ᠮᠤᠩᠭᠤᠯ《 ᠳ᠋ᠠᠨᠵᠤᠤᠷ ᠤᠨ ᠲᠤᠬᠠᠢ 》
ᠨᠡᠶᠢᠲᠡᠯᠡᠭᠰᠡᠨ ᠴᠠᠭ᠄
2023/3/13
   ᠮᠤᠩᠭᠤᠯ 《 ᠳ᠋ᠠᠨᠵᠤᠤᠷ ᠤᠨ ᠲᠤᠬᠠᠢ 》                  《 ᠳ᠋ᠠᠨᠵᠤᠤᠷ 》ᠭᠡᠲᠡᠭ ᠨᠢ《 ᠱᠠᠰᠳᠢᠷ ᠤᠨ ᠤᠷᠴᠢᠭᠤᠯᠭ᠎ᠠ 》ᠭᠡᠰᠡᠨ ᠲᠦᠪᠡᠳ ᠦᠭᠡ ᠶᠤᠮ᠃       ᠡᠨᠡ ᠨᠢ ᠡᠷᠲᠡᠨ ᠤ ᠡᠨᠡᠳᠭᠡᠭ᠂ ᠲᠦᠪᠡᠳ ᠤᠨ ᠡᠷᠲᠡᠮᠲᠡᠨ ᠪᠠᠨᠳᠢᠳᠠ ᠨᠠᠷ ᠤᠨ ᠲᠠᠪᠤᠨ ᠤᠬᠠᠭᠠᠨ ᠤ《 ᠲᠤᠲᠤᠭᠠᠲᠤ ᠤᠬᠠᠭᠠᠨ 》᠂《 ᠤᠷᠠᠯᠠᠬᠤᠢ ᠤᠬᠠᠭᠠᠨ 》᠂《 ᠤᠴᠢᠷ ᠰᠢᠯᠲᠠᠭᠠᠨ ᠤ ᠤᠬᠠᠭᠠᠨ 》᠂《 ᠲᠡᠵᠢᠭᠡᠬᠦᠢ ᠤᠬᠠᠭᠠᠨ 》᠂《 ᠲᠠᠭᠤᠨ ᠤᠬᠠᠭᠠᠨ 》᠎ ᠤ 3400 ᠭᠠᠷᠤᠢ ᠵᠤᠬᠢᠶᠠᠯ ᠢ ᠡᠮᠬᠢᠳᠭᠡᠭᠰᠡᠨ ᠲᠤᠮᠤ ᠴᠤᠮᠤᠷᠯᠢᠭ ᠪᠤᠯᠤᠨ᠎ᠠ᠃《 ᠳ᠋ᠠᠨᠵᠤᠤᠷ 》᠎ ᠲᠤ ᠪᠠᠭᠲᠠᠬᠤ ᠶᠡᠭᠡ ᠪᠠᠭ᠎ᠠ ᠲᠠᠪᠤᠨ ᠤᠬᠠᠭᠠᠨ ᠤ ᠵᠤᠬᠢᠶᠠᠯ ᠠᠴᠠ ᠲᠦᠪᠡᠳ ᠬᠡᠯᠡᠨ ᠳᠤ ᠶᠢᠰᠦᠲᠦᠭᠡᠷ ᠵᠠᠭᠤᠨ ᠤ ᠦᠶᠡᠰ ᠤᠷᠴᠢᠭᠤᠯᠵᠤ ᠡᠬᠢᠯᠡᠭᠡᠳ ᠠᠷᠪᠠᠨ ᠲᠦᠷᠪᠡᠲᠦᠭᠡᠷ ᠵᠠᠭᠤᠨ ᠤ ᠦᠶ᠎ᠡ ᠳᠤ ᠲᠤᠰᠬᠠᠢ ᠴᠤᠮᠤᠷᠯᠢᠭ ᠪᠤᠯᠭᠠᠵᠠᠢ᠃            《 ᠳ᠋ᠠᠨᠵᠤᠤᠷ 》᠎ ᠤᠨ ᠲᠤᠲᠤᠷᠠᠬᠢ ᠨᠤᠮ ᠵᠤᠬᠢᠶᠠᠯ ᠠᠴᠠ ᠮᠤᠩᠭᠤᠯᠴᠤᠳ ᠪᠦᠷ ᠠᠷᠪᠠᠨ ᠲᠦᠷᠪᠡᠲᠦᠭᠡᠷ ᠵᠠᠭᠤᠨ ᠤ ᠡᠬᠢᠨ ᠦᠶᠡᠰ ᠤᠷᠴᠢᠭᠤᠯᠵᠤ᠂ ᠲᠠᠶᠢᠯᠪᠤᠷᠢ ᠰᠤᠲᠤᠯᠭ᠎ᠠ ᠬᠢᠵᠦ ᠪᠠᠶᠢᠯ᠎ᠠ᠃ ᠬᠠᠷᠢᠨ《 ᠳ᠋ᠠᠨᠵᠤᠤᠷ 》 ᠨᠤᠮ ᠢ ᠪᠦᠬᠦᠯᠢ ᠳᠤ ᠨᠢ ᠤᠷᠴᠢᠭᠤᠯᠵᠤ ᠬᠡᠪᠯᠡᠭᠦᠯᠬᠦ ᠠᠵᠢᠯ ᠢ ᠠᠷᠪᠠᠨ ᠨᠠᠢᠮᠠᠲᠤᠭᠠᠷ ᠵᠠᠭᠤᠨ ᠤ ᠲᠡᠷᠢᠭᠦᠨ ᠬᠠᠭᠠᠰ ᠲᠤ ᠷᠤᠯᠪᠢᠲᠤᠷᠵᠢ ᠶᠢᠨ ᠤᠲᠤᠷᠢᠲᠤᠯᠭ᠎ᠠ ᠪᠠᠷ ᠮᠤᠩᠭᠤᠯ ᠤᠨ ᠤᠯᠠᠨ ᠨᠤᠲᠤᠭ ᠬᠤᠰᠢᠭᠤᠳ ᠠᠴᠠ ᠴᠤᠬᠯᠠᠷᠠᠬᠰᠠᠨ 200 ᠤᠷᠴᠢᠮ ᠤᠷᠴᠢᠭᠤᠯᠤᠬᠴᠢ ᠨᠠᠷ ᠪᠤᠭᠤᠨᠢ ᠬᠤᠭᠤᠴᠠᠭᠠᠨ ᠳᠤ ᠠᠮᠵᠢᠯᠲᠠ ᠲᠠᠢ ᠬᠢᠵᠦ ᠬᠦᠢᠴᠡᠳᠭᠡᠭᠰᠡᠨ ᠶᠤᠮ᠃  ᠮᠤᠩᠭᠤᠯ《 ᠳ᠋ᠠᠨᠵᠤᠤᠷ 》᠎ ᠲᠤ ᠠᠩᠬᠠᠨ ᠤ ᠲᠦᠯᠦᠪᠯᠡᠭᠡ ᠎ ᠪᠠᠷ ᠢᠶᠠᠨ ᠡᠨᠡᠳᠭᠡᠭ ᠤᠨ ᠡᠷᠲᠡᠮᠲᠡᠨ᠂ ᠵᠤᠬᠢᠶᠠᠯᠴᠢᠳ ᠤᠨ ᠪᠦᠲᠦᠭᠡᠯ ᠠᠴᠠ ᠭᠠᠲᠠᠨ᠎ᠠ ᠲᠦᠪᠡᠳ ᠤᠨ ᠱᠠᠰᠢᠨ ᠤ ᠲᠤᠮᠤᠬᠠᠨ ᠵᠢᠳᠬᠦᠯᠲᠡᠨ ᠨᠠᠷ ᠤᠨ ᠵᠠᠷᠢᠮ ᠵᠤᠬᠢᠶᠠᠯ ᠎ ᠠᠴᠠ ᠤᠷᠤᠭᠤᠯᠵᠤ 253 ᠪᠤᠲᠢ ᠪᠤᠶᠤ 3500 ᠭᠠᠷᠤᠢ ᠨᠤᠮ ᠱᠠᠰᠲᠢᠷ ᠪᠠᠭᠲᠠᠭᠠᠬᠤ ᠵᠤᠷᠢᠯᠭ᠎ᠠ ᠲᠠᠢ ᠪᠠᠶᠢᠵᠡᠢ᠃ ᠭᠡᠰᠡᠨ ᠴᠦ 1749 ᠤᠨ ᠤ ᠦᠶ᠎ᠡ ᠳᠤ ᠬᠡᠪᠯᠡᠭᠲᠡᠭᠰᠡᠨ ᠮᠤᠩᠭᠤᠯ《 ᠳ᠋ᠠᠨᠵᠤᠤᠷ 》᠎ ᠲᠤ 225 ᠪᠤᠲᠢ ᠪᠤᠶᠤ 3427 ᠨᠠᠷ᠎ᠡ ᠲᠦᠷᠥᠯ ᠤᠨ ᠵᠤᠬᠢᠶᠠᠯ ᠪᠠᠭᠲᠠᠭᠠᠬᠰᠠᠨ ᠪᠠᠶᠢᠨ᠎ᠠ᠃《 ᠳ᠋ᠠᠨᠵᠤᠤᠷ》᠎ ᠢ ᠴᠤᠬᠤᠮ ᠤᠷᠴᠢᠭᠤᠯᠵᠤ ᠬᠡᠪᠯᠡᠬᠦ ᠠᠵᠢᠯ 1742—1749 ᠤᠨ ᠤ ᠤᠷᠴᠢᠮ ᠬᠢᠭᠲᠡᠭᠰᠡᠨ ᠪᠤᠯᠪᠠᠴᠦ ᠲᠡᠭᠦᠨ ᠤ ᠪᠡᠯᠡᠳᠭᠡᠯ ᠨᠡᠯᠢᠶᠡᠳ ᠲᠦᠷᠦᠭᠦᠨ ᠡᠬᠢᠯᠡᠭᠰᠡᠨ ᠪᠢᠯᠡ᠃ 1724 ᠤᠨ ᠳᠤ《 ᠳ᠋ᠠᠨᠵᠤᠤᠷ 》᠎ ᠢ ᠤᠷᠴᠢᠭᠤᠯᠬᠤ᠂ ᠬᠠᠭᠠᠨ ᠤ ᠵᠠᠷᠯᠢᠭ ᠭᠠᠷᠤᠬᠰᠠᠨ ᠠᠴᠠ ᠮᠤᠩᠭᠤᠯ ᠤᠨ ᠤᠯᠠᠨ ᠬᠤᠰᠢᠭᠤ ᠨᠤᠲᠤᠭ ᠠᠴᠠ ᠤᠷᠴᠢᠭᠤᠯᠤᠬᠴᠢ᠂ ᠠᠷᠢᠭᠤᠳᠬᠠᠨ ᠰᠢᠭᠦᠭᠴᠢ᠂ ᠪᠡᠷᠴᠢᠨ ᠵᠡᠷᠭᠡ ᠬᠡᠪᠯᠡᠯ᠂ ᠤᠳᠬ᠎ᠠ ᠵᠤᠬᠢᠶᠠᠯ ᠤᠨ ᠮᠡᠷᠭᠡᠵᠢᠯ ᠤᠨ ᠬᠦᠮᠦᠰ ᠢ ᠵᠠᠷᠯᠠᠨ ᠴᠤᠬᠯᠠᠭᠤᠯᠤᠬᠰᠠᠨ ᠠᠵᠢ᠃                ᠮᠤᠩᠭᠤᠯ《 ᠳ᠋ᠠᠨᠵᠤᠤᠷ 》᠎ ᠲᠤ ᠤᠷᠤᠬᠰᠠᠨ ᠪᠦᠬᠦ ᠵᠤᠬᠢᠶᠠᠯ ᠨᠢ ᠵᠦᠪᠬᠡᠨ 1742—1749 ᠤᠨ ᠤ ᠬᠤᠭᠤᠷᠤᠨᠲᠤ ᠴᠤ᠋ ᠰᠢᠨ᠎ᠡ ᠪᠠᠷ ᠤᠷᠴᠢᠭᠤᠯᠤᠬᠲᠠᠬᠰᠠᠨ ᠪᠤᠰᠤ᠂ ᠬᠠᠭᠤᠴᠢᠨ ᠤᠷᠴᠢᠭᠤᠯᠭ᠎ᠠ ᠶᠢ ᠪᠠᠭ᠎ᠠ ᠰᠠᠭ᠎ᠠ ᠨᠠᠶᠢᠷᠠᠭᠤᠯᠤᠨ ᠵᠠᠰᠠᠭᠠᠳ ᠤᠷᠤᠭᠤᠯᠤᠬᠰᠠᠨ ᠨᠢ ᠴᠦᠭᠡᠨ ᠦᠭᠡᠢ ᠪᠤᠢ᠃ ᠡᠭᠦᠨ ᠤ ᠪᠠᠷᠢᠮᠲᠠ ᠶᠢ ᠮᠤᠩᠭᠤᠯ《 ᠳ᠋ᠠᠨᠵᠤᠤᠷ 》᠎ ᠤᠨ ᠵᠠᠷᠢᠮ ᠵᠤᠬᠢᠶᠠᠯ ᠤᠨ ᠲᠡᠭᠦᠰᠭᠡᠯ ᠤᠨ ᠦᠭᠡᠰ ᠬᠡᠷᠡᠴᠢᠯᠡᠵᠤ ᠪᠠᠶᠢᠨ᠎ᠠ᠃       ᠨᠤᠮ ᠵᠦᠢ〔 ᠮᠤᠩᠭᠤᠯ〕 ᠳ᠋᠊·᠂ ᠴᠡᠷᠢᠩᠰᠤᠳᠨᠠᠮ ᠵᠤᠬᠢᠶᠠᠪᠠ᠂ ᠮᠤᠩᠭᠤᠯ《 ᠭᠠᠨᠵᠤᠤᠷ 》᠂《 ᠳ᠋ᠠᠨᠵᠤᠤᠷ 》᠎ ᠤᠨ ᠲᠡᠭᠦᠰᠭᠡᠯ ᠤᠨ ᠰᠢᠯᠦᠭ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2019 ᠤᠨ ᠤ 10 ᠰᠠᠷ᠎ᠠ ᠠᠩᠬᠠᠲᠤᠭᠠᠷ ᠬᠡᠪ᠂ 87—88 .  
ᠢᠷᠡᠯᠲᠡ᠄ ᠬᠤᠯᠪᠤᠭ᠎ᠠ ᠰᠦᠯᠵᠢᠶ᠎ᠡ