ᠬᠠᠷ᠎ᠠ ᠬᠤᠨ ᠮᠢᠨᠢ
ᠨᠡᠶᠢᠲᠡᠯᠡᠭᠰᠡᠨ ᠴᠠᠭ᠄
2023/3/7
   ● ᠲᠦᠮᠡᠳ ᠶᠦᠩᠷᠣᠩᠪᠠᠯ       ᠲᠡᠷᠡ ᠨᠢᠬᠡᠨ ᠨᠠᠮᠣᠷ ᠤᠨ ᠨᠠᠮᠣᠭᠤᠬᠠᠨ ᠦᠳᠡᠰᠢ ᠪᠢ ᠴᠢᠮ᠎ᠠ ᠪᠠᠨ ᠠᠩᠬ᠎ᠠ ᠬᠠᠷᠠᠯ᠎ᠠ᠃ ᠰᠡᠷᠢᠬᠦᠨ ᠰᠠᠯᠬᠢᠨ ᠤ ᠳᠣᠮᠳᠠ ᠰᠢᠷᠭᠠᠯ ᠨᠠᠪᠴᠢᠰ ᠣᠶᠢᠳᠬᠠᠷᠳᠠᠶᠢᠬᠠᠨ ᠪᠠᠭᠤᠵᠤ᠂ ᠠᠯᠢᠪᠠ ᠪᠦᠬᠦᠨ ᠨᠠᠮ ᠵᠢᠮ ᠤᠨ ᠳᠣᠮᠳᠠ ᠳᠣᠭᠳᠠᠨᠢᠨ᠎ᠠ᠃ ᠭᠠᠯ ᠵᠠᠯᠠᠭᠤ ᠨᠠᠰᠣᠨ ᠳᠠᠭᠠᠨ ᠪᠠᠶᠢᠭ᠎ᠠ ᠮᠢᠨᠣ ᠪᠠᠶ᠎ᠠ ᠶᠠᠭᠤᠮ᠎ᠠ ᠪᠦᠬᠦᠨ ᠢ ᠳᠣᠭᠤᠮᠰᠠᠷᠯᠠᠭᠰᠠᠨ ᠨᠢᠳᠣ ᠪᠠᠷ ᠬᠠᠷᠠᠵᠦ᠂ ᠳᠣᠮᠳᠠᠬᠠᠨ ᠰᠡᠳᠭᠢᠯ ᠢᠶᠠᠨ ᠰᠠᠭᠠᠳᠠᠭᠤᠯᠵᠦ᠂ ᠳᠣᠳᠣᠭᠠᠳᠣ ᠮᠠᠳᠠᠷᠠᠯ ᠢᠶᠠᠨ ᠦᠬᠡᠶᠢᠯᠡᠨ᠎ᠡ᠃      ᠳᠡᠭᠡᠳᠡᠯ᠎ᠡ ᠴᠢ ᠦᠵᠡᠭᠳᠡᠯ᠎ᠡ᠃ ᠱᠣᠳᠣᠩ ᠰᠢᠷ᠎ᠠ ᠬᠡᠵᠢᠭᠡ ᠪᠠᠨ ᠭᠤᠷᠪᠠᠯᠠᠨ ᠬᠦᠷᠦᠵᠦ᠂ ᠮᠦᠷᠦ ᠣᠷᠣᠭᠤ ᠪᠠᠨ ᠰᠡᠮᠬᠡᠨ ᠪᠠᠭᠤᠯᠭᠠᠭᠰᠠᠨ᠂ ᠪᠣᠭᠤᠨᠢᠬᠠᠨ ᠵᠠᠭᠠᠮ᠎ᠠ ᠲᠠᠢ ᠪᠠᠶ᠎ᠠ ᠪᠠᠷᠢᠭᠰᠠᠨ ᠬᠤᠪᠴᠠᠰᠣ ᠴᠢᠨᠢ ᠬᠤᠨ ᠤ ᠨᠣᠤᠯᠤᠭᠤᠷ ᠰᠢᠬ ᠨᠠᠷᠢᠬᠠᠨ ᠴᠠᠭᠠᠨ ᠬᠦᠵᠦᠬᠦᠤ ᠶᠢ ᠴᠢᠨᠢ ᠭᠤᠨᠠᠶᠢᠮ᠎ᠠ ᠰᠣᠭᠤᠨ ᠬᠠᠷᠠᠭᠳᠠᠭᠤᠯᠵᠦ᠂ ᠨᠢᠴᠦᠬᠦᠨ ᠬᠤᠶᠠᠷ ᠮᠦᠷᠦ ᠴᠢᠨᠢ ᠭᠠᠨᠠᠰᠭᠢᠨ ᠨᠣᠬᠢᠯᠵᠠᠵᠦ᠂ ᠵᠠᠭᠠᠨ ᠤ ᠰᠣᠶᠤᠭ᠎ᠠ ᠮᠡᠳᠣ ᠰᠢᠷᠭᠠᠯ ᠦᠩᠬᠡᠳᠡᠢ ᠳᠡᠭᠰᠢᠬᠡᠨ ᠣᠷᠳᠣ ᠬᠦᠯ ᠴᠢᠨᠢ ᠦᠰᠦᠬᠡᠢ ᠪᠠᠷ ᠢᠶᠠᠨ ᠳᠣᠬᠢᠯᠵᠠᠵᠦ᠂ ᠴᠣᠭᠯᠢᠭ ᠣᠶᠠᠩᠭᠠᠯᠢᠭ ᠠᠶᠠᠰ ᠢ ᠲᠠᠭᠠᠨ ᠪᠦᠵᠢᠭᠯᠡᠬᠦ ᠳᠤ ᠰᠠᠨᠵᠢᠭᠢᠨ᠋ᠬᠠᠰᠠᠨ ᠬᠠᠷ᠎ᠠ ᠪᠠᠩᠵᠠᠯ ᠴᠢᠨᠢ ᠰᠡᠷᠡᠯ ᠢ ᠬᠦᠳᠡᠯᠬᠡᠬᠦ ᠶᠢ ᠶᠠᠭᠠᠬᠢᠨᠠᠮ᠃     ᠣᠷᠠᠨ ᠬᠤᠶᠠᠷ ᠭᠠᠷ ᠢᠶᠠᠨ ᠣᠰᠣᠨ ᠮᠡᠳᠣ ᠨᠠᠬᠢᠯᠵᠠᠭᠤᠯᠵᠦ᠂ ᠪᠦᠵᠢᠭ ᠤᠨ ᠬᠠᠨᠢ ᠲᠠᠢ ᠪᠠᠨ ᠨᠠᠭᠠᠰᠢ ᠴᠠᠭᠠᠰᠢ ᠰᠦᠯᠵᠢᠨ‌‍ᠲ᠋ᠣᠭᠯᠠᠬᠤ ᠳᠤ ᠦᠪᠡᠷ ᠤᠨ ᠮᠡᠳᠡᠯ ᠦᠬᠡᠢ ᠴᠢᠮ᠎ᠠ ᠶᠢ ᠬᠠᠷᠠᠮᠨᠠᠬᠤ ᠰᠡᠳᠭᠢᠯ ᠲᠦᠷᠦᠭᠳᠡᠨ ︽ᠪᠣᠯᠢᠭᠠᠴᠢ︾ ᠬᠡᠮᠡᠨ ᠬᠠᠰᠭᠢᠷᠣᠮᠠᠷ ᠪᠣᠯᠣᠭᠰᠠᠨ‌‍ᠴᠦ ᠶᠠᠮᠠᠷ ᠴᠦ ᠠᠷᠭ᠎ᠠ ᠦᠬᠡᠢ ᠨᠢ ᠵᠣᠪᠠᠨᠢᠯᠳᠠᠢ᠃ ᠶᠠᠩᠵᠢᠨᡀᠠᠮᠤ ᠪᠣᠷᠬᠠᠨ ᠤ ᠰᠠᠪᠬᠠᠨ ᠨᠠᠷᠢᠨ ᠬᠤᠷᠣᠭᠤ ᠪᠠᠷ ᠶᠠᠩᠵᠣᠯᠠᠵᠦ ᠪᠠᠷᠢᠮᠯᠠᠭᠰᠠᠨ‌ᠨᠣᠭᠤᠭᠠᠨ ᠳ᠋ᠠᠷᠢ ᠶᠢᠨ ᠪᠦᠷᠢᠯᠸ᠎ᠠ ᠬᠡᠭᠴᠢ ᠴᠢ ᠪᠣᠯᠪᠠ ᠤᠤ︕     ᠶᠠᠭᠠᠬᠢᠭᠰᠠᠨ ᠰᠠᠶᠢᠬᠠᠨ ᠠᠮᠢᠳᠠᠨ ᠪᠣᠢ     ᠶᠠᠭᠠᠬᠢᠭᠠᠳ ᠵᠠᠪᠠᠯ ᠴᠢ ᠶᠣᠮ ᠪᠣᠢ     ᠲᠡᠶᠢᠮᠣ ᠡ︕ ᠲᠢᠺ ᠳᠣᠺ ᠬᠡᠬᠦ ᠡᠷᠢᠶᠠᠨ ᠪᠠᠷᠠᠭᠠᠨ ᠵᠢᠷᠳᠢᠨᠴᠦ ᠠᠴᠠ ᠴᠢᠮ᠎ᠠ ᠶᠢ ᠯᠠ ᠬᠠᠷᠠᠭᠰᠠᠨ ᠠᠴᠠ ᠬᠤᠶᠢᠰᠢ᠂ ᠲᠡᠷᠡ ᠬᠦ ᠰᠠᠪᠠ ᠲᠢᠪ ᠲᠤ ᠬᠦᠮᠦᠨ ᠤ ᠭᠠᠷ ᠬᠦᠷᠦᠰᠢ ᠦᠬᠡᠢ ᠠᠷᠢᠭᠤᠨ ᠶᠠᠭᠤᠮ᠎ᠠ ᠪᠠᠶᠢᠬᠤ ᠶᠢ ᠬᠠᠴᠢᠷᠬᠠᠨ ᠮᠡᠳᠡᠷᠡᠯ᠎ᠡ᠃ ᠣᠷᠠᠨ ᠦᠬᠢᠨ ᠴᠢᠮ᠎ᠠ ᠳᠠᠭᠠᠨ ᠪᠢ ︽ᠬᠠᠷ᠎ᠠ ᠬᠤᠨ︾ ᠬᠡᠰᠡᠨ ᠨᠠᠷ᠎ᠠ ᠬᠠᠶᠢᠷᠠᠯᠠᠯ᠎ᠠ᠃ ᠣᠭᠵᠣᠮ ᠴᠣᠭᠯᠢᠭ ᠪᠦᠵᠢᠭ ᠤᠨ ᠠᠶᠠᠰ ᠳᠠᠬᠢᠨ ᠳᠠᠪᠳᠠᠨ ᠴᠢᠬᠢᠨ ᠳᠤ ᠮᠢᠨᠢ ᠰᠣᠨᠣᠰᠳᠠᠵᠦ᠂ ᠦᠰᠦᠬᠡᠢ ᠪᠠᠷ ᠢᠶᠠᠨ ᠳᠣᠬᠢᠯᠵᠠᠭᠰᠠᠨ ᠴᠢ ᠮᠢᠨᠢ ᠳᠡᠭᠳᠡᠨ ᠳᠡᠭᠳᠡᠭᠰᠡᠬᠡᠷ ᠨᠢᠰᠦᠬᠡᠳ ᠣᠳᠴᠢᠬᠠᠯ᠎ᠠ ᠁     ᠰᠠᠨᠵᠢᠭᠢᠨᠠᠭᠰᠠᠨ ᠬᠠᠷ᠎ᠠ ᠪᠠᠩᠵᠠᠯ ᠴᠢᠨᠢ ᠬᠠᠷ᠎ᠠ ᠨᠣᠤᠯᠤᠭᠤᠷ ᠪᠣᠯᠵᠦ᠂ ᠰᠠᠶᠢᠬᠠᠨ ᠬᠤᠶᠠᠷ ᠭᠠᠷ ᠴᠢᠨᠢ ᠳᠠᠯᠠᠪᠴᠢ ᠪᠣᠯᠣᠨ ᠬᠤᠪᠢᠯᠣᠭᠠᠳ ᠭᠠᠷ ᠬᠦᠷᠦᠮ᠎ᠡ ᠦᠬᠡᠢ ᠣᠭᠳᠠᠷᠭᠤᠢ ᠶᠢᠨ ᠬᠦᠨ ᠢ ᠵᠣᠷᠢᠭᠠᠳ ᠰᠣᠮᠣᠳᠠᠯ᠎ᠠ᠃ ᠴᠢᠨᠦ ᠬᠦᠷᠦᠭᠰᠡᠨ ᠭᠠᠵᠠᠷ ᠲᠤ ᠵᠦᠰᠡᠷ ᠪᠣᠷᠣᠭᠠᠨ ᠰᠢᠪᠡᠷᠡᠵᠦ᠂ ᠴᠢᠨᠣ ᠪᠠᠭᠤᠭᠰᠠᠨ ᠬᠦᠷᠦᠰᠦᠨ ᠳᠤ ᠵᠦᠯᠬᠡ ᠨᠣᠭᠤᠭ᠎ᠠ ᠬᠦᠬᠡᠷᠡᠨ᠎ᠡ᠃ ᠳᠡᠭᠡᠳᠡᠯ᠎ᠡ ᠴᠢ ᠨᠢᠳᠣ ᠬᠠᠯᠢᠷᠠᠮ᠎ᠠ ᠪᠠᠶᠢᠭᠠᠯᠢ ᠨᠠᠭᠤᠷ ᠤᠨ ᠴᠡᠩᠬᠡᠷ ᠣᠰᠣᠨ ᠳᠤ ᠳᠠᠪᠠ ᠪᠠᠷ ᠢᠶᠠᠨ ᠱᠣᠮᠪᠠᠵᠦ᠂ ᠳᠣᠰᠣ ᠭᠤᠭᠤᠵᠢᠮᠠᠷ ᠳᠠᠰ ᠬᠠᠷ᠎ᠠ ᠨᠣᠤᠯᠤᠭᠤᠷ ᠴᠢᠨᠢ ᠣᠰᠣᠨ ᠤ ᠣᠶᠢᠯᠳᠡ ᠳᠤ ᠨᠠᠩ ᠴᠦ‌‍ᠬᠢᠯᠳᠠᠭᠠᠨᠠᠵᠦ᠂ ᠬᠠᠶᠠ ᠬᠠᠶᠠ ᠬᠤᠰᠢᠭᠤ ᠪᠠᠷ ᠢᠶᠠᠨ ᠦᠳᠦ ᠪᠠᠨ ᠰᠢᠯᠡᠮᠡᠳᠡᠬᠦ ᠨᠢ ᠴᠡᠪᠡᠷ ᠴᠡᠮᠴᠡᠬᠡᠷ ᠲᠤ ᠳᠣᠷᠠᠳᠠᠢ ᠪᠠᠶᠢᠳᠠᠭ ᠢ ᠬᠠᠷᠠᠭᠤᠯᠣᠨ᠎ᠠ᠃ ᠬᠠᠷᠠᠵᠦ ᠪᠠᠶᠢᠳᠠᠯ᠎ᠠ ᠳᠡᠷᠳᠡᠭᠡ ᠵᠦᠭ ᠠᠴᠠ ᠬᠡᠳᠣᠨ ᠬᠤᠨ ᠨᠠᠭᠠᠰᠢᠯᠠᠨ ᠢᠷᠡᠵᠦ ᠴᠢᠨᠣ ᠦᠵᠡᠰᠭᠦᠯᠡᠩ ᠭᠤᠶᠣ ᠶᠢ ᠱᠠᠭᠰᠢᠨ ᠭᠠᠶᠢᠬᠠᠵᠦ‌‍ᠴᠢᠮ᠎ᠠ ᠶᠢ ᠳᠣᠭᠤᠷᠢᠨ ᠭᠠᠩᠭᠠᠨᠠᠯᠳᠣᠨ᠎ᠠ᠃ ᠳᠡᠬᠡᠬᠦ ᠳᠤ ᠴᠢ ᠣᠷᠳᠣ ᠬᠦᠵᠦᠬᠦᠤ ᠪᠠᠨ ᠣᠯᠠᠮ ᠴᠦ ᠰᠣᠩᠭᠠᠨ ᠳᠡᠭᠡᠬᠦᠷ ᠬᠠᠷᠠᠨ ᠠᠯᠭᠤᠷᠬᠠᠨ‌‍ᠰᠡᠯᠢᠵᠦ ᠪᠠᠶᠢᠭᠰᠠᠨ ᠢᠶᠠᠨ ᠠᠭᠠᠵᠢᠮ ᠢᠶᠠᠷ ᠬᠤᠶᠠᠷ ᠳᠠᠯᠠᠪᠴᠢ ᠪᠠᠨ ᠡᠬᠡᠯᠵᠢᠯᠡᠨ ᠳᠡᠷᠪᠡᠵᠦ ᠣᠷᠣᠨ ᠳᠠᠭᠠᠨ ᠳᠣᠭᠤᠷᠢᠨ ᠪᠦᠵᠢᠭᠯᠡᠵᠦ ᠡᠬᠢᠯᠡᠯ᠎ᠡ᠃ ᠳᠡᠳᠡᠬᠡᠷ ᠭᠠᠯᠠᠭᠤᠳ ᠴᠦ ᠴᠢᠮ᠎ᠠ ᠶᠢ ᠳᠣᠭᠤᠷᠢᠨ ᠪᠦᠵᠢᠭᠯᠡᠨ᠎ᠡ᠃ ᠠᠯᠢᠶ᠎ᠠ ᠳᠡᠭᠵᠢᠨ ᠵᠠᠩ ᠴᠢᠨᠢ ᠬᠦᠳᠡᠯᠪᠡ ᠪᠣᠯᠣᠯᠳᠠᠢ︕ ᠴᠢ ᠬᠠᠶᠠ‌ᠣᠰᠣᠨ ᠳᠤ ᠬᠤᠰᠢᠭᠤ ᠪᠠᠷ ᠢᠶᠠᠨ ᠱᠣᠩᠭᠤᠨ ᠵᠢᠪᠦᠵᠦ᠂ ᠬᠠᠶᠠ ᠪᠣᠯᠳᠠᠰᠭᠢᠨ ᠦᠵᠡᠭᠳᠡᠵᠦ᠂ ᠬᠠᠶᠠ ᠬᠠᠯᠢᠨ ᠨᠢᠰᠴᠦ ᠪᠠᠶᠢᠭᠰᠠᠨ ᠢᠶᠠᠨ ᠴᠣᠴᠢᠮ ᠢᠶᠠᠷ ᠱᠣᠩᠭᠤᠨ ᠪᠠᠭᠤᠵᠦ ᠪᠦᠵᠢᠭᠯᠡᠭᠰᠡᠭᠡᠷ ᠪᠠᠶᠢᠭᠠᠳ ᠨᠢᠬᠡ ᠮᠡᠳᠡᠬᠦ ᠳᠤ ᠳᠠᠬᠢᠨ ᠭᠤᠶᠣ ᠬᠦᠮᠦᠨ ᠲᠦᠷᠬᠦ ᠪᠠᠷ ᠬᠤᠪᠢᠯᠣᠯ᠎ᠠ᠃      ᠨᠠᠭᠤᠷ ᠤᠨ ᠬᠦᠪᠡᠭᠡ ᠳᠠᠬᠢ ᠣᠢ ᠶᠢᠨ ᠳᠣᠮᠳᠠ ᠦᠨᠳᠣᠷ ᠴᠠᠭᠠᠨ ᠮᠣᠷᠢᠳᠠᠢ ᠠᠯᠮᠠᠰ ᠰᠢᠬᠢᠳᠭᠡᠬᠡᠷᠢ ᠶᠢᠨ ᠡᠷᠬᠢᠮᠰᠦᠭ ᠬᠤᠪᠴᠠᠰᠣ ᠲᠠᠢ‌‍ᠬᠡᠬᠡᠨᠴᠢᠷ ᠵᠠᠯᠠᠭᠤ ᠣᠷᠠᠨ ᠪᠦᠵᠢᠭ ᠢ ᠴᠢᠨᠢ ᠰᠡᠳᠭᠢᠯ ᠳᠠᠯᠪᠢᠨ ᠰᠣᠨᠢᠷᠬᠠᠵᠦ ᠪᠠᠶᠢᠭᠰᠠᠭᠠᠷ ᠴᠢ ᠬᠦᠮᠦᠨ ᠲᠦᠷᠢ ᠳᠤ ᠢᠯᠡᠷᠡᠬᠦ ᠳ᠋ᠤ᠋‌ᠬᠠᠨᠣᠮᠵᠢᠳᠠᠶᠢᠬᠠᠨ ᠬᠡᠭᠴᠢ ᠢᠨᠢᠶᠡᠯ᠎ᠡ᠃ ᠪᠦᠵᠢᠭ ᠤᠨ ᠴᠢᠨᠢ ᠳᠡᠷᠪᠡᠬᠡᠨ ᠳᠤ ᠰᠠᠳᠠᠷᠠᠭᠰᠠᠨ ᠰᠢᠷ᠎ᠠ ᠬᠡᠵᠢᠬᠡᠨ ᠠᠴᠠ ᠴᠢᠨᠢ ᠣᠰᠣᠨ ᠰᠢᠪᠡᠷᠡᠭᠡ ᠪᠣᠳᠠᠷᠠᠵᠦ᠂ ᠬᠠᠵᠠᠭᠤ ᠪᠠᠷ ᠴᠢᠨᠢ ᠵᠢᠭᠠᠰᠣ ᠵᠢᠷᠠᠭᠠᠬᠠᠢ ᠴᠣᠯᠬᠢᠨ ᠳᠣᠭᠯᠠᠵᠦ᠂ ᠪᠣᠯᠵᠣᠮᠣᠷ ᠰᠢᠪᠠᠭᠤ ᠠᠭᠠᠷ ᠲᠤ ᠵᠢᠷᠬᠢᠨ ᠳᠣᠩᠭᠤᠳᠴᠦ᠂ ᠣᠢ ᠮᠣᠳᠣᠳ ᠭᠤᠶᠢᠪᠠᠨ ᠱᠣᠣᠬᠢᠵᠦ ᠣᠯᠠᠮ ᠢᠶᠠᠷ ᠪᠦᠵᠢᠭ ᠲᠡᠭᠡᠨ ᠬᠠᠯᠠᠭᠤᠷᠠᠨ ᠰᠢᠳᠠᠭᠰᠠᠨ ᠴᠢᠨᠤ ᠴᠠᠭᠠᠨ ᠰᠢᠷ᠎ᠠ ᠬᠠᠴᠠᠷ ᠴᠢᠨᠢ ᠶᠠᠭᠠᠷᠠᠨ‌ᠣᠯᠠᠶᠢᠵᠦ ᠪᠦᠬᠦ ᠪᠠᠶ᠎ᠠ ᠴᠢᠨᠢ ᠨᠠᠶᠢᠭᠤᠯᠵᠠᠨ ᠰᠠᠵᠢᠯᠠᠬᠤ ᠳᠤ ᠬᠠᠷ᠎ᠠ ᠨᠣᠤᠯᠤᠭᠤᠷ ᠤᠨ ᠪᠠᠩᠵᠠᠯ ᠴᠢᠨᠢ ᠮᠣᠯᠳᠣᠷᠠᠵᠦ ᠬᠠᠵᠠᠭᠤ ᠶᠢᠨ ᠬᠠᠳᠠᠨ‌‍ᠲ᠋ᠡᠭᠡᠷ᠎ᠡ ᠰᠢᠳᠡᠭᠳᠡᠯ᠎ᠡ᠃ ᠬᠠᠭᠠᠨ ᠤ ᠬᠦᠪᠡᠬᠦᠨ ᠠᠷᠭᠤᠮᠠᠭ ᠬᠦᠯᠦᠭ ᠠᠴᠠ ᠪᠠᠨ ᠠᠯᠭᠤᠷᠬᠠᠨ ᠪᠠᠭᠤᠵᠦ ᠪᠠᠩᠵᠠᠯ ᠢ ᠴᠢᠨᠢ ᠠᠪᠣᠭᠠᠳ ᠳᠡᠷᠪᠡᠭᠡᠷ‌ᠮᠠᠯᠠᠭᠠᠢ ᠳᠡᠭᠡᠷ᠎ᠡ ᠪᠠᠨ ᠳᠠᠯᠪᠢᠬᠤ ᠳᠤ ᠨᠠᠩ ᠴᠦ ᠴᠢᠮᠡᠭ ᠳᠡᠬᠦᠰ ᠦᠵᠡᠮᠵᠢ ᠳᠡᠬᠦᠯᠳᠡᠷ ᠪᠣᠯᠵᠦ᠂ ᠦᠨᠳᠣᠷ ᠴᠠᠭᠠᠨ ᠠᠷᠭᠤᠮᠠᠭ ᠬᠦᠯᠦᠭ ᠨᠢ‌‍ᠲ᠋ᠣᠭᠤᠷᠠᠢ ᠪᠠᠨ ᠴᠠᠪᠴᠢᠯᠠᠨ ᠬᠦᠩᠬᠡᠬᠡᠨ ᠦᠣᠷᠰᠡᠨ᠎ᠡ᠃   ᠰᠣᠴᠢᠭᠰᠠᠨ ᠢᠨᠵᠠᠭ᠎ᠠ ᠰᠢᠬ ᠴᠢ ᠳᠡᠪᠭᠡᠴᠡᠨ ᠢᠷᠡᠭᠡᠳ ᠬᠠᠭᠠᠨ ᠤ ᠬᠦᠣ ᠶᠢ ᠴᠣᠴᠢᠮᠠᠭ ᠬᠠᠷᠠᠭᠠᠳ ᠢᠴᠢᠩᠬᠦᠷᠡᠨ ᠵᠣᠮᠠᠯᠵᠠᠬᠤ ᠨᠢ ᠶᠠᠮᠠᠷᠬᠠᠨ ᠡᠷᠪᠡᠢ ᠬᠦᠬᠡᠷᠦᠬᠦᠨ ᠪᠢᠯᠡ︕ ᠬᠠᠭᠠᠨ ᠬᠦᠪᠡᠬᠦᠨ ᠳᠣᠷᠠᠯᠠᠯ ᠤᠨ ᠬᠠᠷᠠᠴᠠ ᠪᠠᠨ ᠴᠢᠮ᠎ᠠ ᠣᠷᠣᠭᠤ ᠢᠯᠡᠬᠡᠵᠦ᠂ ᠭᠠᠷ ᠢᠶᠠᠨ ᠴᠢᠮ᠎ᠠ‌ᠣᠷᠣᠭᠤ ᠰᠣᠩᠭᠠᠬᠤ ᠳᠤ ᠴᠢ ᠬᠠᠷᠢᠨ ᠬᠠᠶᠢᠯᠣᠨ ᠵᠠᠮᠬᠠᠷᠠᠭᠰᠠᠭᠠᠷ ᠬᠠᠷ᠎ᠠ ᠬᠤᠨ ᠤ ᠨᠣᠤᠯᠤᠭᠤᠷ ᠪᠣᠯᠣᠭᠠᠳ ᠪᠣᠳᠠᠷᠠᠴᠢᠬᠠᠯ᠎ᠠ ᠁     ᠬᠠᠭᠠᠨ ᠬᠦᠪᠡᠬᠦᠨ ᠨᠢ ᠪᠢ ᠪᠠᠶᠢᠭᠰᠠᠨ ᠶᠣᠮ᠂ ᠦᠨᠡᠨ ᠳᠡᠭᠡᠨ ᠪᠢ ᠬᠠᠷᠠᠴᠦ ᠬᠦᠪᠡᠬᠦᠨ ᠪᠠᠶᠢᠭᠰᠠᠨ ᠶᠣᠮ︕      
ᠢᠷᠡᠯᠲᠡ᠄ ᠣᠷᠳᠣᠰ ᠤᠨ ᠮᠣᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ