ᠬᠤ᠋᠂ ᠠᠯᠳ᠋ᠬᠠᠠᠭᠤᠯᠠ ᠴᠠᠭᠠᠨᠳᠡᠮᠣᠷ ︵︖——1362 ᠣᠨ︶ ᠪᠣᠯ ᠮᠣᠩᠭᠤᠯ ᠤᠨ ᠨᠠᠵᠮᠠᠨ ᠣᠪᠣᠭᠳᠠᠨ᠂ ᠮᠣᠩᠭᠤᠯ ᠶᠣᠸᠠᠨ ᠣᠯᠣᠰ ᠤᠨ | ᠰᠡᠭᠦᠯᠴᠢ ᠶᠢᠨ ᠠᠯᠳᠠᠷᠳᠦ ᠵᠠᠩᠵᠣᠨ ᠶᠤᠮ᠃ ᠳᠡᠭᠡᠳᠦᠰ ᠨᠢ ᠪᠣᠯ ᠮᠣᠩᠭᠤᠯ ᠬᠠᠭᠠᠨᠲᠦ ᠣᠯᠣᠰ ᠤᠨ ᠰᠠᠭᠤᠷᠢᠯᠠᠭᠴᠢ ᠶᠢᠨ ᠨᠢᠭᠡᠨ ᠪᠣᠯᠬᠤ ᠠᠯᠳᠠᠷᠳᠦ ᠮᠣᠬᠤᠯᠠᠢ | ᠵᠠᠩᠵᠣᠨ ᠶᠤᠮ᠃ ᠴᠠᠭᠠᠨᠳᠡᠮᠣᠷ ᠤᠨ ᠡᠪᠦᠭᠡ ᠨᠢ ᠨᠠᠵᠮᠠᠨᠲᠠᠢ᠂ ᠯᠢᠶᠣᠣᠶᠠᠩ ᠶᠠᠪᠣᠭᠤᠯ ᠮᠣᠵᠢ ᠶᠢᠨ ᠵᠡᠭᠦᠨ ᠭᠠᠷᠣᠨ ᠴᠧᠩᠰᠢᠶᠠᠩ᠂ ᠲᠠᠶᠢᠱᠢ ᠲᠣᠰᠢᠶᠠᠯ ᠳᠤᠷ ᠪᠠᠶᠢᠪᠠ᠃ | ᠡᠴᠢᠭᠡ ᠨᠢ ᠠᠷᠢᠭᠤᠨ ᠭᠡᠳᠡᠭ᠂ ᠢᠩᠵᠧᠦ ᠶᠢᠨ ᠱᠧᠨᠴᠢᠦ ︵ᠣᠳᠦ ᠶᠢᠨ ᠠᠨ ᠾᠦᠢ ᠮᠣᠵᠢ ᠶᠢᠨ ᠯᠢᠨ ᠴᠢᠣᠸᠠᠨ︶ ᠶᠢᠨ ᠬᠦᠮᠦᠨ᠃ ᠴᠠᠭᠠᠨᠳᠡᠮᠣᠷ ᠪᠠᠭ᠎ᠠ ᠠᠴᠠ | ᠰᠣᠷᠬᠤᠢ ᠳᠤᠷ ᠲᠣᠷᠠᠲᠠᠢ᠂ ᠣᠷᠣᠭᠰᠠᠳ ᠴᠣᠯᠠ ᠡᠷᠭᠦᠮᠵᠢᠯᠡᠭᠳᠡᠪᠡ᠃ | ᠨᠢᠭᠡ᠂ ᠵᠢᠷᠦᠮ ᠤᠨ ᠴᠡᠷᠢᠭ ᠪᠠᠶᠢᠭᠤᠯᠣᠨ ᠣᠯᠠᠭᠠᠨ ᠠᠯᠴᠢᠭᠤᠷᠲᠡᠨ ᠤ ᠴᠡᠷᠢᠭ ᠤᠨ ᠣᠷᠪᠠᠯᠭᠠᠨ ᠢ ᠲᠦᠪᠰᠢᠳᠭᠡᠪᠡ ᠶᠣᠸᠠᠨ ᠣᠯᠣᠰ ᠤᠨ ᡁᠢ ᠵᠧᠩ ᠤᠨ | 11 ᠳ᠋ᠣᠭᠡᠷ ᠣᠨ ︵ᠣᠨ ᠲᠣᠭᠠᠯᠠᠯ ᠤᠨ 1351 ᠣᠨ︶ ᠤ 5 ᠰᠠᠷ᠎ᠡ ᠳᠤ ᠣᠮᠠᠷᠠᠳᠦ ᠣᠷᠣᠨ ᠳᠤ ᠣᠯᠠᠭᠠᠨ ᠠᠯᠴᠢᠭᠤᠷᠲᠠᠨ ᠤ ᠣᠷᠪᠠᠯᠭᠠᠨ ᠡᠭᠦᠰᠴᠦ᠂ | ᠦᠳᠲᠦᠷ ᠲᠦᠷᠭᠡᠨ ᠬᠦᠭᠵᠢᠭᠡᠳ ᠢᠩᠵᠧᠣ ︵ᠣᠳᠦ ᠶᠢᠨ ᠠᠨ ᠾᠦᠢ ᠶᠢᠨ ᠹᠦᠶᠠᠩ︶ ᠶᠢ ᠡᠵᠡᠯᠡᠵᠦ᠂ ᠵᠠᠯᠭᠠᠭᠠᠳ ᠪᠧ ᠵᠧᠦ ︵ᠣᠳᠦ ᠶᠢᠨ ᠠᠨ ᠾᠦᠢ ᠳᠤ | ᠪᠣᠢ︶᠂ ᠷᠣ᠋ ᠨᠢᠩ ︵ᠣᠳᠦ ᠾᠧ ᠨᠠᠨ ᠳᠤ ᠪᠣᠢ︶ ᠵᠡᠷᠭᠡ ᠭᠠᠵᠠᠷ ᠢ ᠡᠵᠡᠯᠡᠪᠡ᠃ | ᡁᠢ ᠵᠧᠩ ᠤᠨ 12 ᠳ᠋ᠣᠭᠡᠷ ᠣᠨ ︵1352 ᠣᠨ︶ ᠳᠤ ᠴᠠᠭᠠᠨᠳᠡᠮᠣᠷ ᠬᠡᠳᠦᠨ ᠵᠠᠭᠤᠨ ᠬᠦᠮᠦᠨ ᠲᠠᠢ ᠭᠠᠵᠠᠷ ᠤᠨ ᠡᠵᠡᠨ ᠤ ᠵᠡᠪᠰᠡᠭᠲᠦ ᠬᠦᠴᠦᠨ ᠢ | ᠵᠣᠬᠢᠶᠠᠨ ᠪᠠᠶᠢᠭᠤᠯᠵᠦ᠂ ᠵᠢᠷᠦᠮ ᠤᠨ ᠴᠡᠷᠢᠭ ᠭᠡᠵᠦ ᠨᠡᠷᠡᠶᠢᠳᠪᠡ᠃ ᠡᠭᠦᠨ ᠤ ᠬᠠᠮᠳᠦ ᠯᠦᠸᠧᠱᠠᠨ ᠰᠢᠶᠠᠨ ᠤ ᠳ᠋ᠢᠶᠠᠨ ᠢ ᠲᠦᠰᠢᠮᠡᠯ ᠯᠢ ᠰᠧ ᠴᠢ ᠶᠢᠨ ᠵᠣᠬᠢᠶᠠᠨ | ᠪᠠᠶᠢᠭᠤᠯᠣᠭᠰᠠᠨ ᠭᠠᠵᠠᠷ ᠤᠨ ᠡᠵᠡᠨ ᠤ ᠵᠡᠪᠰᠡᠭᠳᠦ ᠬᠦᠴᠦᠨ ᠲᠠᠢ ᠬᠤᠯᠪᠣᠭᠠᠯᠠᠨ ᠣᠷᠠᠨ ᠠᠷᠭ᠎ᠠ ᠪᠠᠷ ᠯᠦᠸᠧᠱᠠᠨ ᠤ ᠣᠯᠠᠭᠠᠨ ᠠᠯᠴᠢᠭᠤᠷᠳᠠᠨ ᠤ ᠴᠡᠷᠢᠭ ᠢ ᠡᠪᠳᠡᠪᠡ᠃ | ᠲᠣᠬᠠᠢ ᠶᠢᠨ ᠦᠶ᠎ᠡ ᠳᠤ ᠶᠣᠸᠠᠨ ᠣᠯᠣᠰ ᠤᠨ ᠠᠯᠪᠠᠨ ᠴᠡᠷᠢᠭ ᠲᠠᠶᠢᠰᠣᠨ ᠢ ᠠᠷᠢᠯᠭᠠᠬᠤ ᠳᠤ ᠠᠷᠭ᠎ᠠ ᠮᠣᠬᠤᠷᠳᠠᠵᠦ ᠪᠠᠶᠢᠭᠰᠠᠨ ᠲᠣᠯᠠ ᠴᠠᠭᠠᠨᠳᠡᠮᠣᠷ ᠨᠠᠷ ᠤᠨ | ᠵᠣᠬᠢᠶᠠᠨ ᠪᠠᠶᠢᠭᠤᠯᠣᠭᠰᠠᠨ ᠭᠠᠵᠠᠷ ᠤᠨ ᠡᠵᠡᠨ ᠤ ᠵᠡᠪᠰᠡᠭᠲᠦ ᠬᠦᠴᠦᠨ ᠢ ᠶᠡᠬᠡᠪᠡᠷ ᠳᠡᠮᠵᠢᠵᠦ ᠴᠠᠭᠠᠨᠳᠡᠮᠣᠷ᠂ ᠯᠢ ᠰᠧ ᠴᠢ ᠶᠢ ᠬᠦᠨᠳᠦᠳᠭᠡᠨ ᠬᠡᠷᠡᠭᠯᠡᠪᠡ᠃ ᠣᠳᠠᠯ | ᠦᠭᠡᠢ ᠴᠠᠭᠠᠨᠳᠡᠮᠣᠷ ᠤᠨ ᠵᠢᠷᠣᠮ ᠤᠨ ᠴᠡᠷᠢᠭ ᠲᠦᠮᠡ ᠢᠯᠡᠭᠦᠦ ᠬᠦᠮᠦᠨ ᠪᠣᠯᠵᠦ᠂ ᠱᠧᠨᠴᠢᠦ ᠳᠤ ᠰᠠᠭᠤᠵᠦ᠂ ᠯᠢᠦ ᠹᠦ᠋ ᠲᠣᠩ ᠤᠨ ᠳᠠᠭᠠᠭᠤᠯᠣᠭᠰᠠᠨ ᠣᠯᠠᠭᠠᠨ | ᠠᠯᠴᠢᠭᠤᠷᠲᠠᠨ ᠤ ᠴᠡᠷᠢᠭ ᠢ ᠣᠳᠠᠭ᠎ᠠ ᠳᠠᠷᠠᠭᠠᠯᠠᠨ ᠢᠯᠠᠪᠡ᠃ | ᡁᠢ ᠵᠧᠩ ᠤᠨ 15 ᠳ᠋ᠣᠭᠡᠷ ᠣᠨ ︵ᠣᠨ ᠲᠣᠭᠠᠯᠠᠯ ᠤᠨ 1355 ᠣᠨ︶ ᠤ 11 ᠰᠠᠷ᠎ᠡ ᠳᠤ᠂ ᠴᠠᠭᠠᠨᠳᠡᠮᠣᠷ ᠤᠨ ᠴᠡᠷᠢᠭ ᠬᠤᠸᠠᠶᠢᠴᠢᠩ ︵ᠣᠳᠦ ᠶᠢᠨ | ᠾᠧᠨᠠᠨ ᠤ ᠴᠢᠨ ᠶᠠᠩ︶ ᠳᠤ ᠣᠯᠠᠭᠠᠨ ᠠᠯᠴᠢᠭᠤᠷᠳᠡᠨ ᠤ ᠴᠡᠷᠢᠭ ᠢ ᠴᠣᠬᠢᠨ ᠣᠬᠤᠷᠢᠭᠤᠯᠪᠡ᠃ ᠶᠣᠸᠠᠨ ᠣᠯᠣᠰ ᠤᠨ ᠵᠠᠰᠠᠭ ᠤᠨ ᠣᠷᠳᠣᠨ ᠠᠴᠠ ᠲᠡᠭᠦᠨ ᠳᠤ | ᠭᠠᠪᠢᠶ᠎ᠠ ᠲᠡᠮᠳᠡᠭᠯᠡᠨ ᠦᠭᠴᠦ᠂ ᠲᠦᠪ ᠪᠢᠴᠢᠭ ᠤᠨ ᠮᠣᠵᠢ ᠶᠢᠨ ᠡᠷᠡᠭᠦᠦ ᠶᠢᠨ ᠶᠠᠪᠣᠳᠠᠯ ᠤᠨ ᠳᠡᠳ᠋ ᠳᠠᠷᠤᠭ᠎ᠠ ᠪᠣᠯᠭᠠᠵᠦ᠂ ᠲᠠᠰᠣᠯᠠᠨ ᠰᠢᠳᠭᠡᠬᠦ ᠳ᠋ᠠᠶᠢᠹᠦ ᠲᠦᠰᠢᠮᠡᠯ | ᠡᠷᠭᠦᠮᠵᠢᠯᠡᠪᠡ᠃ ᠲᠡᠷᠡ ᠣᠳᠠᠯ ᠦᠭᠡᠢ ᠵᠦᠩ ᠮᠣ᠋ ᠳᠤ ᠣᠯᠠᠭᠠᠨ ᠠᠯᠴᠢᠭᠤᠷᠲᠡᠨ ᠤ 30 ᠲᠦᠮᠡᠨ ᠴᠡᠷᠢᠭ ᠢ ᠪᠣᠳᠠᠨᠢᠷᠭᠡᠪᠡ᠃ ᡁᠢ ᠵᠧᠩ ᠤᠨ 17 ᠳ᠋ᠣᠭᠡᠷ ᠣᠨ | ︵ᠣᠨ ᠲᠣᠭᠠᠯᠠᠯ ᠤᠨ 1357 ᠣᠨ︶ ᠳᠤ᠂ ᠴᠠᠭᠠᠨᠳᠡᠮᠣᠷ ᠴᠡᠷᠢᠭ ᠤᠨ ᠭᠠᠪᠢᠶ᠎ᠠ ᠪᠠᠷ ᠽᠠᠱᠠᠨ ᠳ᠋ᠠᠶᠢᠹᠦ ᠡᠷᠭᠦᠮᠵᠢᠯᠡᠭᠳᠡᠵᠦ᠂ ᠱᠠᠨᠰᠢ ᠶᠢᠨ ᠶᠠᠪᠣᠭᠤᠯ ᠮᠣᠵᠢ ᠶᠢᠨ | ᠵᠡᠭᠦᠨ ᠭᠠᠷᠣᠨ ᠴᠧᠩᠰᠢᠶᠠᠩ ᠤᠨ ᠲᠣᠰᠢᠶᠠᠯ ᠢ ᠬᠠᠷᠢᠭᠤᠴᠠᠪᠠ᠃ ᠮᠦᠨ ᠵᠢᠯ ᠴᠠᠭᠠᠨᠳᠡᠮᠣᠷ ᠪᠠᠷᠠᠭᠤᠨ ᠵᠠᠮ ᠤᠨ ᠣᠯᠠᠭᠠᠨ ᠠᠯᠴᠢᠭᠤᠷᠲᠡᠨ ᠤ ᠴᠡᠷᠢᠭ ᠢ ᠪᠣᠳᠠᠨᠢᠷᠭᠡᠪᠡ᠃ | | ᡁᠢ ᠵᠧᠩ ᠤᠨ 19 ᠳ᠋ᠣᠭᠡᠷ ᠣᠨ ︵ᠣᠨ ᠲᠣᠭᠠᠯᠠᠯ ᠤᠨ 1359 ᠣᠨ︶ ᠳᠤ᠂ ᠴᠠᠭᠠᠨᠳᠡᠮᠣᠷ ᠶᠣᠸᠠᠨ ᠣᠯᠣᠰ ᠤᠨ ᠬᠡᠳᠦᠨ ᠵᠠᠮ ᠤᠨ ᠴᠡᠷᠢᠭ ᠢ | ᠵᠢᠯᠣᠭᠤᠳᠣᠨ ᠣᠯᠠᠭᠠᠨ ᠠᠯᠴᠢᠭᠤᠷᠲᠠᠨ ᠤ ᠴᠡᠷᠢᠭ ᠤᠨ ᠨᠡᠶᠢᠰᠯᠡᠯ ᠪᠢᠶᠠᠨ ᠯᠢᠶᠠᠩ ᠬᠤᠳᠠ ᠶᠢ ᠪᠠᠶᠢᠯᠳᠣᠨ ᠠᠪᠣᠪᠡ᠃ ᠡᠭᠦᠨ ᠠᠴᠠ ᠠᠪᠣᠭᠠᠳ ᠴᠠᠭᠠᠨᠳᠡᠮᠣᠷ ᠤᠨ | ᠴᠡᠷᠢᠭ ᠤᠨ ᠰᠦᠷ ᠬᠦᠴᠨ ᠶᠡᠭᠡ ᠮᠠᠨᠳᠦᠵᠦ ᠶᠣᠸᠠᠨ ᠣᠯᠣᠰ ᠤᠨ ᠵᠠᠰᠠᠭ ᠤᠨ ᠣᠷᠳᠣᠨ ᠠᠴᠠ ᠲᠡᠭᠦᠨ ᠢ ᠾᠧ ᠨᠠᠨ ᠶᠠᠪᠣᠭᠤᠯ ᠮᠣᠵᠢ ᠶᠢᠨ ᠫᠢᠩᠵᠠᠩ ᠲᠦᠰᠢᠮᠡᠯ᠂ | ᠾᠧ ᠨᠠᠨ ᠶᠠᠪᠣᠭᠤᠯ ᠮᠣᠵᠢ ᠶᠢᠨ ᠲᠦᠪ ᠵᠣᠷᠭᠠᠨ ᠶᠠᠮᠦᠨ ᠤ ᠬᠡᠷᠡᠭ ᠮᠡᠳᠡᠭᠴᠢ᠂ ᠱᠠᠨᠰᠢ ᠶᠢᠨ ᠬᠡᠷᠡᠭ ᠡᠷᠬᠢᠯᠡᠬᠦ ᠲᠦᠰᠢᠮᠡᠯ ᠢᠶᠠᠷ ᠲᠣᠮᠢᠯᠠᠪᠠ᠃ | ᠬᠤᠶᠠᠷ᠂ ᠣᠷᠪᠠᠭᠴᠢ ᠶᠢᠨ ᠮᠡᠭᠡᠨ ᠳᠤ ᠣᠨᠠᠵᠦ ᠬᠤᠣᠷᠯᠠᠭᠳᠠᠨ ᠨᠠᠰᠦ ᠪᠠᠷᠠᠪᠠ | ᠴᠡᠷᠢᠭ ᠲᠠᠶᠢᠨ ᠤ ᠲᠠᠰᠣᠷᠠᠯᠲᠠ ᠦᠭᠡᠢ ᠢᠯᠡᠯᠲᠠ ᠣᠯᠵᠦ ᠪᠠᠶᠢᠭ᠎ᠠ ᠦᠶ᠎ᠡ ᠳᠤ ᠶᠣᠸᠠᠨ ᠣᠯᠣᠰ ᠤᠨ ᠡᠯ᠎ᠡ ᠴᠡᠷᠢᠭ ᠤᠨ ᠡᠷᠬᠡᠲᠡᠨ ᠤ ᠬᠤᠭᠤᠷᠣᠨᠳᠦᠬᠢ | ᠳᠣᠲᠣᠭᠠᠳᠦ ᠶᠢᠨ ᠵᠦᠷᠢᠴᠡᠯ ᠡᠭᠦᠰᠦᠭᠰᠡᠨ ᠪᠠᠶᠢᠨ᠎ᠠ᠃ ᠡᠭᠦᠨ ᠤ ᠨᠢᠭᠡ ᠨᠢ ᠪᠣᠯ ᠴᠠᠭᠠᠨᠳᠡᠮᠣᠷ ᠪᠣᠯᠣᠨ ᠪᠣᠯᠣᠲᠡᠮᠣᠷ ᠤᠨ ᠬᠤᠭᠤᠷᠣᠨᠳᠣᠬᠢ ᠵᠦᠷᠢᠴᠡᠯ︔ ᠨᠦᠭᠦᠭᠡ ᠨᠢ | ᠪᠣᠯ ᠴᠠᠭᠠᠨᠳᠡᠮᠣᠷ ᠪᠣᠯᠣᠨ ᠶᠣᠸᠠᠨ ᠣᠯᠣᠰ ᠲᠤ ᠪᠠᠭᠤᠵᠦ ᠦᠭᠭᠦᠭᠰᠡᠨ ᠴᠡᠷᠢᠭ ᠤᠨ ᠡᠷᠬᠡᠳᠡᠨ ᠲᠢᠶᠠᠨ ᠹᠧᠩ᠂ ᠸᠠᠩ ᠱᠢ ᠴᠧᠩ ᠯᠤᠭ᠎ᠠ ᠶᠢᠨ ᠬᠤᠭᠤᠷᠣᠨᠳᠦᠬᠢ | ᠵᠦᠷᠢᠴᠡᠯ ᠪᠣᠯᠣᠨ᠎ᠠ᠃ ᠴᠠᠭᠠᠨᠳᠡᠮᠣᠷ ᠪᠣᠯᠣᠨ ᠪᠣᠯᠣᠲᠡᠮᠣᠷ ᠬᠤᠭᠤᠷᠣᠨᠳᠦ ᠪᠠᠨ ᠬᠡᠳᠦᠨ ᠵᠢᠯ ᠲᠠᠶᠢᠯᠠᠯᠳᠣᠨ ᠲᠡᠮᠡᠴᠡᠯᠳᠣᠵᠦ᠂ ᠡᠯ᠎ᠡ ᠭᠠᠵᠠᠷ ᠲᠤ ᠦᠷᠨᠢᠨ ᠪᠣᠰᠣᠭᠰᠠᠨ | ᠣᠷᠪᠠᠯᠭ᠎ᠠ ᠶᠢᠨ ᠴᠡᠷᠢᠭ ᠢ ᠲᠦᠢᠯᠪᠦᠷᠢᠲᠠᠢ ᠱᠦᠭᠦᠷᠳᠡᠨ ᠠᠷᠢᠯᠭᠠᠬᠤ ᠠᠰᠢᠲᠠᠢ ᠲᠣᠬᠢᠶᠠᠯ ᠢ ᠠᠯᠳᠠᠪᠠ᠃ ᠡᠭᠦᠨ ᠢᠶᠠᠷ ᠪᠠᠷᠠᠬᠤ ᠦᠭᠡᠢ ᠶᠣᠸᠠᠨ ᠣᠯᠣᠰ ᠤᠨ ᠴᠡᠷᠢᠭ | ᠢᠳᠤ᠋ ᠶᠢ ᠪᠦᠰᠯᠡᠵᠦ ᠪᠠᠶᠢᠭ᠎ᠠ ᠦᠶ᠎ᠡ ᠳᠤ ᠴᠠᠭᠠᠨᠳᠡᠮᠣᠷ ᠰᠣᠨᠣᠷ ᠰᠡᠷᠡᠮᠵᠢ ᠪᠠᠨ ᠠᠯᠳᠠᠭᠰᠡᠨ ᠠᠴᠠ ᠪᠣᠯᠵᠦ ᠣᠷᠪᠠᠭᠴᠢ ᠲᠢᠶᠠᠨ ᠹᠧᠩ᠂ ᠸᠠᠩ ᠱᠢ ᠴᠧᠩ ᠤᠨ ᠮᠡᠭᠡᠨ | ᠳᠤ ᠣᠨᠠᠵᠦ ᠬᠤᠣᠷᠯᠠᠭᠳᠠᠨ ᠨᠠᠰᠦ ᠪᠠᠷᠠᠪᠠ᠃ | ᠭᠤᠷᠪᠠ᠂ ᠴᠠᠭᠠᠨᠳᠡᠮᠣᠷ ᠲᠤ ᠦᠭᠭᠦᠭᠰᠡᠨ ᠦᠨᠡᠯᠡᠯᠲᠠ | ᠶᠣᠸᠠᠨ ᠣᠯᠣᠰ ᠮᠦᠬᠦᠵᠦ ᠰᠡᠭᠡᠬᠦ ᠶᠢᠨ ᠲᠦᠢᠯ ᠤᠨ ᠠᠶᠣᠯ ᠲᠦᠭᠰᠢᠭᠦᠷᠢᠲᠠᠢ ᠴᠠᠭ ᠦᠶ᠎ᠡ ᠳᠤ ᠴᠠᠭᠠᠨᠳᠡᠮᠣᠷ ᠭᠠᠷᠴᠦ ᠢᠷᠡᠭᠡᠳ ᠵᠢᠷᠣᠮ ᠤᠨ ᠴᠡᠷᠢᠭ | ᠪᠠᠶᠢᠭᠤᠯᠣᠨ ᠣᠬᠤᠷᠬᠠᠨ ᠠᠷᠪᠠᠨ ᠵᠢᠯ ᠤᠨ ᠬᠤᠭᠤᠷᠣᠨᠳᠦ ᠣᠯᠠᠨᠲᠠ ᠪᠠᠶᠢᠯᠳᠣᠨ ᠣᠯᠠᠨᠲᠠ ᠢᠯᠠᠵᠦ᠂ ᠣᠯᠠᠭᠠᠨ ᠠᠯᠴᠢᠭᠤᠷᠳᠠᠨ ᠤ ᠴᠡᠷᠢᠭ ᠤᠨ ᠵᠠᠭᠤᠨ ᠲᠦᠮᠡᠨ | ᠬᠦᠮᠦᠨ ᠢ ᠲᠦᠪᠰᠢᠳᠭᠡᠪᠡ᠃ ᠲᠡᠷᠡ ᠢᠩ ᠵᠧᠦ ᠳᠤ ᠵᠢᠷᠣᠮ ᠤᠨ ᠲᠤᠭ ᠡᠷᠭᠦᠵᠦ ᠴᠡᠷᠢᠭ ᠪᠣᠰᠬᠠᠭᠰᠠᠨ ᠠᠴᠠ ᠠᠪᠣᠭᠠᠳ ᠣᠯᠠᠭᠠᠨ ᠠᠯᠴᠢᠭᠤᠷᠳᠠᠨ ᠤ ᠴᠡᠷᠢᠭ ᠢ | ᠳᠠᠶᠢᠯᠠᠨ ᠡᠩ ᠲᠡᠷᠢᠭᠦᠨ ᠳᠤ ᠯᠦᠸᠧ ᠱᠠᠨ ᠢ ᠡᠪᠳᠡᠵᠦ᠂ ᠬᠤᠶᠠᠷ ᠲᠤ ᠾᠧ ᠪᠧᠢ ᠶᠢ ᠲᠣᠭᠲᠠᠭᠠᠨ᠂ ᠭᠤᠷᠪᠠ ᠳᠤ ᠱᠠᠨ ᠵᠧᠦ ᠶᠢ ᠡᠪᠳᠡᠵᠦ᠂ ᠲᠦᠷᠪᠡ ᠳᠤ ᠪᠢᠶᠠᠨ | ᠯᠢᠶᠠᠩ ᠢ ᠡᠵᠡᠯᠡᠵᠦ᠂ ᠲᠠᠪᠤ ᠳᠤ ᠱᠠᠨᠳᠦ᠋ᠩ ᠳᠤ ᠣᠷᠣᠵᠦ᠂ ᠵᠡᠭᠦᠨᠰᠢ ᠲᠠᠶᠢᠯᠠᠨ ᠪᠠᠷᠠᠭᠤᠨᠰᠢ ᠴᠣᠬᠢᠨ᠂ ᠴᠡᠷᠢᠭ ᠤᠨ ᠡᠷᠳᠡᠮ ᠳᠤ ᠰᠢᠯᠭᠠᠷᠠᠨ ᠲᠠᠶᠢᠨ ᠪᠠᠶᠢᠯᠳᠣᠭᠠᠨ | ᠳᠤ ᠡᠷᠡᠯᠭᠡᠭ ᠪᠠᠭᠠᠲᠣᠷᠯᠢᠭ᠂ ᠪᠠᠭᠠᠲᠣᠷ ᠪᠣᠳᠣᠯᠭ᠎ᠠ ᠬᠤᠣᠰᠯᠠᠵᠦ᠂ ᠶᠣᠸᠠᠨ ᠣᠯᠣᠰ ᠤᠨ ᠲᠦᠷᠦ ᠶᠢᠨ ᠪᠠᠳᠦ ᠲᠣᠯᠭᠠᠭᠤᠷᠢ ᠪᠣᠯᠵᠦ ᠪᠠᠶᠢᠪᠠ᠃ | ᠴᠠᠭᠠᠨᠳᠡᠮᠣᠷ ᠤᠨ ᠨᠠᠰᠦ ᠪᠠᠷᠠᠭᠰᠠᠨ ᠨᠢ ᠶᠣᠸᠠᠨ ᠣᠯᠣᠰ ᠲᠤ ᠠᠪᠴᠦ ᠦᠵᠡᠪᠡᠯ᠂ ᠮᠦᠨᠴᠦ ᠮᠣᠩᠭᠤᠯ ᠤᠨ ᠨᠣᠶᠠᠷᠬᠠᠭᠴᠢᠳ ᠲᠤ ᠠᠪᠴᠦ ᠦᠵᠡᠪᠡᠯ | ᠯᠣᠳᠦ ᠶᠡᠭᠡ ᠬᠤᠬᠢᠷᠠᠯ ᠪᠣᠯᠪᠠ᠃ ᠣᠴᠢᠷ ᠨᠢ ᠴᠠᠭᠠᠨᠳᠡᠮᠣᠷ ᠶᠣᠸᠠᠨ ᠣᠯᠣᠰ ᠤᠨ ᠰᠡᠭᠦᠯᠴᠢ ᠦᠶ᠎ᠡ ᠳᠤ ᠶᠣᠸᠠᠨ ᠣᠯᠣᠰ ᠢ ᠠᠪᠣᠷᠠᠬᠤ ᠴᠢᠬᠤᠯᠠ ᠬᠦᠰᠡᠯ ᠡᠷᠡᠮᠡᠯᠵᠢᠯ | ᠪᠣᠯᠵᠦ ᠪᠠᠶᠢᠪᠠ᠃ ᠲᠡᠭᠦᠨ ᠤ ᠨᠠᠰᠦ ᠪᠠᠷᠠᠭᠰᠠᠨ ᠨᠢ ᠡᠨᠡᠬᠦ ᠭᠦᠰᠡᠯ ᠡᠷᠡᠮᠡᠯᠵᠢᠯ ᠢ ᠲᠠᠯᠠᠭᠠᠷ ᠬᠤᠭᠤᠰᠣᠨ ᠪᠣᠯᠭᠠᠵᠦ᠂ ᠶᠣᠸᠠᠨ ᠣᠯᠣᠰ ᠤᠨ ᠮᠦᠬᠦᠯ ᠢ | ᠲᠦᠷᠭᠡᠳᠭᠡᠭᠰᠡᠨ ᠪᠠᠶᠢᠨ᠎ᠠ᠃ ᠲᠣᠬᠠᠢ ᠶᠢᠨ ᠦᠶ᠎ᠡ ᠳᠤ ᠵᠣ᠋ ᠶᠣᠸᠠᠨ ᠵᠠᠩ ︵ᠶᠣᠸᠠᠨ ᠣᠯᠣᠰ ᠤᠨ ᠲᠠᠷᠠᠭ᠎ᠠ ᠮᠢᠩ ᠣᠯᠣᠰ ᠢ ᠪᠠᠶᠢᠭᠤᠯᠣᠭᠰᠠᠨ ᠬᠠᠭᠠᠨ︶ ᠠᠴᠠ | ᠴᠠᠭᠠᠨᠳᠡᠮᠣᠷ ᠤᠨ ᠨᠠᠰᠦ ᠪᠠᠷᠠᠭᠰᠠᠨ ᠢ ᠰᠣᠨᠣᠰᠣᠭᠠᠳ ᠲᠦᠢᠯ ᠢᠶᠠᠷ ᠪᠠᠶᠠᠷᠯᠠᠵᠦ᠄ ︽ᠲᠡᠭᠷᠢ ᠶᠢᠨ ᠲᠣᠣᠷ᠎ᠠ ᠬᠦᠮᠦᠨ ᠦᠭᠡᠢ ᠪᠣᠯᠪᠠᠢ︾ ᠭᠡᠵᠦ ᠬᠡᠯᠡᠭᠰᠡᠨ ᠭᠡᠨ᠎ᠡ᠃ | ᠲᠣᠬᠠᠢ ᠶᠢᠨ ᠦᠶ᠎ᠡ ᠳᠤ ᠶᠣᠸᠠᠨ ᠣᠯᠣᠰ ᠤᠨ ᠴᠡᠷᠢᠭ ᠲᠠᠰᠣᠷᠠᠯᠲᠠ ᠦᠭᠡᠢ ᠢᠯᠡᠯᠲᠠ ᠣᠯᠵᠦ ᠴᠠᠭᠠᠨᠳᠡᠮᠣᠷ ᠠᠮᠢᠳᠦ ᠰᠡᠷᠡᠬᠦᠨ ᠪᠠᠶᠢᠭᠰᠠᠨ ᠳᠤ ᠵᠣ᠋ ᠶᠣᠸᠠᠨ ᠵᠠᠩ | ᠶᠣᠸᠠᠨ ᠣᠯᠣᠰ ᠲᠤ ᠪᠠᠭᠤᠵᠦ ᠦᠭᠬᠦ ᠭᠡᠵᠦ ᠪᠠᠶᠢᠭᠰᠠᠨ ᠭᠡᠨ᠎ᠡ᠃ | ᠲᠡᠣᠬᠡ ᠭᠡᠵᠦ ᠬᠡᠵᠢᠶᠡᠲᠠ ᠬᠦᠮᠦᠰ ᠤᠨ ᠵᠢᠱᠢᠭᠰᠡᠨ ᠢᠶᠠᠷ ᠪᠣᠯᠳᠠᠭ ᠦᠭᠡᠢ ᠠᠵᠠᠢ᠃ ᠴᠠᠭᠠᠨᠳᠡᠮᠣᠷ ᠣᠯᠠᠭᠠᠨ ᠠᠯᠴᠢᠭᠤᠷᠲᠠᠨ ᠤ ᠣᠷᠪᠠᠯᠭᠠᠨ ᠢ ᠱᠦᠭᠦᠷᠳᠡᠨ | ᠲᠦᠪᠰᠢᠳᠭᠡᠮᠡᠷ ᠪᠠᠶᠢᠭᠰᠠᠨ ᠵᠠᠩᠬᠢᠯᠭ᠎ᠠ ᠶᠢᠨ ᠦᠶ᠎ᠡ ᠳᠤ ᠣᠷᠪᠠᠭᠴᠢ ᠳᠤ ᠮᠡᠭᠡᠯᠡᠭᠳᠡᠨ ᠬᠤᠣᠷᠯᠠᠭᠳᠠᠨ ᠨᠠᠰᠦ ᠪᠠᠷᠠᠭᠰᠠᠨ ᠠᠴᠠ ᠪᠣᠯᠵᠦ ᠶᠣᠸᠠᠨ ᠣᠯᠣᠰ ᠤᠨ ᠬᠤᠪᠢ | ᠵᠠᠶᠠᠭ᠎ᠠ ᠶᠢ ᠬᠤᠪᠢᠷᠠᠭᠤᠯᠵᠦ ᠣᠳᠠᠯ ᠦᠭᠡᠢ ᠮᠦᠬᠦᠯ ᠳᠤ ᠬᠦᠷᠭᠡᠭᠰᠡᠨ ᠪᠢᠯᠡ᠃ | |