︽ᠬᠠᠶᠢᠷ᠎ᠠ ᠬᠠᠯᠠᠮᠵᠢᠲᠤ ᠬᠤᠲᠠ︾ ᠶᠢᠨ ᠰᠦᠨ ᠵᠠᠬ᠎ᠠ
ᠨᠡᠶᠢᠲᠡᠯᠡᠭᠰᠡᠨ ᠴᠠᠭ᠄
2023/11/3
    ᠲᠡᠯᠡᠭᠡᠢ ᠶᠢ ᠲᠤᠯᠠᠭᠠᠴᠠᠭᠤᠯᠤᠬᠰᠡᠨ ᠤᠷᠳᠤᠰ ᠬᠤᠳᠠ ᠦᠨᠤᠳᠤᠷ ᠢᠮᠠᠭᠠᠨ ᠨᠤᠤᠯᠤᠭᠤᠷ᠂  ᠨᠡᠭᠦᠷᠡᠰᠤ ᠪᠠᠷ ᠪᠢᠰᠢ ᠬᠠᠷᠢᠨ ᠬᠦᠮᠤᠨ ᠰᠤᠶᠤᠯ᠂  ᠪᠠᠶᠢᠭᠠᠯᠢ ᠤᠷᠴᠢᠨ᠂  ᠦᠡᠭᠭᠡ ᠦᠵᠡᠮᠵᠢ᠂  ᠠᠭᠤᠳᠠᠮ ᠪᠠᠭᠳᠠᠭᠠᠮᠵᠢᠳᠠᠢ ᠬᠤᠳᠠ ᠶᠢᠨ ᠲᠦᠷᠢ ᠲᠦᠷᠬᠦ᠂  ᠰᠡᠳᠬᠢᠯ ᠢ ᠲᠤᠯᠠᠭᠠᠴᠠᠭᠤᠯᠤᠬᠰᠡᠨ ᠲᠦᠷᠦ ᠶᠢᠨ ᠪᠤᠳᠤᠯᠭ᠎ᠠ ᠵᠢᠴᠢ ᠢᠷᠡᠭᠡᠳᠤᠢ ᠶᠢᠨ ᠬᠦᠭᠵᠢᠯᠳᠡ ᠶᠢᠨ ᠤᠷᠤᠨ ᠵᠠᠢ ᠶᠡᠭᠡ ᠪᠠᠶᠢᠬᠤ ᠵᠡᠷᠭᠡ ᠤᠯᠡᠨ ᠲᠠᠳᠠᠬᠤ ᠬᠦᠴᠦᠨ ᠢᠶᠠᠷ ᠴᠢᠳᠠᠪᠤᠷᠢᠳᠡᠨ ᠤ ᠵᠤᠷᠢᠨ ᠢᠷᠡᠬᠦ ᠲᠠᠷᠢᠭᠦᠨ ᠰᠤᠩᠭᠤᠯᠳᠡ  ᠲᠠᠢ ᠭᠠᠵᠠᠷ ᠪᠤᠯᠵᠤ ᠵᠢᠩᠬᠢᠨᠢ ︽ᠬᠠᠶᠢᠷ᠎ᠠ ᠬᠠᠯᠠᠮᠵᠢᠲᠤ ᠬᠤᠲᠠ︾  ᠶᠢᠨ ᠳᠦᠷᠢ ᠲᠦᠷᠬᠦ ᠶᠢ ᠱᠤᠭᠤᠨ ᠬᠦᠮᠤᠨ ᠵᠤᠨ ᠳᠤ ᠪᠠᠨ ᠲᠠᠨᠢᠬᠳᠠᠵᠤ ᠶᠠᠪᠤᠭ᠎ᠠ ᠶᠢ ᠤᠷᠳᠤᠰ  ᠤᠨ ᠬᠦᠭᠵᠢᠯᠳᠡ ᠳᠤ ᠠᠩᠬᠠᠷᠤᠯ ᠲᠠᠯᠪᠢᠳᠠᠭ ᠬᠦᠮᠤᠨ ᠶᠠᠭᠤᠨ ᠠᠨᠳᠠᠬᠤ ᠠᠵᠠᠢ᠃  ᠤᠷᠳᠤᠰ ᠬᠤᠳᠠ ᠶᠢᠨ ᠠᠵᠤ ᠠᠬᠤᠢ᠂  ᠰᠤᠶᠤᠯ᠂  ᠤᠯᠤᠰ ᠲᠦᠷᠦ ᠶᠢᠨ ᠲᠦᠪ ᠪᠤᠯᠤᠬᠰᠡᠨ  ︽ᠬᠠᠶᠢᠷ᠎ᠠ ᠬᠠᠯᠠᠮᠵᠢᠲᠤ ᠬᠤᠲᠠ︾ ᠬᠢᠶ᠎ᠠ ᠪᠠᠭᠰᠢ ᠲᠤᠭᠤᠷᠢᠭ ᠤᠨ ᠨᠢᠭᠡᠨ ᠨᠠᠷᠠᠯᠠᠭ ᠪᠠᠭᠤᠴᠨ ᠳᠤ  ︽ᠰᠦᠨ ᠵᠠᠬ᠎ᠠ︾ ᠭᠡᠰᠡᠨ ᠲᠤᠯᠠᠭᠠᠬᠠᠨ ᠠᠶᠢᠯ ᠤᠨ ᠮᠠᠶᠢᠮᠠᠢ ᠬᠦᠭᠵᠢᠶᠠᠨ ᠲᠠᠢ ᠪᠠᠶᠢᠯ᠎ᠠ᠃  ᠲᠤᠯᠠᠭᠠᠨ ᠬᠤᠳᠠ ᠶᠢᠨ ᠶᠠᠭᠤ ᠪᠦᠬᠦᠨ ᠨᠢ ᠬᠦᠮᠤᠨ ᠳᠤ ᠰᠠᠶᠢᠨ ᠲᠦᠷᠦᠭᠳᠡᠯ ᠰᠠᠶᠢᠬᠠᠨ ᠮᠡᠳᠡᠷᠡᠮᠵᠢ ᠶᠢ ᠤᠯᠭᠤᠳᠠᠭ ᠪᠤᠯ ᠡᠨᠡ ᠬᠤᠳᠠ ᠳᠤ ᠠᠮᠢᠳᠤᠷᠠᠵᠤ ᠶᠠᠪᠤᠭ᠎ᠠ ᠬᠦᠮᠤᠨ ᠪᠦᠬᠦᠨ ᠴᠤ ᠶᠠᠭ ᠡᠨᠡᠬᠦ ᠭᠦᠭ ᠠᠶᠠᠰ ᠲᠠᠢ ᠠᠯᠬᠤᠭ᠎ᠠ ᠨᠡᠶᠢᠯᠡᠭᠦᠯᠤᠨ᠎ᠡ᠃ ︽ᠰᠦᠨ ᠵᠠᠬ᠎ᠠ︾ ᠳᠡᠯᠭᠡᠭᠦᠷ ᠲᠤ ᠨᠢᠭᠡ ᠴᠤᠮᠤ ᠰᠢᠨ᠎ᠡ ᠰᠤᠷᠭᠤᠭ ᠰᠦ ᠠᠪᠴᠤ ᠠᠯᠢ ᠨᠢᠭᠡᠨ ᠦᠳᠡ ᠶᠢᠨ ᠬᠤᠶᠢᠨ᠎ᠡ ᠬᠤᠷᠤᠳ ᠬᠡᠮᠡᠯᠢᠨ ᠨᠤᠮ ᠦᠵᠡᠵᠤ ᠰᠠᠭᠤᠬᠤ ᠨᠢ ᠪᠠᠰᠨ ᠴᠤ ︽ᠬᠠᠶᠢᠷ᠎ᠠ ᠬᠠᠯᠠᠮᠵᠢᠲᠤ ᠬᠤᠲᠠ︾ ᠶᠢᠨ ᠨᠢᠭᠡᠨ ︽ᠳᠤᠯᠠᠭᠠᠬᠠᠨ ᠦᠵᠡᠭᠳᠡᠯ︾ ᠪᠤᠯᠵᠤ ᠪᠤᠯᠬᠤ ᠴᠤ ᠪᠢᠯᠢᠤ᠃  ᠦᠪᠤᠷ ᠮᠤᠩᠭᠤᠯ ᠤᠨ ᠶᠡᠭᠡ ᠰᠤᠷᠭᠠᠭᠤᠯᠢ ᠠᠴᠠ ᠰᠤᠷᠤᠯᠭ᠎ᠠ ᠶᠢᠨ ᠨᠠᠮᠳᠡᠷ ᠠᠪᠴᠤ ᠬᠠᠷᠢ ᠤᠯᠤᠰ ᠲᠤ ᠰᠤᠷᠤᠯᠴᠠᠵᠤ ᠨᠢᠳᠤ ᠨᠡᠭᠡᠭᠡᠵᠤ ᠶᠠᠪᠤᠬᠰᠡᠨ ᠡᠵᠡᠨ ᠬᠤᠷᠤᠭ᠎ᠠ ᠬᠤᠰᠢᠭᠤᠨ ᠳᠤ ᠨᠤᠳᠤᠬᠳᠠᠢ ᠲᠤᠨᠢᠶᠠᠷ ᠲᠤ ᠠᠪᠴᠤ ᠬᠡᠯᠡᠪᠡᠯ ᠦᠪᠡᠷ ᠢᠶᠠᠨ ᠨᠢᠭᠡ ᠴᠠᠭᠠᠨ ᠢᠳᠡᠭᠡᠨ ᠤ ᠲᠡᠯᠭᠡᠭᠦᠷ ᠲᠠᠢ ᠪᠤᠯᠬᠤ ᠨᠢ ᠲᠡᠭᠦᠨ ᠤ ᠠᠯᠢ ᠡᠷᠳᠡ ᠶᠢᠨ ᠮᠦᠷᠦᠭᠡᠳᠦᠯ ᠪᠠᠶᠢᠵᠠᠢ᠃  ᠬᠦᠮᠤᠨ ᠮᠦᠷᠦᠭᠡᠳᠦᠯ ᠲᠠᠢ ᠶᠠᠪᠤᠬᠤ ᠰᠠᠶᠢᠬᠠᠨ ᠪᠦᠭᠡᠳ ᠮᠦᠷᠦᠭᠡᠳᠦᠯ ᠪᠡᠶᠡᠯᠡᠭᠳᠡᠬᠦ ᠭᠱᠠᠨ ᠪᠦᠷ ᠴᠤ ᠰᠠᠶᠢᠬᠠᠨ ᠪᠠᠶᠢᠵᠤ ᠲᠠᠭᠠᠷᠠᠨ᠎ᠠ᠃  ᠲᠤᠨᠢᠶᠠᠷ  ︽ᠰᠦᠨ ᠵᠠᠬ᠎ᠠ︾ ᠲᠡᠯᠭᠡᠭᠦᠷ ᠢᠶᠠᠨ ᠰᠠᠷ᠎ᠠ ᠶᠢᠨ ᠡᠮᠤᠨ᠋ ᠎ᠡ ᠨᠡᠭᠡᠭᠡᠵᠤ ᠮᠦᠷᠦᠭᠡᠳᠦᠯ ᠤᠨ ᠢᠶᠠᠨ ᠬᠦᠴᠦᠨ ᠳᠤ ᠠᠮᠢᠳᠤᠷᠠᠯ ᠳᠤ ᠪᠠᠨ ᠡᠷᠴᠢ ᠤᠷᠮ᠎ᠡ ᠪᠠᠷ ᠳᠦᠭᠦᠷᠡᠩ ᠬᠠᠨᠳᠤᠵᠤ ᠶᠠᠪᠤᠨ᠎ᠠ᠃ ︽ᠰᠦᠨ ᠵᠠᠬ᠎ᠠ︾ ᠳᠡᠯᠭᠡᠭᠦᠷ ᠲᠤ ᠤᠷᠤᠬᠤ ᠲᠠᠢ ᠵᠡᠷᠭᠡ ᠰᠦᠨ ᠤ ᠠᠩᠬᠢᠯᠤᠮ᠎ᠠ ᠦᠨᠤᠷ ᠬᠠᠨᠭ᠍ᠬᠤᠯᠵᠤ ᠬᠤᠷᠤᠳ ᠦᠷᠦᠮ᠎ᠡ᠂   ᠠᠶᠢᠷᠠᠭ ᠰᠦ ᠭᠡᠳ ᠴᠠᠭᠠᠨ ᠢᠳᠡᠭᠡ ᠡᠯᠪᠡᠭ ᠪᠠᠶᠢᠵᠤ᠂  ᠬᠠᠮᠤᠭ ᠭᠤᠤᠯ ᠨᠢ  ᠰᠢᠨ᠎ᠡ ᠰᠤᠷᠭᠤᠭ ᠵᠢᠤᠸᠠᠨ ᠱᠠᠨ ᠰᠠᠭᠠᠯᠢ ᠶᠢᠨ ᠦᠨᠢᠶᠡᠨ ᠤ ᠰᠦ ᠶᠢ ᠠᠪᠴᠤ ᠪᠤᠯᠬᠤ ᠨᠢ ᠬᠤᠳᠠ ᠶᠢᠨ ᠠᠷᠠᠳ  ᠤᠨ ᠭᠦᠨ ᠲᠠᠭᠠᠰᠢᠶᠠᠯ ᠢ ᠤᠯᠵᠤ ᠪᠠᠶᠢᠪᠠ᠃  ︽ᠠᠷᠢᠬᠢ ᠤᠤᠭᠤᠬᠤ ᠪᠠᠷ ᠠᠶᠢᠷᠠᠭ ᠰᠦ ᠪᠠᠨ ᠤᠤᠭᠤᠶ᠎ᠡ︾ ᠭᠡᠰᠡᠨ ᠶᠠᠷᠢᠶ᠎ᠠ ᠬᠡᠵᠢᠶᠠᠨ ᠠᠴᠠ ᠶᠠᠷᠢᠬᠳᠠᠬᠤ ᠪᠤᠯᠤᠬᠰᠡᠨ ᠢ ᠮᠡᠳᠡᠬᠦ ᠦᠭᠡᠢ᠃  ᠦᠨᠤᠳᠤᠷ ᠨᠢᠭᠡᠯᠨ ᠮᠡᠳᠡᠬᠦ ᠳᠤ ᠠᠶᠢᠷᠠᠭ ᠰᠦ ᠪᠠᠨ ᠤᠤᠭᠤᠬᠤ ᠬᠦᠮᠤᠨ ᠢᠳᠡᠭ ᠢᠳᠡᠭ ᠢᠶᠠᠷ ᠤᠯᠡᠨ ᠪᠤᠯᠵᠤ ᠪᠠᠶᠢᠬᠤ ᠨᠢ ᠰᠠᠶᠢᠬᠠᠨ ᠰᠠᠨᠠᠬᠳᠠᠨ᠎ᠠ᠃  ᠶᠠᠭ ᠡᠶᠢᠮᠤᠷᠬᠦ ᠱᠠᠭᠠᠷᠳᠠᠯᠭ᠎ᠠ ᠲᠠᠯᠪᠢᠬᠳᠠᠵᠤ ᠪᠠᠶᠢᠭ᠎ᠠ ᠨᠡᠩ ᠴᠤ ᠴᠠᠭᠠᠨ ᠢᠳᠡᠭᠡᠨ ᠤ ᠳᠡᠯᠭᠡᠭᠦᠷ ᠨᠡᠭᠡᠭᠡᠬᠦ ᠨᠢ ᠲᠤᠨᠢᠶᠠᠷ ᠤᠨ ᠠᠯᠢ ᠬᠡᠵᠢᠶᠠᠨ ᠤ ᠮᠦᠷᠦᠭᠡᠳᠦᠯ ᠪᠠᠶᠢᠬᠰᠡᠨ ᠠᠴᠠ  ︽ᠬᠠᠶᠢᠷ᠎ᠠ ᠬᠠᠯᠠᠮᠵᠢᠲᠤ ᠬᠤᠲᠠ︾ ᠬᠢᠶ᠎ᠠ ᠪᠠᠭᠰᠢ ᠲᠤᠭᠤᠷᠢᠭ ᠤᠨ ᠲᠤᠯᠠᠭᠠᠬᠠᠨ ᠪᠠᠭᠤᠴᠨ ᠳᠤ  ︽ᠰᠦᠨ ᠵᠠᠬ᠎ᠠ︾ ᠳᠡᠯᠭᠡᠭᠦᠷ  ︽ᠰᠦᠯᠵᠢᠶᠡᠨ ᠠᠨᠳᠡ ᠤᠳ︾ ᠵᠠᠪᠠᠯ ᠤᠴᠢᠬᠤ ᠭᠠᠵᠠᠷ ᠪᠤᠯᠵᠤ᠂  ᠲᠤᠯᠠᠭᠠᠨ ᠬᠤᠳᠠ ᠠᠴᠠ ᠬᠠᠨᠭ᠍ᠬᠤᠯᠤᠬᠰᠡᠨ ᠰᠦᠨ ᠤ ᠦᠨᠤᠷ ᠳᠡᠯᠡᠭᠡᠢ ᠶᠢᠨ ᠬᠠᠷᠠᠭ᠎ᠠ ᠲᠠᠢ ᠵᠠᠯᠠᠭᠤᠰ ᠤᠨ ᠴᠢᠷᠮᠠᠶᠢᠯᠭ᠎ᠠ ᠬᠦᠳᠡᠯᠮᠤᠷᠢ ᠪᠠᠷ ᠳᠡᠯᠡᠭᠡᠢ ᠶᠢ ᠵᠤᠷᠢᠨᠠᠮ᠃ 
4.jpg
5.jpg
6.jpg
3.jpg
1.jpg
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ