ᠲᠠᠶᠢᠯ ᠪᠣᠭᠲᠠ ᠶᠢᠨ ᠲᠠᠬᠢᠯᠭ᠎ᠠ
ᠨᠡᠶᠢᠲᠡᠯᠡᠭᠰᠡᠨ ᠴᠠᠭ᠄
2023/3/13
ᠲᠠᠶᠢᠯ ᠪᠣᠭᠲᠠ ᠶᠢᠨ ᠲᠠᠬᠢᠯᠭ᠎ᠠ       ᠬᠡᠳᠦᠨ ᠵᠠᠭᠤᠨ ᠵᠢᠯ ᠤᠷᠬᠢᠭᠳᠠᠭᠰᠠᠨ ᠦᠭᠡᠢ ᠲᠠᠶᠢᠯ ᠪᠣᠭᠲᠠ ᠶᠢᠨ ᠲᠠᠬᠢᠯᠭ᠎ᠠ —       ᠬᠠᠪᠤᠲᠤ ᠬᠠᠰᠠᠷ ᠤᠨ ᠲᠠᠬᠢᠯᠭ᠎ᠠ ᠪᠣᠯ ᠲᠠᠶᠢᠯ ᠪᠣᠭᠲᠠ ᠶᠢᠨ ᠬᠦᠷᠦᠭ ᠵᠢᠷᠤᠭ ᠪᠠ ᠰᠦᠯᠳᠡ᠂ ᠨᠤᠮᠤ ᠰᠤᠮᠤ᠂ ᠰᠡᠯᠡᠮ᠎ᠡ ᠵᠡᠷᠭᠡ ᠡᠳ᠋ᠯᠡᠯ ᠬᠡᠷᠡᠭᠰᠡᠯ ᠤᠨ ᠬᠢᠨᠢ ᠲᠠᠬᠢᠯᠭ᠎ᠠ ᠪᠣᠯᠣᠨ᠎ᠠ᠃ ᠬᠠᠰᠠᠷ ᠤᠨ ᠲᠠᠬᠢᠯᠭ᠎ᠠ ᠦᠪᠦᠷ ᠮᠤᠩᠭᠤᠯ ᠤᠨ ᠨᠡᠯᠢᠶᠡᠳ ᠤᠯᠠᠨ ᠭᠠᠵᠠᠷ ᠲᠤ ᠶᠠᠪᠤᠭᠳᠠᠵᠤ ᠪᠠᠶᠢᠨ᠎ᠠ᠃ ᠭᠤᠤᠯ ᠲᠦᠯᠦᠭᠡᠯᠡᠬᠦ ᠴᠢᠨᠠᠷᠲᠠᠢ ᠨᠢ ᠳᠠᠷᠬᠠᠨ ᠮᠤᠤᠮᠢᠩᠭᠠᠨ ᠬᠤᠰᠢᠭᠤᠨ ᠤ ᠰᠢᠨ᠎ᠡ ᠪᠣᠯᠠᠭ ᠰᠣᠮᠣᠨ ᠳᠠᠬᠢ ᠣᠷᠳᠣᠨ ᠤ ᠲᠠᠬᠢᠯᠭ᠎ᠠ ᠪᠠ ᠣᠷᠳᠣᠰ ᠤᠨ ᠣᠲᠤᠭ ᠬᠤᠰᠢᠭᠤᠨ ᠳᠤ ᠪᠠᠶᠢᠭ᠎ᠠ ᠬᠡᠷᠢᠶᠡᠰᠦᠨ ᠰᠢᠳᠦᠭᠡᠨ — ᠠᠯᠠᠭ ᠰᠦᠯᠳᠡ ᠶᠢᠨ ᠲᠠᠬᠢᠯᠭ᠎ᠠ᠂ ᠤᠯᠠᠭᠠᠨᠬᠠᠳᠠ ᠬᠤᠲᠠ ᠳᠤ ᠲᠠᠬᠢᠭᠳᠠᠵᠤ ᠪᠠᠶᠢᠭ᠎ᠠ ᠬᠠᠰᠠᠷ ᠤᠨ ᠤᠪᠤᠭᠠᠨ ᠤ ᠲᠠᠬᠢᠯᠭ᠎ᠠ ᠪᠣᠯᠣᠨ᠎ᠠ᠃           ᠮᠠᠨ ᠤ ᠤᠷᠠᠳ ᠨᠤᠲᠤᠭ ᠲᠤ ᠤᠯᠠᠮᠵᠢᠯᠠᠭᠳᠠᠨ ᠢᠷᠡᠭᠰᠡᠨ ᠲᠠᠬᠢᠯᠭ᠎ᠠ ᠨᠤᠭᠤᠳ ᠨᠢ ᠮᠤᠨᠠ ᠠᠭᠤᠯᠠ ᠶᠢᠨ ᠮᠡᠷᠭᠡᠨ ᠰᠢᠷ᠎ᠠ ᠤᠷᠤᠢ ᠶᠢᠨ ᠠᠷᠤ ᠳᠤ ᠪᠠᠶᠢᠭ᠎ᠠ ᠰᠠᠭᠠᠳᠠᠭ ᠰᠣᠮᠣᠨ ᠳᠠᠬᠢ ᠬᠠᠰᠠᠷ ᠪᠤᠭᠳᠠ ᠶᠢᠨ ᠰᠠᠭᠠᠳᠠᠭ ᠢᠶᠠᠨ ᠬᠠᠳᠬᠤᠵᠤ ᠰᠠᠭᠤᠭᠰᠠᠨ ᠤᠯᠠᠭᠠᠨ ᠤ ᠤᠷᠤᠢ ᠪᠠ ᠪᠠᠶᠢᠭᠠᠯᠢᠯᠢᠭ ᠪᠦᠲᠦᠭᠰᠡᠨ ᠬᠠᠰᠠᠷ ᠪᠤᠭᠲᠠ ᠶᠢᠨ ᠬᠠᠳᠠᠨ ᠳᠦᠷᠢ ᠶᠢ ᠲᠠᠬᠢᠬᠤ ᠪᠠᠷ ᠭᠤᠤᠯᠳᠠᠵᠤ᠂ ᠪᠠᠰᠠ ᠬᠠᠷᠢᠶᠠᠯᠴᠢ ᠡᠮᠡᠭᠡᠨ ᠢ ᠬᠠᠷᠪᠤᠬᠤ ᠪᠠᠷ ᠬᠠᠰᠠᠷ ᠪᠤᠭᠳᠠ ᠪᠡᠶ᠎ᠡ ᠪᠠᠨ᠂ ᠲᠡᠩᠭᠡᠭᠡ ᠪᠠᠨ ᠰᠡᠷᠭᠦᠭᠡᠬᠦ ᠵᠠᠭᠤᠨ ᠬᠠᠷ᠎ᠠ ᠬᠤᠨᠢᠨ ᠤ ᠮᠢᠬ᠎ᠠ ᠴᠢᠨᠠᠬᠤ ᠳᠤ ᠤᠰᠤ ᠠᠪᠤᠭᠰᠠᠨ ᠬᠠᠷᠢᠶᠠᠴᠠᠢ ᠶᠢᠨ ᠬᠠᠳᠠᠨ ᠪᠣᠯᠠᠭ ᠤᠨ ᠲᠠᠬᠢᠯᠭ᠎ᠠ᠂ ᠬᠠᠰᠠᠷ ᠪᠣᠭᠲᠠ ᠶᠢᠨ ᠪᠢᠷ᠎ᠡ ᠴᠢᠳᠠᠯ ᠢᠶᠠᠨ ᠲᠡᠩᠰᠡᠵᠦ ᠬᠠᠷᠪᠤᠭᠰᠠᠨ ᠴᠢᠯᠠᠭᠤᠨ ᠤ ᠲᠤᠰᠤᠭᠰᠠᠨ ᠭᠠᠵᠠᠷ ᠲᠠᠬᠢ ᠤᠪᠤᠭᠠᠨ ᠤ ᠲᠠᠬᠢᠯᠭ᠎ᠠ ᠪᠣᠯᠣᠨ᠎ᠠ᠃             ᠨᠤᠲᠤᠭ ᠤᠨ ᠤᠯᠠᠮᠵᠢᠯᠠᠯᠲᠤ ᠶᠠᠷᠢᠶᠠᠨ ᠳᠤ ᠡᠨᠡ ᠬᠦ ᠲᠠᠬᠢᠯᠭ᠎ᠠ ᠨᠢ ᠲᠤᠬᠠᠢ ᠶᠢᠨ ᠦᠶ᠎ᠡ ᠳᠤ ᠪᠠᠷᠠᠭᠤᠨ ᠬᠤᠰᠢᠭᠤᠨ ᠤ ᠶᠠᠮᠤᠨ ᠠᠴᠠ ᠮᠡᠷᠭᠡᠨ ᠤ ᠰᠦᠮ᠎ᠡ ᠪᠣᠯᠣᠨ ᠭᠧᠮᠫᠢ ᠶᠢᠨ ᠰᠦᠮ᠎ᠡ ᠳᠤ ᠲᠠᠬᠢᠯᠭ᠎ᠠ ᠪᠠᠨ ᠡᠬᠢᠯᠡᠬᠦᠯᠦᠭᠰᠡᠨ ᠤᠴᠢᠷ ᠲᠠᠢ᠃ ᠰᠣᠶᠣᠯ ᠤᠨ ᠬᠤᠪᠢᠰᠬᠠᠯ ᠤᠨ ᠳᠤᠮᠳᠠ ᠭᠧᠮᠫᠢ ᠶᠢᠨ ᠰᠦᠮ᠎ᠡ ᠡᠪᠳᠡᠭᠳᠡᠭᠰᠠᠨ ᠪᠣᠯᠪᠠᠴᠣ ᠨᠤᠲᠤᠭ ᠤᠨ ᠠᠷᠠᠳ ᠨᠢᠭᠤᠴᠠ ᠪᠠᠷ ᠲᠠᠬᠢᠯᠭ᠎ᠠ ᠪᠠᠨ ᠦᠷᠬᠦᠯᠵᠢᠯᠡᠬᠦᠯᠵᠦ᠂ ᠡᠳᠦᠭᠡ ᠬᠦᠷᠲᠡᠯ᠎ᠡ ᠤᠯᠠᠮᠵᠢᠯᠠᠨ ᠦᠨᠳᠦᠰᠦᠲᠡᠨ ᠤ ᠵᠠᠩ ᠦᠢᠯᠡ᠂ ᠰᠤᠶᠤᠯ ᠎ ᠤᠨ ᠦᠪ ᠬᠦᠷᠦᠩᠭᠡ ᠪᠣᠯᠵᠤ ᠦᠯᠡᠳᠡᠵᠡᠢ᠃                                                          — ᠲᠡᠦᠬᠡᠨ ᠳᠡᠮᠳᠡᠭᠯᠡᠯ ᠠᠴᠠ 
ᠢᠷᠡᠯᠲᠡ᠄ ᠬᠤᠯᠪᠤᠭ᠎ᠠ ᠰᠦᠯᠵᠢᠶ᠎ᠡ