| | | ᠠᠭᠠᠷ ᠤᠨ ᠲᠤᠯᠠᠭᠠᠨ ᠳᠠᠰᠤᠷᠠᠯᠲᠠ ᠦᠭᠡᠢ ᠪᠠᠭᠤᠷᠠᠬᠤ ᠶᠢ ᠳᠠᠭᠠᠯᠳᠤᠨ᠂ 11 ᠰᠠᠷ᠎ᠠ ᠶᠢᠨ 14 ᠤ ᠡᠳᠦᠷ᠂ ᠥᠪᠥᠷ ᠮᠤᠩᠭᠤᠯ ᠤᠨ ᠥᠪᠡᠷᠲᠡᠭᠡᠨ ᠵᠠᠰᠠᠬᠤ | ᠤᠷᠤᠨ ᠤ ᠬᠠᠮᠤᠭ ᠤᠨ ᠲᠤᠮᠤ ᠰᠢᠲᠠᠮᠠᠬᠠᠢ ᠬᠡᠢ ᠬᠠᠳᠠᠭᠠᠯᠠᠬᠤ ᠬᠥᠮᠥᠷᠭᠡ ᠪᠤᠯᠬᠤ ᠴᠠᠩ ᠴᠢᠩ ᠴᠢᠯᠠᠭᠤᠨ ᠲᠤᠰᠤᠨ ᠤ ᠠᠭᠤᠷᠬᠠᠢ ᠶᠢᠨ ᠲᠠᠪᠤᠳᠤᠭᠠᠷ ᠰᠢᠲᠠᠮᠠᠬᠠᠢ ᠬᠡᠢ | ᠭᠠᠷᠭᠠᠬᠤ ᠦᠢᠯᠡᠳᠪᠦᠷᠢ ᠶᠢᠨ ᠰᠤ᠋ ᠳ᠋ᠦᠩ 39 —61 ᠰᠢᠲᠠᠮᠠᠬᠠᠢ ᠬᠡᠢ ᠬᠠᠳᠠᠭᠠᠯᠠᠬᠤ ᠬᠥᠮᠥᠷᠭᠡ ᠨᠢ ᠨᠡᠭᠡᠯᠡᠬᠡᠢ ᠪᠠᠨ ᠨᠡᠭᠡᠭᠡᠵᠤ ᠬᠡᠢ ᠬᠠᠩᠭᠠᠵᠤ ᠡᠬᠢᠯᠡᠪᠡ᠃ | ᠰᠤ᠋ ᠳ᠋ᠦᠩ 39 —61 ᠰᠢᠲᠠᠮᠠᠬᠠᠢ ᠬᠡᠢ ᠬᠠᠳᠠᠭᠠᠯᠠᠬᠤ ᠬᠥᠮᠥᠷᠭᠡ ᠨᠢ ᠦᠦᠰᠢᠨ ᠬᠤᠰᠢᠭᠤᠨ ᠤ ᠤᠯᠠᠭᠠᠨᠲᠤᠯᠤᠭᠠᠢ ᠪᠠᠯᠭᠠᠰᠤᠨ ᠳᠤ ᠪᠠᠶᠢᠷᠢᠯᠠᠵᠤ᠂ | ᠤᠳᠤᠬᠠᠨ ᠳᠤ ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠨᠢᠭᠡᠨᠲᠡ ᠪᠠᠶᠢᠭᠤᠯᠤᠭᠰᠠᠨ ᠬᠠᠮᠤᠭ ᠤᠨ ᠲᠤᠮᠤ ᠰᠢᠲᠠᠮᠠᠬᠠᠢ ᠬᠡᠢ ᠬᠠᠳᠠᠭᠠᠯᠠᠬᠤ ᠬᠥᠮᠥᠷᠭᠡ | ᠪᠠᠶᠢᠵᠤ᠂ ᠮᠥᠨ ᠴᠦ ᠴᠠᠩ ᠴᠢᠩ ᠴᠢᠯᠠᠭᠤᠨ ᠲᠤᠰᠤᠨ ᠤ ᠠᠭᠤᠷᠬᠠᠢ ᠶᠢᠨ ᠨᠢᠭᠡᠨᠲᠡ ᠪᠠᠶᠢᠭᠤᠯᠤᠭᠰᠠᠨ ᠬᠠᠮᠤᠭ ᠤᠨ ᠲᠤᠮᠤ ᠰᠢᠲᠠᠮᠠᠬᠠᠢ ᠬᠡᠢ ᠬᠠᠳᠠᠭᠠᠯᠠᠬᠤ ᠬᠥᠮᠥᠷᠭᠡ | ᠪᠤᠯᠤᠨ᠎ᠠ᠂ ᠵᠢᠷᠤᠭ ᠲᠥᠯᠥᠪᠯᠡᠭᠰᠡᠨ ᠬᠥᠮᠥᠷᠭᠡ ᠶᠢᠨ ᠪᠠᠭᠲᠠᠭᠠᠮᠵᠢ ᠨᠢ 22.3 ᠳ᠋ᠦᠩᠰᠢᠭᠤᠷ ᠪᠤᠰᠤᠭ᠎ᠠ ᠳᠥᠷᠪᠡᠯᠵᠢᠨ ᠮᠧᠲᠷ᠂ ᠵᠢᠷᠤᠭ ᠲᠥᠯᠥᠪᠯᠡᠭᠰᠡᠨ ᠠᠵᠢᠯᠯᠠᠬᠤ | ᠬᠡᠢ ᠶᠢᠨ ᠬᠡᠮᠵᠢᠶ᠎ᠡ ᠨᠢ 10.8 ᠳ᠋ᠦᠩᠰᠢᠭᠤᠷ ᠪᠤᠰᠤᠭ᠎ᠠ ᠳᠥᠷᠪᠡᠯᠵᠢᠨ ᠮᠧᠲᠷ ᠪᠤᠢ᠃ ᠭᠤᠷᠪᠠᠨ ᠬᠦᠮᠦᠨ ᠠᠮᠠ ᠲᠠᠢ ᠭᠡᠷ ᠪᠦᠯᠢ ᠡᠳᠦᠷ ᠪᠦᠷᠢ ᠨᠢᠭᠡ ᠪᠤᠰᠤᠭ᠎ᠠ | ᠳᠥᠷᠪᠡᠯᠵᠢᠨ ᠮᠧᠲᠷ ᠪᠠᠶᠢᠭᠠᠯᠢ ᠶᠢᠨ ᠰᠢᠲᠠᠮᠠᠬᠠᠢ ᠬᠡᠢ ᠬᠡᠷᠡᠭᠯᠡᠬᠦ ᠪᠠᠷ ᠪᠤᠳᠤᠪᠠᠯ᠂ ᠡᠨᠡ ᠵᠢᠯ ᠤᠨ ᠡᠪᠦᠯ ᠤᠨ ᠤᠯᠠᠷᠢᠯ ᠤᠨ ᠰᠢᠲᠠᠮᠠᠬᠠᠢ ᠬᠡᠢ ᠬᠠᠩᠭᠠᠬᠤ ᠤᠷᠬᠢᠯ | ᠬᠤᠭᠤᠴᠠᠭᠠᠨ ᠳᠤ᠂ ᠰᠤ᠋ ᠳ᠋ᠦᠩ 39 —61 ᠰᠢᠲᠠᠮᠠᠬᠠᠢ ᠬᠡᠢ ᠬᠠᠳᠠᠭᠠᠯᠠᠬᠤ ᠬᠥᠮᠥᠷᠭᠡ ᠨᠢ 900 ᠭᠠᠷᠤᠢ ᠲᠥᠮᠡᠨ ᠡᠷᠦᠬᠡ ᠳᠤ ᠴᠡᠪᠡᠷ ᠡᠨᠧᠷᠬᠢ ᠶᠢ | ᠦᠷᠭᠦᠯᠵᠢᠯᠡᠨ ᠲᠤᠭᠲᠠᠪᠤᠷᠢᠲᠠᠢ ᠬᠠᠩᠭᠠᠵᠤ ᠳᠡᠶᠢᠯᠦᠨ᠎ᠡ᠂ ᠲᠤᠰ ᠬᠡᠢ ᠬᠠᠳᠠᠭᠠᠯᠠᠬᠤ ᠬᠥᠮᠥᠷᠭᠡ ᠨᠢ 1 ᠳ᠋ᠦᠩᠰᠢᠭᠤᠷ ᠡᠷᠦᠬᠡ ᠶᠢᠨ 10 ᠡᠳᠦᠷ ᠵᠠᠯᠭᠠᠭ᠎ᠠ ᠪᠠᠷ ᠬᠡᠢ | ᠬᠡᠷᠡᠭᠯᠡᠬᠦ ᠬᠡᠮᠵᠢᠶ᠎ᠡ ᠶᠢ ᠪᠠᠲᠤᠯᠠᠵᠤ ᠴᠢᠳᠠᠨ᠎ᠠ᠃ | | | |