ᠰᠢᠭᠢᠷ ᠡᠪᠡᠰᠤᠨ ᠤ ᠦᠢᠯᠡᠰ ᠠᠴᠠ ᠰᠤᠨᠤᠯᠵᠠᠭᠰᠠᠨ ᠪᠠᠶᠠᠵᠢᠯ ᠤᠨ ᠵᠠᠮ
ᠨᠡᠶᠢᠲᠡᠯᠡᠭᠰᠡᠨ ᠴᠠᠭ᠄
2023/11/1
     ᠥᠷᠭᠡᠨ ᠠᠭᠤᠳᠠᠮ ᠬᠥᠪᠴᠢ ᠶᠢᠨ ᠡᠯᠡᠰᠦᠨ ᠴᠦᠯ ᠤᠨ ᠬᠥᠪᠡᠭᠡ ᠪᠠᠷ ︽ᠠᠮᠲᠠᠲᠤ ᠤᠷᠭᠤᠮᠠᠯ ᠢ ᠲᠠᠷᠢᠵᠦ᠂ ᠶᠠᠳᠠᠭᠤ ᠦᠨᠳᠤᠰᠤ ᠶᠢ ᠠᠷᠢᠯᠭᠠᠨ᠎ᠠ︾ ᠭᠡᠰᠡᠨ ᠶᠠᠷᠢᠶ᠎ᠠ ᠤᠯᠠᠮᠵᠢᠯᠠᠭᠳᠠᠵᠤ ᠪᠠᠶᠢᠳᠠᠭ᠃ ᠡᠨᠡ ᠬᠦ ︽ᠠᠮᠲᠠᠲᠤ ᠤᠷᠭᠤᠮᠠᠯ︾ ᠨᠢ ᠳᠠᠷᠤᠶ ᠬᠥᠪᠴᠢ ᠶᠢᠨ ᠡᠯᠡᠰᠦᠨ ᠴᠥᠯ ᠳᠤ ᠤᠷᠭᠤᠵᠦ ᠪᠠᠶᠢᠭ᠎ᠠ ᠰᠢᠬᠢᠷ ᠡᠪᠡᠰᠦ ᠶᠢ ᠵᠢᠭᠠᠵᠦ ᠪᠠᠶᠢᠭ᠎ᠠ ᠶᠤᠮ᠃ ᠣᠳᠣᠬᠠᠨ ᠳᠤ ᠵᠢᠷᠭᠠᠯᠠᠩᠳᠤ ᠪᠠᠯᠭᠠᠰᠤᠨ ᠤ ᠵᠢᠶᠠᠨ ᠬᠦᠶ ᠲᠣᠰᠬᠤᠨ ᠤ ᠲᠦᠮᠡᠨ ᠮᠥ ᠰᠢᠬᠢᠷ ᠡᠪᠡᠰᠤ ᠬᠤᠷᠢᠶᠠᠯᠳᠠ ᠶᠢᠨ ᠬᠤᠭᠤᠴᠠᠭᠠᠨ ᠳᠠᠭᠠᠨ ᠤᠷᠤᠵᠦ᠂ ᠲᠠᠷᠢᠶᠠᠴᠢᠳ ᠤᠨᠠᠭᠰᠠᠨ ᠮᠠᠯᠠᠭᠠᠢ ᠪᠠᠨ ᠠᠪᠬᠤ ᠵᠠᠪ ᠦᠭᠡᠢ ᠶᠠᠭᠠᠷᠠᠯᠳᠤᠵᠠᠭᠠᠨ᠎ᠠ᠃     ᠵᠢᠷᠭᠠᠯᠠᠩᠳᠤ ᠪᠠᠯᠭᠠᠰᠤᠨ ᠤ ᠵᠢᠶᠠᠨ ᠬᠦᠢ ᠲᠣᠰᠬᠤᠨ ᠳᠤ ᠬᠦᠷᠬᠦ ᠳᠤ᠂ ᠰᠢᠬᠢᠷ ᠡᠪᠡᠰᠦᠨ ᠤ ᠠᠩᠭᠢᠯᠦᠮ᠎ᠠ ᠦᠨᠦᠷ ᠰᠡᠳᠭᠢᠯ ᠢ ᠠᠷᠢᠭᠤᠰᠬᠠᠨ᠎ᠠ᠃ ᠲᠤᠮᠤ ᠬᠡᠯᠪᠡᠷᠢ ᠶᠢᠨ ᠮᠠᠰᠢᠨ ᠮᠧᠬᠠᠨᠢᠭ ᠨᠠᠭᠠᠰᠢ ᠴᠠᠭᠠᠰᠢ ᠰᠦᠯᠵᠢᠯᠳᠦᠵᠦ᠂ ᠠᠵᠢᠯᠴᠢᠳ ᠴᠤᠭᠯᠠᠭᠤᠯᠬᠤ᠂ ᠲᠦᠷᠦᠯ ᠬᠤᠪᠢᠶᠠᠬᠤ᠂ ᠣᠪᠣᠭᠠᠯᠠᠬᠤ ᠠᠵᠢᠯ ᠳᠤ ᠶᠠᠭᠠᠷᠠᠯᠳᠤᠵᠤ ᠪᠠᠶᠢᠯ᠎ᠠ᠃ ᠵᠠᠩ ᠴᠢᠶᠠᠨ ᠵᠢᠩ ᠪᠣᠯ ᠲᠣᠰᠬᠤᠨ ᠤ ᠰᠢᠬᠢᠷ ᠡᠪᠡᠰᠦᠨ ᠤ ᠳᠠᠷᠢᠮᠠᠯ ᠤᠨ ᠲᠤᠮᠤ ᠡᠷᠦᠬᠡ ᠪᠣᠯᠤᠨ᠎ᠠ᠂ ᠲᠦᠷᠦᠭᠦᠦ ᠬᠤᠶᠠᠷ ᠵᠢᠯ ᠳᠤ᠂ ᠲᠡᠷᠡ ᠲᠤᠰ ᠲᠤᠰᠬᠤᠨ ᠳᠤ 1200 ᠭᠠᠷᠤᠢ ᠮᠦ ᠰᠢᠬᠢᠷ ᠡᠪᠡᠰᠦ ᠳᠠᠷᠢᠵᠠᠢ᠃ ᠵᠠᠩ ᠴᠢᠶᠠᠨ ᠵᠢᠩ᠄ ︽ᠪᠢ 2 ᠵᠢᠯ ᠬᠠᠭᠠᠰ ᠤᠨ ᠬᠤᠭᠤᠴᠠᠭᠠᠨ ᠳᠤ ᠨᠡᠶᠢᠳᠡ 1200 ᠭᠠᠷᠤᠶ ᠮᠥ ᠰᠢᠭᠢᠷ ᠡᠪᠡᠰᠤ ᠳᠠᠷᠢᠵᠠᠶ᠂ ᠰᠢᠭᠢᠷ ᠡᠪᠡᠰᠤ ᠪᠠᠨ ᠭᠤᠷᠪᠠᠨ ᠵᠢᠯ ᠳᠤ ᠨᠢᠭᠡ ᠮᠠᠯᠲᠠᠭᠰᠠᠨ ᠤ ᠳᠠᠷᠠᠭ᠎ᠠ ᠦᠯᠡᠳᠡᠭᠰᠡᠨ ᠨᠠᠷᠢᠨ ᠰᠢᠷᠭᠡᠭ ᠢ ᠨᠢ ᠳᠠᠬᠢᠨ ᠭᠠᠵᠠᠷ ᠲᠤ ᠪᠤᠯᠠᠪᠠᠯ ᠭᠤᠷᠪᠠᠨ ᠵᠢᠯ ᠤᠨ ᠳᠠᠷᠠᠭ᠎ᠠ ᠬᠡᠭᠡᠷ᠎ᠡ ᠶᠢᠨ ᠰᠢᠬᠢᠷ ᠡᠪᠡᠰᠦ ᠪᠣᠯᠴᠢᠬᠠᠨ᠎ᠠ︾ ᠭᠡᠬᠦ ᠶᠣᠮ᠃     ᠰᠢᠬᠢᠷ ᠡᠪᠡᠰᠦ ᠪᠣᠯ ᠬᠢᠲᠠᠳ ᠡᠮ ᠡᠮᠨᠡᠯᠭᠡ ᠶᠢᠨ ᠦᠷᠭᠦᠯᠵᠢ ᠬᠡᠷᠡᠭᠯᠡᠳᠡᠭ ᠡᠮ ᠤᠨ ᠮᠠᠲ᠋ᠧᠷᠢᠶᠠᠯ ᠮᠥᠨ᠂ ᠮᠦᠨ ᠴᠤ ᠨᠢᠭᠡ ᠵᠦᠢᠯ ᠤᠨ ᠡᠯᠡᠰᠦᠨ ᠳᠤ ᠤᠷᠭᠤᠳᠠᠭ ᠬᠤᠵᠢᠷ ᠢ ᠡᠰᠡᠷᠭᠦᠴᠡᠬᠦ ᠴᠢᠨᠠᠷ ᠢᠶᠠᠷ ᠴᠢᠩᠭ᠎ᠠ ᠲᠠᠷᠢᠮᠠᠯ ᠪᠤᠯᠤᠨ᠎ᠠ᠃ ᠡᠨᠡ ᠨᠢ ᠵᠢᠶᠠᠨ ᠭᠦᠢ ᠲᠣᠰᠬᠤᠨ ᠤ ᠲᠠᠷᠢᠵᠦ ᠤᠷᠭᠤᠭᠤᠯᠬᠤ ᠳᠤ ᠳᠣᠭᠢᠷᠠᠬᠤ ᠥᠬᠡᠶ ᠭᠠᠵᠠᠷ ᠰᠢᠷᠤᠢ ᠶᠢ ᠰᠢᠬᠢᠷ ᠡᠪᠡᠰᠦ ᠳᠠᠷᠢᠬᠤ ᠥᠩ ᠰᠢᠮᠡᠯᠢᠭ ᠬᠥᠷᠥᠰᠥ ᠪᠣᠯᠭᠠᠵᠤ᠂ ᠪᠠᠰᠠ ᠴᠤ ᠪᠤᠰᠤᠳ ᠭᠠᠵᠠᠷ ᠠᠴᠠ ᠨᠡᠩ ᠴᠢᠨᠠᠷ ᠰᠠᠶᠢᠲᠠᠢ ᠰᠢᠭᠢᠷ ᠡᠪᠡᠰᠤ ᠶᠢ ᠤᠷᠭᠤᠭᠤᠯᠵᠦ ᠴᠢᠳᠠᠵᠠᠢ᠃ ᠵᠠᠩ ᠴᠢᠶᠠᠨ ᠵᠢᠩ᠄ ︽ᠡᠨᠡ ᠬᠤᠶᠠᠷ ᠡᠳᠦᠷ ᠰᠢᠭᠢᠷ ᠡᠪᠡᠰᠤ ᠶᠢᠨ ᠦᠨ᠎ᠡ ᠬᠠᠩᠰᠢ ᠨᠡᠯᠢᠶᠡᠳ ᠰᠠᠶᠢᠨ᠂ ᠵᠠᠬ᠎ᠠ ᠳᠡᠯᠭᠡᠭᠦᠷ ᠤᠨ ᠬᠡᠷᠡᠭᠴᠡᠭᠡ ᠪᠠᠰᠠ ᠮᠠᠰᠢ ᠶᠡᠭᠡ ᠪᠠᠶᠢᠨ᠎ᠠ᠂ ᠡᠨᠡ ᠵᠢᠯ ᠤᠨ 1000 ᠭᠠᠷᠤᠶ ᠮᠥ ᠰᠢᠬᠢᠷ ᠡᠪᠡᠰᠦᠨ ᠤ ᠴᠡᠪᠡᠷ ᠠᠰᠢᠭ ᠬᠤᠨᠵᠢᠪᠣᠷᠢ 300 ᠲᠦᠮᠡᠨ ᠲᠥᠭᠦᠷᠢᠭ ᠠᠴᠠ 500 ᠲᠦᠮᠡᠨ ᠲᠥᠭᠦᠷᠢᠭ ᠣᠷᠴᠢᠮ ᠬᠦᠷᠦᠨ᠎ᠠ︾ ᠭᠡᠵᠦ ᠪᠠᠶᠠᠷᠯᠠᠨ ᠶᠠᠷᠢᠵᠦ ᠪᠠᠶᠢᠯ᠎ᠠ᠃     ᠨᠥᠭᠦᠭᠡ ᠲᠠᠯ᠎ᠠ ᠪᠠᠷ ᠰᠢᠬᠢᠷ ᠡᠪᠡᠰᠦᠨ ᠤ ᠦᠨᠳᠦᠰᠦ ᠶᠢᠨ ᠰᠢᠰᠲ᠋ᠧᠮ ᠨᠢ ᠬᠥᠭᠵᠢᠵᠦ᠂ ᠬᠥᠷᠥᠰᠥᠨ ᠳᠤ ᠭᠦᠨ ᠬᠠᠳᠬᠤᠳᠠᠭ ᠪᠣᠯᠬᠤᠷ ᠵᠣᠬᠢᠬᠤ ᠬᠡᠮᠵᠢᠶᠡᠨ ᠤ ᠬᠥᠷᠥᠰᠥ ᠰᠢᠷᠣᠶ ᠶᠢᠨ ᠢᠳᠡᠭᠳᠡᠯ ᠢ ᠰᠡᠷᠭᠡᠶᠢᠯᠡᠨ᠂ ᠬᠥᠷᠥᠰᠥᠨ ᠤ ᠴᠢᠨᠠᠷ ᠢ ᠪᠦᠲᠦᠮᠵᠢᠲᠡᠶ ᠰᠠᠶᠢᠵᠢᠷᠠᠭᠤᠯᠵᠤ ᠴᠢᠳᠠᠳᠠᠭ᠃ ᠤᠤᠯ ᠤᠨ ᠲᠤᠰᠬᠤᠨ ᠤ ᠵᠥᠪᠯᠡᠯ ᠤᠨ ᠡᠷᠬᠢᠯᠡᠭᠴᠢ ᠵᠠᠩ ᠪᠦᠦ ᠸᠧᠨ ᠡᠨᠡ ᠤᠴᠢᠷ ᠤᠨ ᠲᠤᠬᠠᠢ ᠬᠠᠮᠤᠭ ᠠᠴᠠ ᠢᠯᠡᠭᠦᠦ ᠦᠭᠡ ᠬᠡᠯᠡᠬᠦ ᠡᠷᠬᠡ ᠲᠠᠢ ᠪᠠᠶᠢᠪᠠ᠃ ᠲᠡᠷᠡ᠄ ︽ᠤᠳᠤ ᠲᠠᠷᠢᠶ᠎ᠠ ᠲᠠᠷᠢᠬᠤ ᠳᠤ ᠰᠦᠯᠢᠶᠣᠣ ᠪᠦᠷᠬᠦᠪᠴᠢ᠂ ᠲᠠᠷᠢᠶᠠᠨ ᠡᠮ᠂ ᠬᠢᠮᠢ ᠶᠢᠨ ᠪᠤᠷᠳᠤᠭᠤᠷ ᠬᠡᠷᠡᠭᠯᠡᠬᠦ ᠶᠢ ᠰᠠᠨᠠᠭᠠᠴᠢᠯᠠᠬᠤ ᠦᠭᠡᠢ ᠪᠠᠶᠢᠨ᠎ᠠ᠃ ᠰᠢᠬᠢᠷ ᠡᠪᠡᠰᠦ ᠲᠠᠷᠢᠬᠤ ᠳᠤ ᠡᠨᠡ ᠭᠤᠷᠪᠠᠨ ᠵᠦᠢᠯ ᠤᠨ ᠶᠠᠭᠤᠮ᠎ᠠ ᠶᠢ ᠬᠡᠷᠡᠭᠯᠡᠬᠦ ᠦᠭᠡᠢ ᠪᠠᠶᠢᠵᠤ ᠪᠦᠷ ᠪᠣᠯᠤᠨ᠎ᠠ᠂ ᠡᠶᠢᠮᠦ ᠠᠴᠠ ᠬᠥᠷᠥᠰᠥ ᠰᠢᠷᠣᠶ ᠶᠢᠨ ᠴᠢᠨᠠᠷ ᠨᠢ ᠵᠢᠯ ᠠᠴᠠ ᠵᠢᠯ ᠰᠠᠶᠢᠵᠢᠷᠠᠬᠤ ᠶᠢᠨ ᠬᠠᠮᠳᠤ ᠪᠣᠬᠢᠷᠲᠤᠯ ᠦᠭᠡᠢ ᠪᠠᠶᠢᠳᠠᠭ ᠪᠣᠯᠬᠤᠷ᠂ ᠰᠢᠬᠢᠷ ᠡᠪᠡᠰᠦ ᠶᠢ ᠬᠤᠷᠢᠶᠠᠪᠠᠯ ᠲᠠᠷᠠᠭ᠎ᠠ ᠵᠢᠯ ᠨᠢ ᠡᠷᠳᠡᠨᠢ ᠰᠢᠰᠢ᠂ ᠨᠡᠷᠡᠨ ᠬᠤᠸᠠᠷ ᠲᠠᠷᠢᠵᠤ ᠪᠣᠯᠬᠤ ᠪᠥᠭᠡᠳ ᠤᠷᠭᠤᠴᠠ ᠶᠢᠨ ᠪᠠᠶᠢᠳᠠᠯ ᠨᠢ ᠴᠦ ᠪᠤᠰᠤᠳ ᠭᠠᠵᠠᠷ ᠤᠨ ᠬᠢ ᠠᠴᠠ ᠰᠠᠶᠢᠨ ᠪᠠᠶᠢᠳᠠᠭ︾ ᠭᠡᠵᠦ ᠶᠠᠷᠢᠨ᠎ᠠ᠃    ᠡᠨᠡ ᠵᠢᠯ ᠵᠢᠶᠠᠨ ᠭᠦᠢ ᠲᠣᠰᠬᠤᠨ ᠤ ᠰᠢᠬᠢᠷ ᠡᠪᠡᠰᠦ ᠳᠠᠷᠢᠬᠤ ᠡᠷᠦᠬᠡ 270 ᠭᠠᠷᠤᠶ ᠪᠣᠯᠵᠣ᠂ ᠳᠠᠷᠢᠮᠠᠯ ᠤᠨ ᠲᠠᠯᠠᠪᠠᠶ ᠨᠢ 1.2 ᠲᠦᠮᠡᠨ ᠮᠤ᠋ ᠳᠤ ᠬᠦᠷᠴᠡᠶ᠃ ᠡᠭᠦᠨ ᠤ ᠬᠠᠮᠲᠤ ᠪᠡᠭᠡᠵᠢᠩ ᠤᠨ ᠬᠢᠲᠠᠳ ᠡᠮ ᠡᠮᠨᠡᠯᠭᠡ ᠶᠢᠨ ᠶᠡᠭᠡ ᠰᠤᠷᠭᠠᠭᠤᠯᠢ ᠶᠢᠨ ᠬᠢᠨ ᠢ ᠣᠷᠣᠭᠤᠯᠤᠨ ᠠᠪᠴᠢᠷᠠᠵᠤ ᠰᠢᠬᠢᠷ ᠡᠪᠡᠰᠦᠨ ᠤ ᠲᠤᠷᠰᠢᠯᠲᠠ ᠶᠢᠨ ᠲᠠᠷᠢᠶ᠎ᠠ ᠶᠢ ᠪᠠᠯᠠ ᠣᠷᠣᠭᠤᠯᠤᠨ ᠪᠥᠲᠥᠭᠡᠨ ᠪᠠᠶᠢᠭᠤᠯᠤᠭᠰᠠᠨ ᠤ ᠬᠠᠮᠳᠤ ᠪᠠᠰᠠ ᠵᠢᠶᠠᠨ ᠬᠦᠶ ᠲᠣᠰᠬᠤᠨ ᠤ ᠰᠢᠬᠢᠷ ᠡᠪᠡᠰᠦ ᠳᠠᠷᠢᠬᠤ ᠳᠤ ᠰᠦᠢᠳᠭᠡᠯ ᠬᠤᠷᠢᠶᠠᠬᠤ ᠥᠬᠡᠶ ᠵᠥᠪᠯᠡᠭᠴᠢ ᠪᠠ ᠮᠡᠷᠭᠡᠵᠢᠯ ᠤᠨ ᠵᠢᠯᠣᠭᠤᠳᠣᠯᠭ᠎ᠠ ᠶᠢᠨ ᠦᠢᠯᠡᠴᠢᠯᠡᠭᠡ ᠬᠠᠩᠭᠠᠭᠰᠠᠨ ᠪᠠᠶᠢᠨ᠎ᠠ᠃ ᠳᠠᠷᠠᠭᠠᠴᠢ ᠶᠢᠨ ᠠᠯᠬᠤᠮ ᠳᠤ᠂ ᠵᠢᠶᠠᠨ ᠬᠦᠢ ᠲᠣᠰᠬᠤᠨ ᠤ ᠬᠢᠨ ᠪᠠᠰᠠ ᠰᠢᠬᠢᠷ ᠡᠪᠡᠰᠦᠨ ᠤ ᠠᠩᠬ᠎ᠠ ᠪᠣᠯᠪᠠᠰᠤᠷᠠᠭᠤᠯᠬᠤ ᠦᠢᠯᠡᠳᠪᠦᠷᠢ ᠪᠣᠯᠤᠨ 500 ᠮᠦ ᠶᠢᠨ ᠰᠢᠬᠢᠷ ᠡᠪᠡᠰᠦᠨ ᠤ ᠴᠢᠬᠢ ᠪᠤᠶᠢᠵᠢᠭᠤᠯᠬᠤ ᠰᠠᠭᠤᠷᠢᠨ ᠭᠠᠵᠠᠷ ᠢ ᠪᠠᠶᠢᠭᠤᠯᠵᠤ᠂ ᠰᠢᠬᠢᠷ ᠡᠪᠡᠰᠦ ᠲᠠᠷᠢᠬᠤ᠂ ᠡᠳ᠋ᠰᠢᠭᠦᠯᠬᠦ᠂ ᠪᠣᠷᠣᠯᠠᠭᠤᠯᠬᠤ ᠠᠴᠠ ᠰᠢᠨᠵᠢᠯᠡᠬᠦ ᠤᠬᠠᠭᠠᠨ ᠤ ᠰᠤᠳᠤᠯᠭᠠᠨ ᠬᠢᠬᠦ ᠪᠦᠬᠦ ᠠᠵᠤ ᠦᠢᠯᠡᠰ ᠤᠨ ᠬᠡᠯᠬᠢᠶ᠎ᠠ ᠶᠢ ᠪᠠᠶᠢᠭᠤᠯᠵᠤ᠂ ᠰᠢᠨ᠎ᠡ ᠠᠵᠤ ᠦᠢᠯᠡᠰ ᠤᠨ ᠬᠥᠭᠵᠢᠯᠲᠡ ᠶᠢᠨ ᠪᠠᠶᠢᠷᠢᠰᠢᠯ ᠢ ᠪᠦᠬᠦ ᠲᠠᠯ᠎ᠠ ᠪᠠᠷ ᠴᠤᠭᠴᠠᠯᠠᠨ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠬᠦᠴᠤᠨ ᠨᠡᠮᠡᠷᠢᠯᠡᠨ᠎ᠠ᠃
ᠢᠷᠡᠯᠲᠡ᠄ ᠤᠷᠳᠤᠰ ᠤᠨ ᠡᠳᠤᠷ ᠤᠨ ᠰᠤᠨᠢᠨ