ᠬᠠᠪᠤᠷ ᠤᠨ ᠤᠷᠢ ᠬᠤᠯᠠ ᠱᠤᠤᠬᠢᠨ᠎ᠠ
ᠨᠡᠶᠢᠲᠡᠯᠡᠭᠰᠡᠨ ᠴᠠᠭ᠄
2023/3/16
ᠬᠠᠪᠤᠷ ᠤᠨ ᠤᠷᠢ ᠬᠤᠯᠠ ᠱᠤᠤᠬᠢᠨ᠎ᠠ     ᠬᠤᠯᠠ ᠶᠢᠨ ᠬᠤᠯᠠ ᠠᠴᠠ ᠢᠷᠡᠯ᠎ᠠ ᠬᠡᠮᠡᠨ ᠰᠢᠪᠡᠨᠡᠨ᠎ᠠ     ᠬᠠᠶᠢᠯ ᠤᠨ ᠤᠰᠦ ᠭᠤᠷᠤᠬ᠎ᠠ ᠪᠤᠯᠤᠨ ᠬᠤᠷᠴᠢᠬᠢᠨᠡᠵᠦ   ᠬᠠᠮᠬᠤᠤᠯ ᠰᠢᠷᠠᠯᠵᠢ ᠤᠡᠭᠭᠠᠷᠢᠯ ᠪᠤᠯᠤᠨ ᠬᠡᠶᠢᠰᠦᠨ᠎ᠠ     ᠬᠠᠷᠢᠨ ᠰᠡᠳᠬᠢᠬᠦᠢ ᠳᠤ ᠲᠤᠮᠳᠠᠭᠤᠷ ᠰᠠᠨᠠᠭ᠎ᠠ ᠬᠦᠬᠡᠰᠦᠯᠡᠨᠡᠮ     ᠬᠠᠪᠤᠷ ᠤᠨ ᠤᠷᠢ ᠬᠤᠯᠠ ᠱᠤᠤᠬᠢᠨ᠎ᠠ     ᠠᠳᠡ ᠮᠢᠨᠦ ᠬᠠᠵᠠᠭᠤ ᠳᠤ ᠪᠤᠰᠦ   ᠲᠡᠨᠳᠡ ᠲᠠᠨ ᠤ ᠲᠡᠷᠬᠡᠳᠡ     ᠢᠷᠠᠶᠢᠵᠦ ᠢᠷᠡᠭᠰᠡᠨ ᠬᠡᠶᠢᠴᠢᠨ ᠪᠤᠰᠦ     ᠤᠬᠢᠯᠠᠵᠦ ᠰᠠᠭᠠᠳᠠᠭᠰᠠᠨ ᠵᠤᠴᠢᠨ ᠶᠤᠮ ᠰᠢᠦ   ᠬᠠᠪᠤᠷ ᠤᠨ ᠤᠷᠢ ᠬᠤᠯᠠ ᠱᠤᠤᠬᠢᠨ᠎ᠠ     ᠬᠠᠶᠢᠷ᠎ᠠ ᠪᠠᠷ ᠢᠪᠢᠯᠦᠭᠰᠡᠨ ᠤᠶᠠᠬᠠᠨ ᠲᠤᠯᠭᠠᠨ ᠮᠡᠯᠮᠡᠢ     ᠬᠠᠴᠠᠷ ᠢ ᠦᠨᠦᠰᠦᠨ ᠠᠷᠢᠭᠤᠬᠠᠨ ᠰᠠᠭᠠᠳᠠᠬᠤ ᠳᠤ   ᠬᠤᠷᠮᠤᠢ ᠶᠢᠨ ᠦᠵᠦᠬᠦᠷ ᠲᠤ ᠬᠤᠷ᠎ᠠ ᠶᠢᠨ ᠲᠤᠰᠤᠯ ᠮᠡᠯᠳᠡᠬᠡᠨᠡᠵᠦ     ᠬᠠᠰᠢᠶᠠᠨ ᠳᠤ ᠲᠦᠯ ᠤᠨ ᠲᠠᠭᠤᠨ ᠮᠠᠶᠢᠯᠠᠯᠳᠤᠨᠠᠮ     ᠬᠠᠪᠤᠷ ᠤᠨ ᠤᠷᠢ ᠬᠤᠯᠠ ᠱᠤᠤᠬᠢᠨ᠎ᠠ     ᠬᠠᠨ ᠬᠤᠷᠮᠤᠰᠳᠡ ᠶᠢᠨ ᠭᠠᠵᠠᠷ ᠠᠴᠠ ᠬᠠᠨᠭ᠍ᠬᠢᠰ ᠬᠡᠵᠦ     ᠬᠠᠳᠤᠨ ᠭᠤᠤᠯ ᠳᠤ ᠰᠦᠡᠭ ᠬᠠᠯᠬᠢᠶ᠎ᠠ ᠲᠦᠷᠢᠨ᠎ᠠ     ᠬᠠᠷᠢ ᠳᠤ ᠡᠪᠦᠯᠵᠢᠭᠰᠡᠨ ᠨᠡᠬᠦᠳᠡᠯ ᠤᠨ ᠰᠢᠪᠠᠭᠤᠳ     ᠬᠡᠯᠬᠢᠶᠡᠷᠡᠯᠳᠦᠨ ᠵᠡᠯᠡᠯᠡᠭᠰᠡᠬᠡᠷ ᠨᠠᠭᠠᠰᠢᠯᠠᠵᠦ ᠬᠠᠷᠠᠭᠳᠠᠨᠠᠮ     ᠬᠠᠪᠤᠷ ᠤᠨ ᠤᠷᠢ ᠲᠡᠷᠡ ᠬᠤᠯᠠ ᠠᠴᠠ ᠨᠠᠭᠠᠰᠢᠯᠠᠨ᠎ᠠ   ᠬᠠᠳᠠᠨ ᠤ ᠢᠷᠤᠭᠠᠷ ᠠᠴᠠ ᠪᠤᠴᠠᠯᠤᠭᠰᠠᠨ ᠪᠤᠯᠠᠭ ᠤᠳ   ᠬᠠᠨᠭ᠍ᠭᠠᠢ ᠭᠤᠪᠢ ᠪᠠᠷ ᠭᠤᠷᠤᠬ᠎ᠠ ᠪᠤᠯᠤᠨ ᠤᠷᠤᠰᠤᠨ᠎ᠠ     ᠬᠠᠭ ᠤᠨ ᠲᠤᠤᠷ᠎ᠠ ᠠᠴᠠ ᠠᠮᠢᠯᠠᠬᠰᠠᠨ ᠨᠢᠯᠬ᠎ᠠ ᠨᠤᠭᠤᠭ᠎ᠠ ᠨᠤᠭᠤᠳ   ᠬᠦᠷᠦᠰᠦᠳᠦ ᠭᠠᠵᠠᠷ ᠢ ᠴᠤᠭᠤᠴᠢᠵᠦ ᠤᠷᠭᠤᠨᠠᠮ     ᠬᠠᠪᠤᠷ ᠤᠨ ᠤᠷᠢ ᠡᠬᠡ ᠲᠡᠯᠡᠬᠡᠢ ᠶᠢ ᠪᠦᠪᠠᠶᠢᠯᠡᠨ᠎ᠠ     ᠬᠤᠨᠭ᠍ᠭᠤᠷ ᠬᠤᠶᠠᠷ ᠤᠨ ᠰᠢᠪᠡᠨᠡᠭᠡ ᠤᠶᠠᠩᠭ᠎ᠠ ᠪᠤᠯᠤᠨ ᠲᠠᠭᠤᠷᠢᠰᠦᠨ᠎ᠠ     ᠬᠠᠮᠤᠭ ᠲᠦᠮᠡᠨ ᠪᠤᠳᠠᠰ ᠨᠡᠬᠡᠢ ᠲᠡᠪᠡᠯ ᠢᠶᠠᠨ ᠲᠡᠶᠢᠴᠢᠵᠦ     ᠬᠠᠨᠠᠭᠠᠷ ᠡᠬᠡ ᠤᠷᠤᠨ ᠮᠢᠨᠢ ᠦᠪᠴᠢ ᠨᠤᠭᠤᠭᠠᠨ ᠢᠶᠠᠷ ᠴᠢᠮᠡᠭᠯᠡᠨ᠎ᠠ     ᠬᠠᠯᠠᠮᠵᠢᠳᠦ ᠰᠢᠨ᠎ᠠ ᠡᠷᠢᠨ ᠢᠡᠭᠬᠢᠵᠦ ᠯᠠ ᠡᠬᠢᠯᠡᠨᠡᠮ
ᠢᠷᠡᠯᠲᠡ᠄ ᠣᠷᠳᠣᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ