ᠭᠦᠬᠦᠷ ᠤᠨ ᠢᠷᠡᠯᠳᠡ ᠶᠢᠨ ᠲᠤᠬᠠᠢ
ᠨᠡᠶᠢᠲᠡᠯᠡᠭᠰᠡᠨ ᠴᠠᠭ᠄
2023/11/24
    ᠭᠦᠬᠦᠷ ᠤᠨ ᠢᠷᠡᠯᠳᠡ ᠶᠢ ᠮᠥᠷᠳᠡᠪᠡᠯ᠂ ᠭᠦᠬᠦᠷ ᠪᠤᠯ ᠬᠠᠮᠠᠷ ᠲᠠᠮᠠᠬᠢ ᠳᠠᠲᠠᠬᠤ ᠵᠠᠩ ᠳᠠᠳᠬᠠᠯ ᠠᠴᠠ ᠪᠤᠢ ᠪᠤᠯᠤᠭᠰᠠᠨ ᠨᠢ ᠲᠡᠦᠬᠡ ᠶᠢᠨ ᠬᠤᠯᠪᠤᠭᠳᠠᠯ ᠪᠦᠬᠦᠢ ᠨᠤᠮ᠂ ᠲᠡᠮᠲᠡᠭᠯᠡᠯ ᠳᠤ ᠢᠯᠡᠭᠡᠨ ᠰᠢᠭ ᠪᠤᠢ᠃ ᠴᠢᠩᠬᠢᠪᠡᠯ ᠬᠠᠮᠠᠷ ᠲᠠᠮᠠᠬᠢ ᠲᠠᠲᠠᠬᠤ ᠳᠠᠳᠬᠠᠯ ᠬᠠᠮᠢᠭ᠎ᠠ ᠠᠴᠠ ᠪᠤᠢ ᠪᠤᠯᠤᠭᠰᠠᠨ ᠢ ᠮᠥᠷᠳᠡᠪᠡᠯ᠂ ᠡᠮᠦᠨᠡᠲᠦ ᠠᠮᠧᠷᠢᠺᠠ ᠲᠢᠪ ᠤᠨ ᠢᠨᠳᠢᠶᠠᠨᠴᠤᠳ ᠤᠨ ᠳᠠᠳᠬᠠᠯ ᠪᠤᠯᠬᠤ ᠶᠤᠮ᠃ 1492 ᠤᠨ ᠳᠤ ᠢᠰᠫᠠᠨᠢ ᠶᠢᠨ ᠳᠠᠯᠠᠢ ᠶᠢᠨ ᠠᠶᠠᠯᠠᠯᠴᠢᠨ ᠺᠤᠯᠤᠮᠪᠤ ᠬᠠᠮᠠᠷ ᠲᠠᠮᠠᠬᠢ ᠶᠢ ᠦᠢᠯᠡᠳᠬᠦ ᠪᠠ ᠬᠡᠷᠡᠭᠯᠡᠬᠦ ᠶᠢ ᠳᠠᠯᠠᠢ ᠶᠢᠨ ᠠᠶᠠᠨᠴᠢᠳ᠂ ᠮᠠᠶᠢᠮᠠᠶᠢᠴᠢᠨ᠂ ᠱᠠᠰᠢᠨ ᠳᠡᠯᠭᠡᠷᠡᠭᠦᠯᠦᠭᠴᠢ ᠨᠠᠷ ᠲᠠᠢ ᠶᠠᠪᠤᠯᠴᠠᠬᠤ ᠳᠤᠮᠳᠠ ᠳᠡᠯᠡᠬᠡᠢ ᠶᠢᠨ ᠡᠯ᠎ᠡ ᠭᠠᠵᠠᠷ ᠲᠤ ᠳᠠᠮᠵᠢᠭᠤᠯᠤᠨ ᠲᠠᠷᠬᠠᠭᠠᠭᠰᠠᠨ ᠪᠠᠶᠢᠨ᠎ᠠ᠃ ᠮᠢᠩ ᠤᠯᠤᠰ ᠤᠨ ᠸᠠᠨ ᠯᠢ ᠶᠢᠨ ᠶᠢᠰᠦᠳᠦᠭᠡᠷ ᠤᠨ  ︵1582︶᠎ ᠳᠤ ᠢᠲ᠋ᠠᠯᠢ ᠶᠢᠨ ᠯᠢ ᠮᠠ ᠲᠧᠦ ᠭᠡᠳᠡᠭ ᠬᠦᠮᠦᠨ ᠳᠠᠯᠠᠢ ᠶᠢᠨ ᠠᠶᠠᠯᠠᠯ ᠢᠶᠠᠷ ᠭᠤᠸᠠᠩᠳᠦ᠋ᠩ ᠳᠤ ᠢᠷᠡᠵᠤ ᠬᠠᠮᠠᠷ ᠲᠠᠮᠠᠬᠢᠨ ᠤ ᠠᠷᠠᠯᠵᠢᠶ᠎ᠠ ᠶᠢ ᠬᠢᠪᠡ ᠬᠡᠮᠡᠬᠦ ᠰᠤᠯᠠ ᠲᠡᠮᠲᠡᠭᠯᠡᠯ ᠤᠳ ᠪᠤᠢ᠃    ᠬᠠᠭᠠᠳ ᠤᠨ ᠤᠷᠳᠤᠨ ᠤ ᠲᠡᠮᠲᠡᠭᠯᠡᠯ ᠤᠳ ᠠᠴᠠ ᠮᠠᠨᠵᠤ ᠴᠢᠩ ᠤᠨ ᠡᠩᠬᠡ ᠠᠮᠤᠭᠤᠯᠠᠩ ᠬᠠᠭᠠᠨ ᠤ ᠬᠤᠷᠢᠨ ᠭᠤᠷᠪᠠᠳᠤᠭᠠᠷ ᠤᠨ ︵1685 ᠤᠨ︶᠎ ᠳᠤ ᠭᠠᠳᠠᠭᠠᠳᠤ ᠶᠢᠨ ᠵᠤᠴᠢᠳ ᠡᠩᠬᠡ ᠠᠮᠤᠭᠤᠯᠠᠩ ᠬᠠᠭᠠᠨ ᠳᠤ ᠬᠠᠮᠠᠷ ᠲᠠᠮᠠᠬᠢ ᠬᠦᠷᠭᠡᠨ ᠢᠷᠡᠬᠦ ᠳᠤ ᠲᠡᠷᠡ ᠬᠦᠯᠢᠶᠠᠨ ᠠᠪᠤᠭᠰᠠᠨ ᠲᠤᠬᠠᠢ ᠬᠠᠭᠠᠨ ᠤ ᠤᠷᠳᠤᠨ ᠳᠤ ᠲᠤᠳᠤᠷᠬᠠᠢ ᠲᠡᠮᠲᠡᠭᠯᠡᠯ ᠪᠢᠴᠢᠭᠡᠰᠦ ᠪᠤᠢ ᠭᠡᠵᠤ ᠪᠢᠴᠢᠭ ᠮᠠᠲ᠋ᠧᠷᠢᠶᠠᠯ ᠳᠤ ᠪᠠᠰᠠ ᠦᠵᠡᠭᠳᠡᠵᠤ ᠪᠤᠢ᠃ ᠬᠠᠮᠠᠷ ᠲᠠᠮᠠᠬᠢ ᠮᠠᠨ ᠤ ᠤᠯᠤᠰ ᠲᠤ ᠤᠷᠤᠵᠤ ᠢᠡᠷᠬᠦ ᠳᠤ ᠲᠡᠭᠦᠨ ᠢ ᠰᠠᠪᠠᠯᠠᠵᠤ ᠪᠠᠶᠢᠭᠰᠠᠨ ᠬᠡᠷᠡᠭᠰᠡᠯ ᠨᠢ ᠪᠢᠴᠢᠬᠠᠨ ᠡᠮ ᠤᠨ ᠯᠤᠩᠬᠤ ᠪᠠ ᠵᠢᠭᠠᠬᠠᠨ ᠲᠡᠮᠦᠷ ᠬᠠᠶᠢᠷᠴᠠᠭ ᠲᠠᠢ ᠪᠠᠶᠢᠭᠰᠠᠨ ᠭᠡᠵᠤ ᠲᠡᠮᠲᠡᠭᠯᠡᠭᠰᠡᠨ ᠪᠠᠶᠢᠨ᠎ᠠ᠃ ᠲᠡᠭᠷᠢ ᠳᠡᠳᠬᠦᠭᠴᠢ ᠶᠢᠨ ᠠᠷᠪᠠᠨ ᠳᠤᠯᠤᠳᠤᠭᠠᠷ ᠤᠨ ︵1752︶᠎ ᠳᠤ ᠫᠤᠷᠲ᠋ᠦ᠋ᠭᠠᠯ ᠶᠢᠨ ᠸᠠᠩ ᠲᠡᠭᠷᠢ ᠳᠡᠳᠬᠦᠭᠴᠢ ᠬᠠᠭᠠᠨ ᠳᠤ ᠰᠢᠵᠢᠷ ᠠᠯᠳᠠ᠂ ᠲᠤᠩ ᠤᠨ ᠰᠢᠭᠢᠳᠬᠡ᠂ ᠮᠠᠨᠤᠨ ᠯᠤᠩᠬᠤ ᠳᠤ ᠰᠠᠪᠠᠯᠠᠭᠰᠠᠨ ᠬᠠᠮᠠᠷ ᠲᠠᠮᠠᠬᠢ ᠵᠡᠷᠭᠡ ᠶᠢ ᠪᠡᠯᠡᠭ ᠪᠤᠯᠭᠠᠨ ᠡᠷᠭᠦᠭᠰᠡᠨ ᠲᠡᠮᠲᠡᠭᠯᠡᠯ ᠤᠳ ᠪᠠᠰᠠ ᠪᠤᠢ᠃    ᠳᠡᠭᠡᠷᠡᠬᠢ ᠥᠩᠭᠡᠷᠡᠯᠲᠡ ᠨᠦᠭᠦᠳ ᠠᠴᠠ ᠦᠵᠡᠪᠡᠯ᠂ ᠲᠤᠬᠠᠢ ᠶᠢᠨ ᠦᠶ᠎ᠡ ᠶᠢᠨ ᠡᠵᠡᠨ ᠬᠠᠭᠠᠳ ᠠᠴᠠ ᠬᠠᠮᠠᠷ ᠲᠠᠮᠠᠬᠢ ᠪᠠ ᠲᠡᠭᠦᠨ ᠤ ᠰᠠᠪᠠ ᠶᠢ ᠨᠢᠭᠡᠨ ᠵᠦᠢᠯ ᠎ ᠤᠨ ᠵᠠᠰᠠᠯ ᠴᠢᠮᠡᠭᠯᠡᠯ ᠤᠨ ᠪᠠᠭᠠᠵᠢ ᠪᠤᠯᠭᠠᠨ ᠬᠡᠷᠡᠭᠯᠡᠭᠰᠡᠨ ᠠᠴᠠ ᠬᠤᠵᠢᠮ ᠪᠤᠯᠵᠤ ᠢᠷᠡᠭᠡᠳ ᠨᠡᠶᠢᠬᠡᠮ ᠨᠡᠶᠢᠲᠡ ᠳᠤ ᠲᠤᠰᠬᠠᠯ ᠲᠠᠢ ᠪᠤᠯᠵᠤ᠂ ᠸᠠᠩ ᠭᠦᠩ ᠨᠣᠶᠠᠳ ᠎ ᠠᠴᠠ ᠠᠪᠤᠭᠠᠳ ᠪᠠᠶᠠᠨ ᠡᠷᠬᠢᠮ ᠬᠦᠮᠦᠰ ᠴᠦ ᠲᠠᠭᠠᠨ ᠳᠠᠭᠤᠷᠢᠶᠠᠵᠤ᠂ ᠡᠯᠳᠡᠪ ᠵᠦᠢᠯ ᠤᠨ ᠬᠠᠮᠠᠷ ᠲᠠᠮᠠᠬᠢᠨ ᠰᠠᠪᠠ ᠪᠤᠯᠬᠤ ᠭᠦᠬᠦᠦᠷ ᠤᠳ ᠢ ᠠᠷᠪᠢᠨ ᠦᠢᠯᠡᠳᠦᠨ ᠵᠠᠰᠠᠵᠤ ᠭᠠᠷᠭᠠᠭᠰᠠᠨ ᠪᠠᠶᠢᠨ᠎ᠠ᠃ ᠤᠨᠴᠠᠭᠠᠶᠢᠯᠠᠨ ᠭᠦᠬᠦᠦᠷ ᠤᠨ ᠬᠡᠪ ᠨᠠᠮᠪᠠ᠂ ᠪᠠᠶᠢᠳᠠᠯ ᠲᠥᠯᠥᠪ᠂ ᠶᠡᠭᠡ ᠪᠠᠭ᠎ᠠ ᠵᠡᠷᠭᠡ ᠤᠯᠠᠨ ᠶᠠᠩᠵᠤ ᠶᠢᠨ ᠭᠦᠬᠦᠦᠷ ᠤᠳ ᠢᠯᠡᠷᠡᠪᠡ᠃    ᠭᠦᠬᠦᠦᠷ ᠵᠠᠰᠠᠬᠤ ᠮᠠᠲ᠋ᠧᠷᠢᠶᠠᠯ ᠢ ᠴᠦ ᠠᠯᠲᠠ᠂ ᠮᠥᠩᠬᠦ᠂ ᠱᠢᠷᠦ᠂ ᠬᠠᠰ᠂ ᠮᠠᠨᠤ᠂ ᠨᠤᠮᠢᠨ᠂  ᠡᠷᠳᠡᠨᠢ᠂ ᠤᠭ᠍ᠶᠤ᠂ ᠵᠠᠭᠠᠨ ᠤ ᠶᠠᠰᠤ᠂ ᠴᠠᠭᠠᠨ ᠶᠠᠭᠠᠨ ᠪᠤᠯᠤᠷ᠂ ᠱᠠᠭᠠᠵᠠᠩ᠂ ᠭᠠᠤᠯᠢ᠂ ᠰᠢᠯ᠂ ᠨᠤᠭᠤᠭᠠᠨ ᠬᠠᠰ᠂ ᠽᠠᠨᠳᠠᠨ ᠮᠤᠳᠤ᠂ ᠲᠤᠭᠤᠰ᠂ ᠴᠢᠯᠠᠭᠤ ᠵᠡᠷᠭᠡ ᠠᠯᠢ ᠰᠠᠶᠢᠨ ᠰᠠᠶᠢᠬᠠᠨ ᠦᠨᠡᠲᠦ ᠴᠤᠬᠠᠭ ᠪᠤᠳᠠᠰ ᠢᠶᠠᠷ ᠵᠠᠰᠠᠵᠤ ᠬᠢᠳᠡᠭ᠃ ᠡ᠊ᠨᠳᠡ ᠤᠨᠴᠠ ᠳᠤᠷᠠᠳᠤᠭᠤᠰᠢᠲᠠᠢ ᠵᠦᠢᠯ ᠭᠡᠪᠡᠯ᠂ ᠲᠤᠬᠠᠢ ᠶᠢᠨ ᠦᠶ᠎ᠡ ᠶᠢᠨ ᠪᠠᠭᠠᠵᠢ ᠬᠡᠷᠡᠭᠰᠡᠯ ᠬᠤᠴᠤᠷᠤᠩᠭᠤᠢ ᠪᠠᠶᠢᠳᠠᠯ ᠳᠤᠤᠷ᠎ᠠ᠂ ᠨᠢᠭᠡ ᠰᠠᠶᠢᠨ ᠮᠠᠨᠤᠨ ᠭᠦᠬᠦᠦᠷ ᠢ ᠵᠠᠰᠠᠬᠤ ᠳᠤ ᠬᠡᠳᠦᠨ ᠰᠠᠷ᠎ᠠ ᠶᠢᠨ ᠬᠥᠯᠥᠰᠦ ᠬᠦᠴᠦ ᠶᠢ ᠵᠠᠷᠤᠴᠠᠭᠤᠯᠳᠠᠭ ᠪᠠᠶᠢᠨ᠎ᠠ᠃ ᠨᠢᠭᠡ ᠰᠠᠶᠢᠨ ᠮᠠᠨᠤ ᠶᠢ ᠰᠢᠯᠢᠵᠤ ᠰᠤᠩᠭᠤᠭᠰᠠᠨ ᠤ ᠳᠠᠷᠠᠭ᠎ᠠ ᠲᠡᠭᠦᠨ ᠤ ᠬᠡᠪ ᠪᠠᠶᠢᠳᠠᠯ ᠢ ᠨᠢ ᠵᠤᠬᠢᠴᠠᠭᠤᠯᠤᠨ ᠨᠦᠬᠡᠯᠡᠨ ᠮᠠᠯᠳᠠᠵᠤ ᠬᠥᠨᠳᠡᠢ ᠭᠠᠷᠭᠠᠨ᠂ ᠬᠠᠮᠠᠷ ᠲᠠᠮᠠᠬᠢ ᠪᠠᠨ ᠬᠢᠵᠤ ᠬᠡᠷᠡᠭᠯᠡᠳᠡᠭ᠃ ᠬᠠᠭᠤᠴᠢᠨ ᠳᠤ ᠮᠠᠨᠤᠨ ᠭᠦᠬᠦᠦᠷ ᠢ ᠠᠯᠢ ᠨᠢᠮᠭᠡᠨ ᠮᠠᠯᠳᠠᠭᠰᠠᠨ ᠢ ᠨᠢ ᠡᠷᠬᠢᠮ ᠨᠠᠨᠳᠢᠨ ᠭᠠᠷ ᠤᠷᠠᠯᠠᠯ ᠤᠨ ᠶᠠᠪᠤᠴᠠ ᠶᠢ ᠥᠩᠭᠡᠷᠡᠮᠡᠨᠵᠢᠨ ᠰᠠᠶ᠋ᠢ ᠪᠦᠲᠦᠳᠡᠭ᠃ ᠠᠩᠬ᠎ᠠ ᠠᠯᠬᠤᠮ ᠳᠤ ᠰᠠᠶᠢᠨ ᠰᠠᠶᠢᠬᠠᠨ ᠡᠬᠡ ᠪᠠᠶᠢᠭᠠᠯᠢ ᠶᠢᠨ ᠮᠠᠨᠤ ᠶᠢ ᠰᠢᠯᠢᠵᠤ ᠰᠤᠩᠭᠤᠨ᠂ ᠲᠡᠭᠦᠨ ᠤ ᠥᠩᠭᠡ ᠪᠠᠶᠢᠳᠠᠯ ᠢ ᠨᠢ ᠰᠢᠨᠵᠢᠵᠤ᠂ ᠶᠠᠮᠠᠷ ᠬᠡᠪ ᠮᠠᠶ᠋ᠢᠭ ᠤᠨ ᠶᠠᠩᠵᠤ ᠲᠠᠢ ᠪᠠᠷ ᠵᠠᠰᠠᠨ ᠦᠢᠯᠡᠳᠬᠦ ᠪᠠᠨ ᠲᠤᠭᠲᠠᠭᠠᠳᠠᠭ᠃ ᠳᠠᠷᠠᠭ᠎ᠠ ᠪᠠᠷ ᠨᠢ ᠲᠡᠭᠦᠨ ᠤ ᠥᠪᠡᠷ ᠤᠨ ᠪᠦᠲᠦᠭᠰᠡᠨ ᠵᠢᠷᠤᠭ ᠵᠢᠷᠤᠭᠠᠰᠤ ᠶᠢ ᠨᠢ ᠦᠨᠳᠦᠰᠦᠯᠡᠵᠤ ᠤᠤᠯ ᠤᠨ ᠥᠩᠭᠡ ᠵᠢᠷᠤᠭ ᠢ ᠨᠢ ᠠᠮᠢᠳᠤᠯᠢᠭ ᠢᠶᠠᠷ ᠲᠤᠰᠬᠠᠨ᠂ ᠨᠢᠭᠡᠨ ᠥᠯᠵᠡᠢ ᠪᠡᠯᠭᠡᠳᠦ ᠵᠢᠷᠤᠭ ᠢ ᠲᠦᠰᠦᠪᠯᠡᠨ ᠵᠤᠬᠢᠶᠠᠬᠤ ᠪᠤᠶᠤ ᠦᠯᠡᠳᠡᠭᠡᠨ ᠵᠠᠰᠠᠳᠠᠭ᠃    ᠮᠠᠨᠤᠨ ᠭᠦᠬᠦᠦᠷ ᠤᠨ ᠰᠤᠶᠤᠯ ᠨᠢ ᠲᠡᠶᠢᠮᠦ ᠭᠦᠨ ᠬᠤᠯᠠ ᠪᠢᠰᠢ ᠪᠤᠯᠪᠠᠴᠤ ᠲᠡᠭᠦᠨ ᠢ ᠵᠠᠰᠠᠨ ᠦᠢᠯᠡᠳᠬᠦ ᠳᠤ ᠬᠦᠴᠦ ᠬᠥᠯᠥᠰᠦ ᠶᠡᠭᠡ ᠵᠠᠷᠤᠴᠠᠭᠤᠯᠬᠤ ᠪᠠ ᠰᠠᠶᠢᠨ ᠮᠠᠨᠤ ᠶᠢ ᠤᠯᠬᠤ ᠳᠤ ᠴᠦ ᠬᠦᠴᠢᠷ ᠲᠠᠢ ᠪᠠᠶᠢᠳᠠᠭ᠃ ᠨᠢᠭᠡ ᠰᠠᠶᠢᠨ ᠲᠠᠭᠯᠠᠭ᠎ᠠ ᠲᠠᠭᠠᠷᠠᠭᠤᠯᠬᠤ ᠳᠤ ᠪᠠᠰᠠ ᠦᠨᠡᠳᠦ ᠵᠦᠢᠯ ᠢ ᠵᠠᠷᠤᠴᠠᠭᠤᠯᠳᠠᠭ ᠤᠴᠢᠷ ᠠᠴᠠ ᠬᠡᠳᠦᠨ ᠵᠠᠭᠤᠨ ᠵᠢᠯ ᠤᠨ ᠲᠤᠷᠰᠢ ᠮᠠᠨᠤᠨ ᠭᠦᠬᠦᠦᠷ ᠬᠡᠵᠢᠶ᠎ᠡ ᠴᠦ ᠶᠡᠭᠡ ᠯᠡ ᠦᠨ᠎ᠡ ᠬᠠᠩᠰᠢ ᠲᠠᠢ ᠪᠠᠶᠢᠳᠠᠭ ᠶᠤᠮ᠃ ᠡᠳᠦᠭᠡ ᠪᠤᠯᠵᠤ ᠢᠷᠡᠬᠦ ᠭᠦᠬᠦᠦᠷ ᠨᠢ ᠮᠤᠩᠭᠤᠯᠴᠤᠳ ᠤᠨ ᠰᠢᠨᠡᠯᠡᠬᠦ ᠪᠤᠶᠤ ᠪᠠᠶᠠᠷ ᠨᠠᠶᠢᠷ ᠬᠢᠬᠦ ᠳᠤ ᠳᠤᠲᠠᠭᠳᠠᠵᠤ ᠪᠤᠯᠤᠰᠢ ᠦᠭᠡᠢ ᠵᠠᠰᠠᠯ ᠴᠢᠮᠡᠭᠯᠡᠯ ᠤᠨ ᠡᠳ᠋ ᠪᠤᠯᠤᠭᠰᠠᠨ ᠪᠠᠶᠢᠳᠠᠭ᠃ ᠤᠯᠠᠮᠵᠢᠯᠠᠯ ᠶᠠᠷᠢᠶᠠᠨ ᠳᠤ ᠭᠦᠬᠦᠦᠷ ᠤᠨ ᠲᠤᠬᠠᠢ ᠳᠤᠮᠤᠭ ᠶᠠᠷᠢᠶ᠎ᠠ ᠴᠦ ᠠᠷᠪᠢᠨ ᠪᠤᠢ᠂ ᠴᠡᠭᠡᠷ ᠬᠤᠷᠢᠭ᠎ᠠ ᠴᠦ ᠨᠡᠯᠢᠶᠡᠳ ᠪᠤᠢ᠃    ᠭᠦᠬᠦᠦᠷ ᠮᠠᠨ ᠤ ᠮᠤᠩᠭᠤᠯᠴᠤᠳ ᠤᠨ ᠵᠠᠰᠠᠯ ᠴᠢᠮᠡᠭᠯᠡᠯ ᠤᠨ ᠨᠠᠨᠳᠢᠨ ᠡᠳ᠋ ᠪᠤᠯᠬᠤ ᠶᠢ ᠮᠡᠳᠡᠵᠤ᠂ ᠶᠠᠪᠤᠵᠤ ᠠᠯᠢ ᠤᠯᠠᠨ ᠨᠠᠨᠳᠢᠨ ᠭᠦᠬᠦᠦᠷ ᠵᠠᠰᠠᠭᠳᠠᠨ ᠭᠠᠷᠴᠦ ᠡᠨᠡ ᠬᠦ ᠰᠤᠶᠤᠯ ᠦᠷᠭᠦᠯᠵᠢᠯᠡᠬᠦ ᠪᠤᠯᠳᠤᠭᠠᠢ︕
ᠢᠷᠡᠯᠲᠡ᠄ ᠤᠷᠳᠤᠰ ᠤᠨ ᠡᠳᠦᠷ ᠤᠨ ᠰᠤᠨᠢᠨ