᠡᠨ ᠳᠡᠭᠡᠨ ᠰᠠᠪᠬ᠎ᠠ ᠪᠠᠨ ᠤᠬᠢᠶᠠᠭᠠᠳ ᠦᠵᠤᠬᠦᠷ ᠢ ᠨᠢ ᠳᠣᠷᠣᠭᠰᠢ ᠨᠢ ᠬᠠᠷᠠᠭᠤᠯᠵᠤ ᠲᠠᠯᠪᠢᠬᠤ ᠨᠢ ᠶᠡᠭᠡ  ᠪᠤᠵᠠᠷ ᠶᠤᠮ᠃  ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠰᠠᠪᠬᠠᠨ ᠤ ᠬᠤᠨᠭ᠍ᠬᠢᠶ᠎ᠠ ᠳᠤ ᠦᠵᠤᠬᠦᠷ ᠢ ᠨᠢ ᠲᠤᠷᠤᠬᠰᠢ ᠨᠢ ᠬᠠᠷᠠᠭᠤᠯᠵᠤ ᠲᠠᠯᠪᠢᠬᠰᠠᠨ ᠲᠣᠬᠢᠶᠠᠯᠳᠣᠯ ᠳᠤ ᠪᠠᠺᠲ᠋ᠧᠷᠢ ᠶᠢᠨ ᠪᠥᠭᠡᠮᠨᠡᠷᠡᠯ ᠤᠨ ᠶᠡᠷᠦᠩᠬᠡᠶ ᠲᠤᠭ᠎ᠠ ᠪᠠ ᠪᠦᠳᠦᠭᠦᠨ ᠭᠡᠳᠡᠰᠦᠨ ᠤ ᠪᠠᠺᠲ᠋ᠧᠷᠢ ᠶᠢᠨ ᠪᠦᠭᠡᠮᠨᠡᠷᠡᠯ ᠤᠨ ᠲᠤᠭ᠎ᠠ ᠬᠡᠮᠵᠢᠭᠳᠡᠯ ᠨᠢ ᠴᠥᠮ ᠮᠠᠰᠢ ᠥᠨᠳᠥᠷ ᠪᠠᠶᠢᠨ᠎ᠠ᠃ ᠲᠡᠶᠢᠮᠦ ᠠᠴᠠ ᠰᠠᠪᠬ᠎ᠠ ᠪᠠᠨ ᠵᠠᠪᠠᠯ ᠳᠡᠭᠡᠭᠰᠢ ᠨᠢ ᠬᠠᠷᠠᠭᠤᠯᠵᠤ ᠲᠠᠯᠪᠢᠬᠤ ᠭᠡᠷᠡᠭᠳᠠᠢ᠃ ᠡᠭᠦᠨ ᠠᠴᠠ ᠭᠠᠳᠠᠨ᠎ᠠ ᠤᠳᠠᠭᠠᠨ ᠡᠳᠤᠷ ᠬᠡᠷᠡᠭᠯᠡᠭᠰᠡᠨ  ᠦᠭᠡᠢ  ᠰᠠᠪᠬ᠎ᠠ ᠪᠠᠨ‌‍ᠪᠤᠴᠠᠯᠤᠭᠰᠠᠨ ᠤᠰᠤᠨ ᠳᠤ ᠳᠡᠪᠲᠦᠭᠡᠪᠠᠯ ᠰᠠᠪᠬᠠᠨ ᠳᠡᠭᠡᠷᠡᠬᠢ ᠪᠠᠺᠲ᠋ᠧᠷᠢ ᠶᠢ ᠨᠢ ᠠᠯᠠᠬᠤ ᠳᠤ ᠲᠤᠰᠠᠳᠠᠢ ᠶᠤᠮ᠃    ᠵᠠᠷᠢᠮ ᠠᠶᠢᠯ ᠠᠷᠢᠭᠤᠨ ᠴᠡᠪᠡᠷ ᠢ ᠶᠡᠭᠡ ᠠᠩᠬᠠᠷᠳᠠᠭ ᠪᠤᠯᠬᠤᠷ ᠭᠡᠷ ᠲᠡᠭᠡᠨ ᠦᠪᠡᠷ ᠦᠪᠡᠷ ᠤᠨ ᠢᠶᠠᠨ ᠰᠠᠪᠬ᠎ᠠ ᠶᠢ ᠬᠡᠷᠡᠭᠯᠡᠳᠡᠭ᠃ ᠭᠡᠪᠡᠴᠦ ᠰᠠᠪᠬ᠎ᠠ ᠶᠢ ᠤᠳᠠᠭᠠᠨ ᠬᠡᠷᠡᠭᠯᠡᠪᠠᠯ ᠦᠡᠭᠭᠡ ᠨᠢ ᠤᠨᠠᠵᠤ ᠴᠠᠪᠠ ᠭᠠᠷᠬᠤ ᠨᠢ ᠲᠠᠮᠵᠢᠭ ᠦᠭᠡᠢ ᠪᠣᠯᠬᠤᠷ ᠪᠦᠷᠢᠮᠦᠰᠦᠨ ᠴᠡᠪᠡᠷ ᠤᠬᠢᠶᠠᠵᠤ ᠲᠠᠶᠢᠯᠬᠦ ᠦᠭᠡᠢ ᠪᠤᠯᠵᠤ᠂ ᠬᠤᠲᠣᠭᠤᠷ ᠬᠦᠳᠤᠬᠦᠷ ᠎ ᠲᠤᠨᠢ ᠪᠠᠺᠲ᠋ᠧᠷᠢ ᠨᠢᠭᠤᠬᠳᠠᠨ᠂ ᠮᠤᠷᠦ᠋ᠢᠬᠤ ᠭᠠᠵᠢᠬᠤ ᠪᠠᠷ ᠪᠠᠷᠠᠬᠤ ᠦᠭᠡᠢ ᠸᠠᠯᠠᠬᠰᠠᠨ ᠲᠣᠯᠪᠤ ᠰᠠᠭᠤᠵᠤ ᠦᠮᠡᠭᠡᠢ ᠦᠨᠦᠷ ᠭᠠᠷᠳᠠᠭ᠃ ᠲᠠᠶᠢᠮᠤ ᠠᠴᠠ ᠪᠠᠺᠲ᠋ᠧᠷᠢ ᠶᠢᠨ ᠬᠦᠯᠡᠮᠵᠢ ᠪᠤᠯᠤᠬᠰᠠᠨ ᠡᠳᠡᠭᠡᠷ ᠰᠠᠪᠬ᠎ᠠ ᠶᠢ ᠬᠠᠶᠢᠷᠠᠯᠠᠯ ᠦᠭᠡᠢ ᠰᠢᠭᠤᠳ ᠬᠠᠶᠠᠭᠠᠳ᠂ ᠵᠤᠬᠢᠬᠤ ᠬᠤᠭᠤᠴᠠᠭᠠᠨ ᠳᠤ ᠰᠢᠨ᠎ᠠ ᠰᠠᠪᠬ᠎ᠠ ᠰᠤᠯᠢᠵᠤ ᠪᠠᠶᠢᠭᠠᠷᠠᠢ᠃
ᠢᠷᠡᠯᠲᠡ᠄ ᠣᠷᠳᠣᠰ ᠤᠨ ᠡᠳᠦᠷ ᠤᠨ ᠰᠤᠨᠢᠨ