ᠤᠶᠢᠷ᠎ᠠ ᠳᠤ᠂ 2023 ᠤᠨ ᠤ ᠪᠦᠬᠦ ᠤᠷᠤᠨ ᠤ ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ ᠬᠥᠭᠵᠢᠯᠲᠡ ᠶᠢᠨ ᠨᠡᠶᠢᠲᠡᠯᠢᠭ ᠦᠯᠢᠭᠡᠷ ᠳᠠᠭᠤᠷᠢᠶᠠᠯ | ᠤᠨ ᠲᠤᠰᠬᠤᠨ ᠤ ᠰᠢᠯᠭᠠᠷᠠᠭᠤᠯᠤᠯᠲᠠ ᠶᠢᠨ ᠦᠷ᠎ᠡ ᠳ᠋ᠦᠩ ᠢ ᠥᠪᠡᠷᠲᠡᠭᠡᠨ ᠵᠠᠰᠠᠬᠤ ᠤᠷᠤᠨ ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ | ᠤᠷᠤᠨ ᠤ ᠲᠢᠩᠬᠢᠮ ᠤᠨ ᠠᠯᠪᠠᠨ ᠰᠦᠯᠵᠢᠶ᠎ᠡ ᠳᠤ ᠨᠡᠶᠢᠲᠡᠯᠡᠪᠡ᠃ ︽ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ ᠶᠢᠨ ᠬᠥᠭᠵᠢᠯᠲᠡ ᠶᠢᠨ ᠨᠡᠶᠢᠲᠡᠯᠢᠭ | ᠦᠯᠢᠭᠡᠷ ᠳᠠᠭᠤᠷᠢᠶᠠᠯ ᠤᠨ ᠲᠤᠰᠬᠤᠨ ᠢ ᠲᠠᠨᠢᠯᠴᠠᠭᠤᠯᠬᠤ ᠲᠤᠬᠠᠢ ᠮᠡᠳᠡᠭᠳᠡᠯ︾ ᠤᠨ ᠪᠢᠴᠢᠭ ᠮᠠᠲ᠋ᠧᠷᠢᠶᠠᠯ ᠤᠨ ᠱᠠᠭᠠᠷᠳᠠᠯᠭ᠎ᠠ ᠶᠤᠰᠤᠭᠠᠷ᠂ ᠰᠠᠶᠢᠨ ᠳᠤᠷ᠎ᠠ ᠠᠴᠠ ᠪᠠᠨ | ᠭᠤᠶᠤᠴᠢᠯᠠᠨ ᠮᠡᠳᠡᠭᠦᠯᠬᠦ᠂ ᠱᠠᠲᠤ ᠳᠠᠷᠠᠭᠠᠯᠠᠨ ᠬᠢᠨᠠᠨ ᠬᠠᠷᠭᠤᠭᠤᠯᠬᠤ᠂ ᠥᠪᠡᠷᠲᠡᠭᠡᠨ ᠵᠠᠰᠠᠬᠤ ᠤᠷᠤᠨ ᠤ ᠲᠤᠰᠬᠠᠢ ᠮᠡᠷᠭᠡᠵᠢᠯᠲᠡᠨ ᠢᠶᠠᠷ ᠬᠢᠨᠠᠨ ᠲᠤᠭᠲᠠᠭᠠᠯᠭᠠᠭᠰᠠᠨ | ᠰᠠᠭᠤᠷᠢᠨ ᠳᠡᠭᠡᠷ᠎ᠡ᠂ ᠮᠠᠨ ᠤ ᠬᠤᠲᠠ ᠶᠢᠨ 7 ᠭᠠᠴᠠᠭ᠎ᠠ ᠲᠤᠰᠬᠤᠨ ᠢ 2023 ᠤᠨ ᠤ ᠪᠦᠬᠦ ᠤᠷᠤᠨ ᠤ ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ | ᠶᠢᠨ ᠬᠥᠭᠵᠢᠯᠲᠡ ᠶᠢᠨ ᠨᠡᠶᠢᠲᠡᠯᠢᠭ ᠦᠯᠢᠭᠡᠷ ᠳᠠᠭᠤᠷᠢᠶᠠᠯ ᠤᠨ ᠲᠤᠰᠬᠤᠨ ᠢᠶᠠᠷ ᠲᠤᠭᠲᠠᠭᠠᠵᠤ᠂ ᠰᠤᠩᠭᠤᠭᠳᠠᠭᠰᠠᠨ ᠲᠤᠭ᠎ᠠ ᠬᠡᠮᠵᠢᠶ᠎ᠡ ᠨᠢ ᠪᠦᠬᠦ ᠤᠷᠤᠨ ᠤ ᠡᠯ᠎ᠡ | ᠠᠶᠢᠮᠠᠭ ᠬᠤᠲᠠ ᠳᠤ ᠲᠡᠷᠢᠭᠦᠯᠡᠪᠡ᠃ | 7 ᠭᠠᠴᠠᠭ᠎ᠠ ᠲᠤᠰᠬᠤᠨ ᠪᠤᠯ ᠲᠤᠰ ᠲᠤᠰ ᠳᠠᠯᠠᠳ ᠬᠤᠰᠢᠭᠤᠨ ᠤ ᠪᠠᠢ ᠨᠢ ᠵᠢᠩ ᠪᠠᠯᠭᠠᠰᠤᠨ ᠤ ᠾᠸᠦ ᠵᠢᠶᠠ ᠶᠢᠩ ᠽᠢ ᠲᠤᠰᠬᠤᠨ᠂ ᠤᠲᠤᠭ ᠤᠨ ᠡᠮᠦᠨᠡᠲᠦ | ᠬᠤᠰᠢᠭᠤᠨ ᠤ ᠪᠤᠷᠤᠪᠠᠯᠭᠠᠰᠤ ᠪᠠᠯᠭᠠᠰᠤ ᠶᠢᠨ ᠮᠠ ᠬᠤᠸᠠᠩ ᠲᠤᠤ ᠲᠤᠰᠬᠤᠨ᠂ ᠦᠦᠰᠢᠨ ᠬᠤᠰᠢᠭᠤᠨ ᠤ ᠦᠦᠰᠢᠨᠵᠤᠤ ᠪᠠᠯᠭᠠᠰᠤ ᠶᠢᠨ ᠪᠠᠭᠠᠨᠠᠭᠤᠷ ᠲᠤᠰᠬᠤᠨ᠂ | ᠡᠵᠡᠨ ᠬᠤᠷᠤᠭ᠎ᠠ ᠬᠤᠰᠢᠭᠤᠨ ᠤ ᠬᠤᠨᠢᠴᠢᠠᠭᠤᠤᠯ ᠪᠠᠯᠭᠠᠰᠤ ᠶᠢᠨ ᠪᠠᠶᠠᠨᠪᠤᠯᠠᠭ ᠲᠤᠰᠬᠤᠨ᠂ ᠤᠲᠤᠭ ᠬᠤᠰᠢᠭᠤᠨ ᠤ ᠠᠷᠪᠠᠰ ᠰᠤᠮᠤᠨ ᠤ ᠪᠠᠶ᠋ᠬᠠᠤᠰᠤ ᠭᠠᠴᠠᠭ᠎ᠠ᠂ | ᠵᠡᠭᠦᠠᠭᠠᠷ ᠬᠤᠰᠢᠭᠤᠨ ᠤ ᠱᠢ ᠡᠯ ᠯᠢᠶᠠᠨ ᠴᠧᠩ ᠰᠢᠶᠠᠩ ᠤᠨ ᠰᠢᠩ ᠱᠧᠩ ᠳ᠋ᠢᠶᠠᠨ ᠲᠣᠰᠬᠤᠨ᠂ ᠳ᠋ᠦᠩᠱᠧᠩ ᠲᠤᠭᠤᠷᠢᠭ ᠤᠨ ᠪᠤᠷᠵᠠᠩ ᠨᠠᠭᠤᠷ ᠪᠠᠯᠭᠠᠰᠤ ᠶᠢᠨ ᠱᠧ | ᠵᠢᠶᠠ ᠯᠢᠶᠠᠩ ᠲᠤᠰᠬᠤᠨ ᠪᠤᠯᠤᠨ᠎ᠠ᠃ ᠳᠠᠷᠠᠭᠠᠴᠢ ᠶᠢᠨ ᠠᠯᠬᠤᠮ ᠳᠤ᠂ ᠬᠤᠲᠠ ᠶᠢᠨ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠤᠰᠬᠤᠨ ᠮᠠᠯᠵᠢᠬᠤ ᠤᠷᠤᠨ ᠤ | ᠲᠤᠪᠴᠢᠶ᠎ᠠ ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ ᠶᠢᠨ ᠬᠥᠭᠵᠢᠯᠲᠡ ᠶᠢᠨ ᠵᠢᠯᠥᠭᠤᠳᠤᠯᠭ᠎ᠠ ᠪᠠ ᠦᠢᠯᠡᠴᠢᠯᠡᠭᠡ ᠪᠠᠨ ᠦᠷᠭᠦᠯᠵᠢᠯᠡᠨ ᠴᠢᠩᠭᠠᠳᠬᠠᠵᠤ᠂ | ᠬᠢᠨᠠᠯᠲᠠ ᠬᠠᠮᠢᠶᠠᠷᠤᠯᠳᠠ ᠪᠠᠨ ᠴᠢᠩᠭᠠᠳᠬᠠᠨ᠂ ᠨᠡᠶᠢᠲᠡᠯᠢᠭ ᠲᠤᠷᠰᠢᠯᠭ᠎ᠠ ᠶᠢ ᠳᠡᠯᠭᠡᠷᠡᠭᠦᠯᠬᠦ ᠠᠵᠢᠯ ᠢ ᠰᠠᠶᠢᠲᠤᠷ ᠬᠢᠵᠤ᠂ ᠪᠦᠬᠦ ᠤᠷᠤᠨ ᠤ ᠭᠠᠴᠠᠭ᠎ᠠ ᠲᠤᠰᠬᠤᠨ ᠤ | ᠬᠠᠮᠲᠤ ᠶᠢᠨ ᠠᠵᠤ ᠠᠬᠤᠢ ᠶᠢᠨ ᠬᠥᠭᠵᠢᠯᠲᠡ ᠶᠢᠨ ᠨᠡᠶᠢᠲᠡᠯᠢᠭ ᠦᠯᠢᠭᠡᠷ ᠳᠠᠭᠤᠷᠢᠶᠠᠯ ᠤᠨ ᠲᠤᠰᠬᠤᠨ ᠤ ᠳᠠᠭᠤᠷᠢᠶᠠᠯ ᠦᠵᠡᠭᠦᠯᠦᠨ ᠳᠠᠶᠢᠴᠢᠯᠠᠬᠤ ᠦᠢᠯᠡᠳᠦᠯ ᠢ | ᠭᠦᠢᠴᠡᠳ ᠪᠠᠳᠠᠷᠠᠭᠤᠯᠤᠨ᠂ ᠬᠥᠳᠡᠭᠡ ᠲᠤᠰᠬᠤᠨ ᠢ ᠬᠥᠭᠵᠢᠭᠦᠯᠦᠨ ᠮᠠᠨᠳᠤᠭᠤᠯᠬᠤ ᠪᠠ ᠮᠠᠯᠴᠢᠨ ᠲᠠᠷᠢᠶᠠᠴᠢᠨ ᠤ ᠬᠠᠮᠲᠤ ᠪᠠᠷ ᠪᠠᠶᠠᠵᠢᠬᠤ ᠶᠢ ᠪᠦᠬᠦ ᠲᠠᠯ᠎ᠠ ᠪᠠᠷ | ᠠᠬᠢᠭᠤᠯᠬᠤ ᠳᠤ ᠭᠦᠴᠦᠨ ᠨᠡᠮᠡᠷᠢᠯᠡᠬᠦ ᠪᠠᠷ ᠴᠢᠷᠮᠠᠶᠢᠨ᠎ᠠ᠃ |