ᠰᠣᠶᠣᠯ | ᠰᠠᠳᠭᠡᠯ ᠤᠨ ᠲᠡᠩᠭᠡᠭᠡ ᠨᠢ ᠭᠦᠮᠦᠨ ᠢ ᠡᠷᠴᠢ ᠵᠣᠷᠢᠭᠳᠠᠢ ᠪᠣᠯᠭᠠᠵᠥ᠂ ᠠᠮᠢᠳᠣᠷᠠᠵᠥ ᠣᠷᠣᠰᠢᠬᠤ ᠣᠬᠠᠭᠠᠨ ᠪᠣᠳᠣᠯ ᠳᠤ ᠭᠦᠴᠦ ᠲᠡᠮᠢᠷ ᠰᠠᠯᠪᠢᠳᠡᠭ ᠶᠣᠮ᠃ | ᠡᠷᠦᠭᠡ ᠭᠡᠷ ᠤᠨ ᠪᠦᠰᠠᠯᠠᠭᠦᠷ᠂ ᠦᠭᠡᠳᠡᠯᠡᠭᠦ ᠠᠮᠢᠳᠣᠷᠠᠯ ᠤᠨ ᠴᠣᠭᠴᠠᠯᠠᠭᠴᠢ ᠪᠣᠯᠣᠭᠰᠠᠨ ᠡᠮᠡᠭᠳᠡᠢ ᠭᠦᠮᠦᠨ ᠰᠠᠳᠭᠡᠯ ᠤᠨ ᠲᠡᠩᠭᠡᠭᠡ ᠪᠠᠨ ᠴᠢᠩᠭᠠᠯᠠᠵᠥ ᠶᠠᠪᠣᠬᠤ | ᠶᠣᠰᠣᠳᠠᠢ᠃ ᠡᠮᠡᠭᠳᠡᠢ ᠭᠦᠮᠦᠨ ᠰᠠᠳᠭᠡᠯ ᠰᠠᠨᠠᠭ᠎ᠠ ᠪᠠᠨ ᠰᠣᠯᠨ ᠲᠡᠯᠪᠢᠳᠠᠭ ᠠᠴᠠ ᠰᠠᠳᠭᠡᠯ ᠨᠢ ᠭᠭᠢᠷ ᠪᠣᠷᠳᠠᠭ ᠳᠤ ᠲᠠᠷᠣᠭᠳᠠᠵᠥ᠂ ᠠᠮᠢᠳᠣᠷᠠᠯ ᠤᠨ ᠠᠶᠠᠨ ᠳᠤ | ᠣᠬᠠᠭᠠᠨ ᠨᠢ ᠵᠢᠪᠡᠷᠡᠵᠥ᠂ ᠴᠢᠳᠠᠪᠣᠷᠢ ᠨᠢ ᠮᠡᠭᠦᠰᠳᠡᠵᠥ᠂ ᠶᠠᠭᠤ ᠭᠡᠭᠦ᠂ ᠶᠠᠭᠠᠭᠢᠵᠥ ᠭᠡᠭᠦ᠂ ᠶᠠᠮᠠᠷ ᠵᠣᠷᠢᠯᠭ᠎ᠠ ᠳᠤ ᠭᠦᠷᠭᠦ ᠪᠠᠨ ᠮᠡᠳᠡᠭᠦ ᠦᠭᠡᠢ ᠪᠠᠶᠢᠵᠥ᠂ ᠭᠢᠵᠠᠭᠠᠷ | ᠲᠠᠢ ᠭᠡᠪᠴᠢᠶᠠᠨ ᠲᠣᠳᠣᠷ᠎ᠠ ᠬᠤᠷᠢᠭᠠᠰᠣᠳᠠᠢ ᠠᠮᠢᠳᠣᠷᠠᠵᠥ᠂ ᠦᠵᠠᠯ ᠰᠠᠨᠠᠭᠠᠨ ᠤ ᠲᠡᠯ᠎ᠡ ᠪᠠᠷ ᠲᠣᠣᠷᠡᠶᠢᠳᠠᠵᠥ᠂ ᠦᠢᠯᠨ ᠠᠵᠢᠯᠯᠠᠭᠠᠨ ᠤ ᠲᠡᠯ᠎ᠡ ᠪᠠᠷ | ᠵᠣᠭᠰᠣᠩᠭᠤᠶᠢᠷᠡᠵᠥ᠂ ᠨᠢᠳᠣᠨ ᠡᠮᠣᠨᠡᠭᠢ ᠵᠠᠪᠰᠢᠶ᠎ᠠ ᠶᠢ ᠠᠯᠳᠠᠬᠤ ᠪᠠᠷ ᠪᠠᠷᠠᠬᠤ ᠦᠭᠡᠢ᠂ ᠢᠷᠡᠭᠡᠳᠣᠢ ᠶᠢᠨ ᠰᠠᠶᠢᠨ ᠰᠠᠶᠢᠬᠠᠨ ᠢ ᠴᠤ ᠠᠳᠬᠤᠵᠥ ᠴᠢᠳᠠᠬᠤ ᠦᠭᠡᠢ | ᠶᠣᠮ᠃ ᠬᠠᠷᠢᠨ ᠰᠠᠳᠭᠡᠯ ᠢᠶᠠᠨ ᠰᠠᠶᠢᠬᠠᠨ ᠵᠢᠯᠣᠭᠤᠳᠴᠤ ᠰᠣᠷᠪᠠᠯ ᠬᠠᠳᠠᠭᠤᠵᠢᠯᠳᠠᠢ ᠴᠢᠷᠮᠡᠶᠢᠵᠥ᠂ ᠬᠠᠯᠠᠰᠢᠷᠠᠯ ᠦᠭᠡᠢ ᠴᠢᠷᠮᠡᠶᠢᠵᠥ᠂ ᠠᠷᠭ᠎ᠠ ᠰᠦᠪᠡᠭᠴᠢᠯᠠᠨ | ᠴᠢᠷᠮᠡᠶᠢᠵᠥ ᠪᠠᠶᠢᠭᠠᠳ ᠠᠮᠢᠳᠣᠷᠠᠯ ᠤᠨ ᠬᠠᠳᠠᠭᠤ ᠶᠢ ᠲᠣᠭᠤᠯᠠᠵᠥ᠂ ᠭᠦᠰᠠᠯ ᠬᠠᠷᠠᠯᠳᠠ ᠪᠠᠨ ᠪᠠᠶᠠᠯᠠᠭᠦᠯᠵᠥ᠂ ᠰᠠᠶᠢᠨ ᠰᠠᠶᠢᠬᠠᠨ ᠠᠮᠢᠳᠣᠷᠠᠯ ᠢᠶᠠᠨ ᠴᠣᠭᠴᠠᠯᠠᠵᠥ | ᠴᠢᠳᠠᠳᠠᠭ᠃ | ᠭᠦᠮᠦᠨ ᠤ ᠣᠷᠣᠰᠬᠠᠯ ᠳᠤ ᠦᠭᠰᠣᠵᠥ ᠣᠷᠣᠭᠤᠳᠠᠵᠥ ᠶᠠᠪᠣᠬᠤ ᠳᠤ ᠭᠦᠢᠳᠠᠨ ᠬᠠᠯᠠᠭᠤᠨ ᠴᠢᠷᠡᠢ ᠦᠵᠡᠵᠥ᠂ ᠬᠠᠳᠠᠭᠤ ᠵᠦᠭᠡᠯᠡᠨ ᠦᠭᠡ ᠰᠣᠨᠣᠰᠴᠤ᠂ | ᠭᠦᠠᠳᠤ ᠭᠡᠴᠢᠭᠦᠦ ᠲᠠᠷᠠᠭᠠᠰᠣᠨ ᠳᠤ ᠲᠣᠯᠭᠠᠷᠴᠤ ᠶᠠᠪᠣᠬᠤ ᠶᠢ ᠡᠭᠡᠴᠣᠣᠯ ᠮᠠᠨᠢ ᠪᠣᠷᠣ ᠠᠮᠢᠳᠣᠷᠠᠯ ᠤᠨ ᠢᠶᠠᠨ ᠪᠣᠱᠣᠭᠠᠨ ᠲᠡᠭᠡᠷ᠎ᠡ ᠠᠴᠠ ᠲᠠᠨᠢᠵᠥ ᠪᠠᠶᠢᠭ᠎ᠠ ᠪᠢᠵᠨ᠃ | ᠠᠮᠢᠳᠣᠷᠠᠯ ᠤᠨ ᠭᠦᠷᠢᠶᠠᠨ ᠳᠤ ᠬᠠᠳᠠᠭᠤ ᠠᠴᠠ ᠬᠠᠯᠳᠣᠷᠠᠵᠥ᠂ ᠬᠠᠷᠠᠩᠭᠤᠢ ᠠᠴᠠ ᠠᠶᠣᠵᠥ ᠰᠠᠭᠤᠭᠰᠠᠭᠠᠷ ᠠᠮᠢᠳᠣᠷᠠᠯ ᠳᠤ ᠭᠤᠯᠢᠭᠳᠠᠬᠤ ᠪᠦᠭᠡᠳ ᠭᠦᠮᠦᠨ ᠤ | ᠠᠮᠢᠳᠣᠷᠠᠯ ᠤᠨ ᠲᠡᠶᠢᠰᠨ ᠳᠤ ᠦᠪᠡᠷ ᠤᠨ ᠣᠷᠣᠨ ᠵᠡᠢ ᠪᠠᠨ ᠣᠯᠵᠥ ᠴᠢᠳᠠᠬᠤ ᠦᠭᠡᠢ ᠪᠠᠶᠢᠳᠠᠯ ᠦᠷᠭᠦᠯᠵᠢ ᠲᠣᠭᠢᠶᠠᠯᠳᠣᠳᠠᠭ᠃ ᠭᠦᠮᠦᠨ ᠭᠡᠵᠥ ᠭᠦᠰᠯᠡᠩ ᠤᠨ | ᠵᠢᠭᠦᠷ ᠵᠡᠭᠦᠵᠥ ᠭᠦᠭᠡ ᠲᠡᠭᠷᠢ ᠳᠤ ᠭᠠᠷᠣᠭᠰᠠᠨ ᠪᠣᠯᠪᠠᠴᠤ ᠬᠠᠳᠠᠭᠤ ᠵᠣᠷᠢᠭ ᠭᠦᠴᠦᠳᠠᠢ ᠴᠢᠷᠮᠡᠶᠢᠯᠭ᠎ᠠ ᠦᠭᠡᠢ ᠪᠣᠯ ᠡᠭᠦᠯᠠᠨ ᠲᠠᠢ ᠬᠠᠮᠳᠤ ᠵᠠᠮᠬᠠᠷᠠᠨ᠎ᠠ᠃ ᠴᠢᠷᠮᠡᠶᠢᠯᠭ᠎ᠠ | ᠨᠢ ᠭᠡᠵᠢᠶᠠᠳᠠ ᠭᠡᠪ ᠢᠶᠠᠷ ᠢᠶᠠᠨ ᠪᠠᠶᠢᠳᠠᠭ ᠦᠭᠡᠢ᠂ ᠵᠦᠪᠭᠡᠨ ᠦᠪᠡᠷ ᠤᠨ ᠲᠣᠳᠣᠭᠠᠳᠤ ᠲᠡᠮᠢᠷ ᠢᠶᠠᠨ ᠴᠢᠩᠭᠠᠯᠠᠪᠠᠯ ᠰᠠᠶ᠋ᠢ ᠴᠢᠷᠮᠡᠶᠢᠯᠭ᠎ᠠ ᠶᠢ ᠪᠠᠳᠣᠵᠢᠭᠤᠯᠵᠥ᠂ | ᠭᠦᠭᠵᠢᠭᠡᠵᠥ᠂ ᠡᠷᠴᠢᠯᠠᠵᠥ ᠪᠣᠯᠬᠤ ᠶᠣᠮ᠃ ᠲᠡᠶᠢᠮᠣ ᠠᠴᠠ ᠵᠣᠷᠢᠭ ᠣᠬᠠᠭᠠᠨ ᠬᠤᠶᠠᠷ ᠢᠶᠠᠷ ᠢᠶᠠᠨ ᠣᠨᠤᠭ᠎ᠠ ᠪᠣᠯᠭᠠᠵᠥ᠂ ᠢᠳᠡᠭᠡᠯ ᠴᠢᠷᠮᠡᠶᠢᠯᠭ᠎ᠠ ᠪᠠᠷ ᠡᠷᠢᠯ | ᠭᠦᠭᠡᠭᠡᠴᠢᠯᠳᠣᠯ ᠢᠶᠠᠨ ᠪᠣᠯᠭᠠᠵᠥ ᠴᠢᠷᠮᠡᠶᠢᠨ ᠵᠢᠳᠭᠦᠵᠥ ᠠᠵᠢᠯᠯᠠᠭᠠᠷᠠᠢ᠃ ︽ᠵᠣᠷᠢᠭ ᠡᠰᠨ ᠭᠦᠷᠪᠡᠯ ᠣᠬᠠᠭᠠᠨ ᠡᠰᠠ ᠭᠦᠷᠦᠨ᠎ᠡ︾ ᠭᠡᠳᠡᠭ᠃ ᠡᠷᠡᠰ ᠬᠠᠳᠠᠭᠤ | ᠵᠣᠷᠢᠭ ᠡᠵᠡᠨ ᠢᠶᠠᠨ ᠭᠤᠮᠣᠳᠠᠭᠠᠳᠠᠭ ᠦᠭᠡᠢ ᠶᠣᠮ᠃ ᠭᠡᠨ ᠭᠦᠮᠦᠨ ᠰᠣᠷᠴᠤ ᠰᠣᠳᠣᠯᠠᠬᠤ᠂ ᠠᠵᠢᠯᠯᠠᠵᠥ ᠴᠢᠷᠮᠡᠶᠢᠬᠤ ᠵᠣᠷᠢᠭ ᠲᠠᠢ ᠪᠠᠶᠢᠵᠥ᠂ ︽ᠪᠢ ᠴᠢᠳᠠᠨ᠎ᠠ︾ | ᠭᠡᠳᠡᠭ ᠲᠣᠳᠣᠷ ᠲᠡᠮᠢᠷ ᠲᠠᠢ ᠶᠠᠪᠣᠪᠠᠯ ᠠᠵᠢᠯ ᠠᠮᠢᠳᠣᠷᠠᠯ ᠤᠨ ᠲᠣᠮᠳᠠᠭᠢ ᠠᠯᠢ ᠣᠯᠠᠨ ᠰᠠᠭᠠᠳ ᠪᠠᠷᠭᠡᠰᠢᠶᠠᠯ ᠢ ᠢᠯᠡᠵᠥ ᠦᠭᠡᠳᠠ ᠡᠰᠠᠷᠡᠩ ᠠᠮᠢᠳᠣᠷᠠᠵᠥ ᠴᠢᠳᠠᠨ᠎ᠠ | ᠭᠡᠳᠡᠭ ᠢ ᠪᠠᠳᠤ ᠢᠳᠡᠭᠡᠷᠡᠢ᠃ | ᠢᠳᠡᠭᠡᠯ ᠪᠣᠯ ᠠᠮᠵᠢᠯᠳᠠ ᠶᠢ ᠵᠣᠷᠢᠬᠤ ᠠᠩᠬᠠᠨ ᠤ ᠠᠯᠬᠤᠮ ᠮᠦᠨ᠃ ᠪᠡᠶ᠎ᠡ ᠳᠡᠭᠡᠨ ᠢᠳᠡᠭᠡᠯ ᠲᠠᠢ ᠪᠠᠶᠢᠬᠤ ᠨᠢ ᠭᠦᠮᠦᠰ ᠤᠨ ᠪᠣᠢ ᠪᠦᠭᠦᠢ ᠰᠢᠯᠢᠳᠡᠭ | ᠰᠣᠷᠳᠠᠯ ᠤᠨ ᠲᠣᠳᠣᠷᠡᠭᠢ ᠬᠠᠮᠤᠭ ᠴᠢᠬᠤᠯᠨ ᠵᠦᠢᠯ ᠨᠢ ᠪᠣᠯᠬᠤ ᠶᠣᠮ᠃ ᠰᠠᠳᠭᠡᠯ ᠤᠨ ᠲᠡᠩᠭᠡᠭᠡ ᠭᠡᠵᠥ ᠡᠮᠡᠭᠳᠡᠢ ᠭᠦᠮᠦᠨ ᠤ ᠭᠤᠸᠠᠯᠢᠭ ᠲᠦᠷᠢ᠂ ᠢᠷᠡᠭᠤᠬᠠᠨ | ᠲᠠᠭᠤᠨ ᠳᠤ ᠪᠠᠶᠢᠬᠤ ᠦᠭᠡᠢ᠂ ᠬᠠᠷᠢᠨ ᠦᠪᠡᠷ ᠤᠨ ᠪᠡᠶ᠎ᠡ ᠪᠠᠨ ᠣᠷᠮᠠᠰᠢᠭᠤᠯᠣᠨ ᠵᠣᠷᠢᠭᠵᠢᠭᠤᠯᠵᠥ᠂ ᠦᠭᠡᠳᠠ ᠡᠰᠡᠷᠡᠩ ᠠᠮᠢᠳᠣᠷᠠᠬᠤ ᠶᠢᠨ ᠲᠦᠯᠦᠭᠡ ᠴᠢᠷᠮᠡᠶᠢᠬᠤ | ᠢᠳᠡᠭᠡᠯ ᠵᠣᠷᠢᠭ ᠲᠤ ᠪᠠᠶᠢᠳᠠᠭ ᠶᠣᠮ᠃ ᠨᠣᠭᠤᠷᠠᠯ ᠪᠦᠳᠦᠷᠡᠯ ᠲᠣᠯᠭᠠᠷᠠᠭᠰᠠᠨ ᠴᠤ ᠢᠳᠡᠭᠡᠯ ᠠᠯᠳᠠᠵᠥ ᠪᠣᠯᠬᠤ ᠦᠭᠡᠢ᠂ ᠵᠢᠳᠭᠦᠵᠥ ᠴᠢᠷᠮᠡᠶᠢᠳᠠᠭ ᠯᠨ ᠶᠣᠮ ᠪᠣᠯ | ᠯᠠᠪᠳᠠᠢ ᠵᠣᠷᠢᠭᠰᠠᠨ ᠳᠤ ᠪᠠᠨ ᠭᠦᠷᠦᠨ᠎ᠠ ᠭᠡᠳᠡᠭ ᠢ ᠢᠳᠡᠭᠡᠭᠡᠷᠡᠢ᠃ ᠦᠪᠡᠷ ᠤᠨ ᠪᠡᠶ᠎ᠡ ᠳᠡᠭᠡᠨ ᠢᠳᠡᠭᠡᠯ ᠦᠭᠡᠢ ᠭᠦᠮᠦᠨ ᠤ ᠰᠠᠳᠭᠡᠯ ᠣᠶᠠᠭᠠᠰᠤ ᠭᠦᠯᠢᠶᠠᠰᠤ ᠲᠠᠢ | ᠪᠣᠯᠵᠥ᠂ ︽ᠣᠰᠣ ᠦᠵᠡᠯ ᠦᠭᠡᠢ ᠭᠤᠳᠣᠯ ᠢᠶᠠᠨ ᠲᠠᠯᠢᠵᠥ᠂ ᠠᠭᠤᠯᠨ ᠦᠵᠡᠯ ᠦᠭᠡᠢ ᠬᠤᠷᠮᠣᠢ ᠪᠠᠨ ᠡᠷᠭᠦᠵᠥ︾᠂ ᠠᠳᠠᠭ ᠲᠠᠭᠠᠨ ᠲᠣᠷᠰᠢᠵᠥ ᠦᠵᠡᠯ ᠦᠭᠡᠢ | ᠪᠠᠷ ᠵᠠᠪᠰᠢᠶ᠎ᠠ ᠶᠢ ᠠᠯᠳᠠᠵᠥ᠂ ᠠᠮᠵᠢᠯᠳᠠ ᠣᠯᠬᠤ ᠪᠣᠯᠣᠯᠴᠠᠭ᠎ᠠ ᠶᠢ ᠭᠡᠭᠡᠵᠥ ᠣᠷᠭᠢᠳᠠᠭ᠃ ᠦᠪᠡᠷ ᠢ ᠪᠠᠨ ᠲᠡᠭᠡᠭᠡᠳ ᠢᠳᠡᠭᠡᠳᠡᠭ ᠭᠦᠮᠦᠨ ︽ᠠᠭᠤᠯᠨ ᠶᠢᠨ ᠪᠣᠭᠤ | ᠳᠤ ᠰᠠᠨᠠᠭᠠᠷᠬᠠᠵᠥ᠂ ᠣᠨᠣᠭᠰᠠᠨ ᠲᠡᠮᠡᠭᠡ ᠪᠠᠨ ᠠᠯᠳᠠᠬᠤ︾ ᠶᠠᠪᠣᠳᠠᠯ ᠳᠤ ᠴᠤ ᠲᠣᠯᠭᠠᠷᠴᠤ ᠮᠠᠳᠠᠨ᠎ᠠ᠃ ᠲᠡᠶᠢᠮᠣ ᠠᠴᠠ ᠠᠬᠠᠷ ᠣᠬᠠᠭᠠᠨ ᠳᠠᠭᠠᠨ ᠠᠷᠬᠠᠯᠠᠭᠳᠠᠭᠠᠳ | ᠰᠠᠭᠤᠵᠥ ᠪᠣᠯᠬᠤ ᠦᠭᠡᠢ᠂ ᠰᠠᠳᠭᠡᠯ ᠳᠤ ᠪᠠᠨ ᠪᠠᠳᠤ ᠢᠳᠡᠭᠡᠯ ᠲᠠᠢ ᠪᠠᠶᠢᠪᠠᠯ ᠵᠣᠯ ᠵᠢᠷᠭᠠᠯ᠂ ᠪᠠᠶᠠᠷ ᠪᠠᠶ᠋ᠰᠣᠯ ᠢᠶᠠᠷ ᠬᠤᠮᠰᠠᠳᠠᠬᠤ ᠦᠭᠡᠢ ᠭᠡᠳᠡᠭ ᠢ ᠰᠠᠳᠭᠡᠯ ᠢᠶᠠᠷ | ᠢᠶᠠᠨ ᠲᠡᠨᠢᠵᠥ᠂ ᠦᠪᠡᠷ ᠤᠨ ᠪᠡᠶ᠎ᠡ ᠪᠠᠨ ᠢᠳᠡᠭᠡᠵᠥ ᠠᠮᠢᠳᠣᠷᠠᠭᠠᠷᠠᠢ᠃ | ᠭᠡᠳᠤ ᠪᠣᠯᠭᠤᠮᠵᠢᠯᠠᠬᠤ ᠨᠢ ᠭᠡᠷᠡᠭ ᠠᠴᠠ ᠪᠡᠶ᠎ᠡ ᠪᠠᠨ ᠵᠡᠶᠢᠴᠠᠭᠤᠯᠵᠥ ᠪᠠᠶᠢᠬᠤ ᠶᠢᠨ ᠢᠯᠡᠷᠡᠯ ᠮᠦᠨ᠂ ᠨᠠᠷᠢᠪᠴᠯᠠᠨ ᠭᠡᠯᠡᠪᠡᠯ ᠰᠠᠳᠭᠡᠯ ᠤᠨ ᠲᠡᠩᠭᠡᠭᠡ ᠨᠢ | ᠰᠣᠯᠠᠷᠠᠭᠰᠠᠨ ᠤ ᠢᠯᠡᠷᠡᠯ ᠪᠣᠯᠣᠨ᠎ᠠ᠃ ᠵᠠᠷᠢᠮ ᠭᠦᠮᠦᠰ ᠶᠠᠮᠠᠷ ᠨᠢᠭᠡ ᠠᠵᠢᠯ ᠢ ᠡᠭᠡᠯᠡᠨ ᠭᠡᠭᠦ ᠠᠴᠠ ᠡᠮᠣᠨ᠎ᠠ ︽ᠢᠩᠭᠡᠪᠡᠯ ᠪᠣᠯᠣᠨ᠎ᠠ ᠤᠤ︖ ᠦᠭᠡᠢ ᠤᠤ︖︾ ︽ | ᠪᠢ ᠪᠦᠳᠦᠭᠡᠵᠥ ᠴᠢᠳᠠᠨ᠎ᠠ ᠤᠤ︖ ᠦᠭᠡᠢ ᠤᠤ︖︾ ᠭᠡᠭᠦ ᠮᠠᠳᠤ ᠠᠰᠠᠭᠤᠯᠳᠠ ᠲᠣᠷᠡᠳᠴᠤ᠂ ᠭᠡᠭᠦ ᠠᠴᠠ ᠡᠮᠣᠨ᠎ᠠ ᠭᠡᠴᠢᠶᠠᠵᠥ ᠪᠠᠶᠢᠳᠠᠭ᠃ ᠪᠣᠯᠭᠤᠮᠵᠢᠯᠠᠬᠤ ᠨᠢ | ᠦᠨᠡᠨ ᠳᠡᠭᠡᠨ ᠮᠠᠭᠤ ᠶᠠᠪᠣᠳᠠᠯ ᠪᠢᠰᠢ᠂ ᠡᠷᠡᠭᠦᠯ ᠰᠠᠷᠠᠭᠤᠯ ᠪᠣᠯᠭᠤᠮᠵᠢᠯᠠᠯ ᠨᠢ ᠶᠠᠮᠠᠷ ᠨᠢᠭᠡ ᠭᠡᠷᠡᠭ ᠶᠠᠪᠣᠳᠠᠯ ᠤᠨ ᠨᠠᠷᠢᠨ ᠣᠳᠬ᠎ᠠ ᠶᠢ ᠦᠢᠯᠭᠠᠵᠥ ᠰᠢᠢᠳᠪᠣᠷᠢ | ᠭᠠᠷᠭᠠᠬᠤ ᠳᠤ ᠲᠣᠰᠨ ᠲᠠᠢ ᠪᠠᠶᠢᠵᠥ᠂ ᠲᠣᠳᠠᠭᠤ ᠪᠣᠳᠣᠵᠥ᠂ ᠲᠣᠮᠳᠠᠭᠤᠷ ᠠᠯᠬᠤᠬᠤ ᠳᠤ ᠰᠠᠷᠠᠮᠵᠢ ᠦᠭᠴᠤ ᠠᠯᠳᠠᠭ᠎ᠠ ᠭᠠᠷᠭᠠᠬᠤ ᠨᠣᠷᠮ᠎ᠠ ᠶᠢ ᠵᠣᠭᠢᠬᠤ ᠭᠡᠮᠵᠢᠶ᠎ᠠ | ᠪᠠᠷ ᠪᠠᠭᠠᠰᠬᠠᠳᠠᠭ᠂ ᠭᠡᠳᠡᠯ᠎ᠡ ᠭᠡᠳᠣᠷᠭᠡᠢ ᠭᠡᠴᠢᠶᠠᠵᠥ ᠪᠣᠯᠭᠤᠮᠵᠢᠯᠠᠬᠤ ᠨᠢ ᠭᠦᠮᠦᠨ ᠤ ᠵᠣᠷᠢᠭ ᠢ ᠮᠣᠬᠤᠭᠤᠵᠥ ᠣᠷᠭᠢᠳᠠᠭ ᠶᠣᠮ᠃ ᠵᠢᠵᠢᠭ ᠠᠯᠳᠠᠭ᠎ᠠ ᠶᠢ ᠬᠠᠮᠢᠶᠠᠷᠣᠯ | ᠦᠭᠡᠢ ᠮᠠᠷᠳᠠᠵᠥ ᠰᠣᠷᠣᠭᠠᠷᠠᠢ᠃ ᠶᠠᠭᠤᠮ᠎ᠠ ᠪᠦᠭᠦᠨ ᠳᠤ ᠰᠠᠳᠭᠡᠯ ᠢᠶᠠᠨ ᠵᠦᠳᠡᠭᠡᠭᠡᠳ ᠪᠠᠶᠢᠪᠠᠯ ᠬᠠᠯᠠᠰᠢᠷᠠᠬᠤ ᠰᠠᠳᠭᠡᠭᠳᠡᠯ ᠲᠦᠷᠦᠭᠳᠡᠵᠥ ᠠᠮᠵᠢᠯᠳᠠ ᠳᠤ ᠭᠦᠷᠴᠦ | ᠴᠢᠳᠠᠬᠤ ᠦᠭᠡᠢ ᠶᠣᠮ᠃ ᠲᠡᠶᠢᠮᠣ ᠠᠴᠠ ᠵᠠᠷᠴᠢᠮ ᠤᠨ ᠴᠢᠨᠠᠷ ᠲᠠᠢ ᠠᠰᠠᠭᠤᠳᠠᠯ ᠲᠡᠭᠡᠷ᠎ᠡ ᠪᠣᠯᠭᠤᠮᠵᠢᠯᠠᠵᠥ᠂ ᠭᠢᠵᠥ ᠪᠦᠳᠦᠭᠡᠵᠥ ᠪᠣᠯᠬᠤᠶᠢᠴᠨ ᠭᠡᠷᠡᠭ ᠢ ᠲᠠᠳᠠᠭᠠᠯᠵᠠᠯ | ᠦᠭᠡᠢ ᠭᠢᠵᠥ ᠪᠦᠳᠦᠭᠡᠭᠡᠷᠡᠢ᠃ | ᠵᠣᠷᠢᠭ ᠮᠣᠬᠤᠬᠤ ᠪᠣᠯ ᠣᠷᠣᠭᠰᠢᠯᠠᠯᠳᠠ ᠶᠢᠨ ᠴᠢᠳᠣᠷ ᠲᠤᠱᠠ ᠪᠣᠯᠬᠤ ᠶᠣᠮ᠃ ︽ᠭᠢᠭᠦ ᠭᠦᠮᠦᠨ ᠠᠷᠭ᠎ᠠ ᠬᠠᠶᠢᠳᠠᠭ᠂ ᠭᠢᠭᠦ ᠦᠭᠡᠢ ᠭᠦᠮᠦᠨ ᠰᠢᠯᠳᠠᠭᠠᠨ | ᠬᠠᠶᠢᠳᠠᠭ︾ ︽︿ᠦᠭᠡᠢ﹀ ᠭᠡᠳᠡᠭ ᠦᠭᠡ ᠲᠦᠮᠡᠨ ᠦᠭᠡᠨ ᠤ ᠪᠦᠭᠯᠡᠭᠡᠰᠤ︾ ᠭᠡᠳᠡᠭ᠃ ᠣᠮᠤᠭ ᠲᠠᠢ ᠪᠠᠶᠢᠬᠤ ᠪᠣᠯ ᠰᠠᠳᠭᠡᠯ ᠤᠨ ᠲᠡᠩᠭᠡᠭᠡ ᠴᠢᠩᠭ᠎ᠠ ᠪᠠᠶᠢᠬᠤ ᠶᠢᠨ | ᠢᠯᠡᠷᠡᠯ ᠮᠦᠨ᠃ ᠭᠡᠪᠡᠴᠤ ᠪᠣᠰᠣᠳ ᠲᠤ ᠲᠡᠭᠡᠷᠡᠯᠭᠡᠵᠥ ᠪᠡᠶ᠎ᠡ ᠪᠠᠨ ᠭᠠᠶᠢᠬᠠᠭᠤᠯᠵᠥ ᠪᠠᠷᠳᠠᠮᠨᠠᠬᠤ ᠨᠢ ᠬᠠᠷᠢᠨ ᠡᠭᠡᠯ ᠲᠣᠷᠣᠢ ᠡᠷᠭᠡᠭᠦᠦ ᠭᠦᠮᠦᠨ ᠤ ᠰᠢᠠᠵᠢ ᠪᠣᠯᠬᠤ | ᠶᠣᠮ᠃ ᠭᠦᠰᠠᠯ ᠵᠣᠷᠢᠯᠳᠠ ᠪᠠᠨ ᠪᠡᠶᠡᠯᠡᠭᠦᠯᠦᠨ᠎ᠠ ᠭᠡᠪᠡᠯ ︽ᠬᠠᠯᠨ ᠠᠴᠠ ᠡᠮᠢᠶᠠᠭᠦ ᠦᠭᠡᠢ᠂ ᠬᠠᠳᠠᠭᠤ ᠠᠴᠠ ᠵᠢᠷᠣᠭᠡᠰᠢᠶᠡᠭᠦ ᠦᠭᠡᠢ︾ ᠴᠢᠩ ᠵᠣᠷᠢᠭ ᠪᠠᠷᠢᠵᠥ᠂ | ᠠᠮᠢᠳᠣᠷᠠᠯ ᠤᠨ ᠵᠠᠮ ᠳᠤ ᠣᠷᠣᠭᠤᠳᠠᠵᠥ ᠶᠠᠪᠣᠪᠠᠴᠤ᠂ ᠪᠦᠳᠦᠷᠡᠵᠥ ᠣᠨᠠᠪᠠᠴᠤ ᠤᠷᠴᠢᠯᠡᠩ ᠤᠨ ᠬᠠᠳᠠᠭᠤ ᠵᠦᠳᠡᠭᠦᠷᠢ ᠶᠢ ᠣᠰᠢᠶᠠᠳᠠᠭ ᠦᠭᠡᠢ ᠰᠢᠷᠪᠣᠰᠦᠯᠢᠭ ᠵᠣᠷᠢᠭ | ᠢᠶᠠᠨ ᠡᠷᠴᠢᠯᠡᠵᠥ ᠪᠠᠶᠢᠭᠠᠳ ᠢᠯᠠᠭᠳᠠᠯ ᠢᠶᠠᠷ ᠢᠯᠠᠯᠳᠠ ᠶᠢ ᠣᠷᠢᠶᠠᠯᠠᠵᠥ᠂ ᠢᠨᠢᠶᠠᠮᠰᠦᠭᠯᠠᠯ ᠢᠶᠠᠷ ᠢᠷᠡᠭᠡᠳᠣᠢ ᠪᠠᠨ ᠪᠠᠷᠠᠯᠠᠵᠥ ᠶᠠᠪᠣᠭᠠᠷᠠᠢ᠃ ᠠᠵᠢᠯ ᠭᠦᠮᠦᠨ ᠢ | ᠭᠤᠯᠣᠳᠠᠭ ᠦᠭᠡᠢ᠂ ᠭᠦᠮᠦᠨ ᠠᠵᠢᠯ ᠢ ᠭᠤᠯᠣᠳᠠᠭ᠂ ᠠᠵᠢᠯ ᠢᠶᠠᠨ ᠭᠤᠯᠣᠭᠰᠠᠨ ᠭᠦᠮᠦᠨ ᠢ ᠠᠮᠢᠳᠣᠷᠠᠯ ᠭᠡᠵᠢᠶᠠᠳᠠ ᠭᠤᠯᠣᠳᠠᠭ ᠶᠣᠮ᠃ ᠠᠵᠢᠯᠴᠢ ᠭᠦᠮᠦᠨ ᠤ ᠭᠠᠷ | ᠲᠤ ᠠᠷᠵᠠᠭᠠᠷ ᠴᠢᠯᠠᠭᠤ ᠴᠤ ᠭᠢᠯᠡᠯᠵᠠᠨᠠ᠃ ︽ᠮᠠᠭᠤ ᠴᠣᠭᠴᠨ ᠶᠢ ᠰᠠᠶᠢᠨ ᠵᠣᠷᠢᠭ ᠴᠢᠷᠡᠨᠡ︾ ᠭᠡᠳᠡᠭ ᠲᠣᠩ ᠦᠨ᠋ᠨᠨ ᠦᠭᠡ ᠡ᠃ ᠲᠡᠶᠢᠮᠣ ᠠᠴᠠ ᠪᠠᠭ᠎ᠠ | ᠮᠡᠳᠡᠭᠰᠠᠨ ᠳᠡᠭᠡᠨ ᠪᠠᠷᠳᠠᠮᠨᠠᠵᠥ᠂ ᠬᠠᠭᠠᠰ ᠴᠢᠳᠠᠭᠰᠠᠨ ᠳᠡᠭᠡᠨ ᠬᠠᠨᠣᠭᠠᠳ ᠰᠠᠭᠤᠵᠥ ᠪᠣᠯᠬᠤ ᠦᠭᠡᠢ᠂ ᠰᠠᠳᠭᠡᠯ ᠤᠨ ᠭᠠᠯ ᠢᠶᠠᠷ ᠦᠪᠡᠷ ᠢ ᠪᠠᠨ ᠣᠷᠮᠠᠰᠢᠭᠤᠯᠣᠨ | ᠵᠣᠷᠢᠭᠵᠢᠭᠤᠯᠵᠥ ᠶᠠᠪᠣᠪᠠᠯ ᠵᠣᠷᠢᠭᠰᠠᠨ ᠵᠠᠮ ᠰᠠᠷᠠᠭᠤᠯᠬᠠᠨ︕ | ︽ᠬᠤᠯᠨ ᠭᠡᠮᠡᠨ ᠪᠣᠣ ᠴᠦᠭᠦ᠂ ᠶᠠᠪᠣᠪᠠᠰᠤ ᠭᠦᠷᠦᠶᠣ᠂ ᠭᠦᠡᠳᠤ ᠭᠡᠮᠡᠨ ᠪᠣᠣ ᠴᠦᠭᠦ᠂ ᠡᠷᠭᠦᠪᠡᠰᠤ ᠲᠠᠭᠠᠭᠠᠶᠣ︾ ᠭᠡᠳᠡᠭ ᠠᠯᠳᠠᠨ ᠰᠣᠷᠭᠠᠯ ᠢ ᠣᠬᠠᠭᠠᠨ | ᠳᠠᠭᠠᠨ ᠬᠤᠨᠣᠭᠰᠢᠭᠤᠯᠵᠥ ᠶᠠᠪᠣᠭᠠᠷᠠᠢ᠃ |