ᠴᠢᠨ ᠤ ᠠᠰᠬᠠᠨ ᠵᠠᠮ᠄ 2000 ᠵᠢᠯ ᠤᠨ ᠲᠡᠷᠳᠡᠬᠡᠬᠢ ︽ᠦᠨᠳᠦᠷ ᠬᠤᠷᠳᠤᠴᠠᠳᠤ ᠵᠠᠰᠠᠮᠠᠯ ᠵᠠᠮ︾
ᠨᠡᠶᠢᠲᠡᠯᠡᠭᠰᠡᠨ ᠴᠠᠭ᠄
2023/4/14
                      ᠤᠳᠤᠷᠢᠳᠤᠮᠵᠢ᠄        ᠴᠢᠨ ᠤ ᠠᠰᠬᠠᠨ ᠵᠠᠮ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠠ ᠱᠠᠨᠰᠢ ᠮᠤᠵᠢ ᠶᠢᠨ ᠬᠢᠯᠢ ᠬᠢᠵᠠᠭᠠᠷ ᠲᠠᠭᠠᠤ ᠪᠠᠶᠢᠷᠢᠰᠢᠵᠤ᠂ ᠴᠢᠨ ᠤᠯᠤᠰ ᠤᠨ ᠦᠶ᠎ᠡ ᠳᠤ ᠵᠠᠰᠠᠵᠦ ᠪᠠᠶᠢᠭᠤᠯᠤᠭᠰᠠᠨ ᠵᠠᠮ ᠬᠠᠷᠢᠯᠴᠠᠭᠠᠨ ᠤ ᠴᠢᠬᠤᠯᠠ ᠱᠤᠭᠤᠮ ᠪᠣᠯᠤᠨ᠎ᠠ᠃ ᠱᠠᠨᠰᠢ ᠮᠤᠵᠢ ᠶᠢᠨ ᠶᠦᠨ ᠶᠠᠩ ᠰᠢᠶᠠᠨ ᠤ ᠭᠠᠨ ᠴᠢᠤᠸᠠᠨ ᠬᠥᠩ ︵ᠷᠠᠰᠢᠶᠠᠨ ᠪᠤᠯᠠᠭ︶ ᠣᠷᠳᠣᠨ ᠠᠴᠠ ᠡᠬᠢᠯᠡᠵᠦ᠂ ᠥᠪᠥᠷ ᠮᠣᠩᠭᠤᠯ ᠤᠨ ᠪᠤᠭᠤᠲᠤ ᠬᠤᠲᠠ ᠶᠢᠨ ᠵᠢᠤ ᠶᠤᠸᠠᠨ ᠲᠣᠭᠤᠷᠢᠭ ᠤᠨ ᠮᠠ ᡂᠢ ᠡᠷᠳᠡᠨ ᠤ ᠬᠤᠲᠠ ᠬᠦᠷᠳᠡᠭ᠃ ᠪᠥᠬᠦ ᠣᠷᠳᠣ ᠨᠢ 700 ᠭᠠᠷᠤᠶ ᠺᠢᠯᠣᠮᠧᠲᠷ ᠪᠠᠶᠢᠵᠦ᠂ ᠵᠠᠮ ᠲᠠᠭᠠᠤ 14 ᠰᠢᠶᠠᠨ ᠢᠶᠠᠷ ᠦᠡᠭᠬᠡᠷᠡᠵᠦ᠂ ᠳᠤᠮᠳᠠᠳᠤ ᠤᠯᠤᠰ ᠤᠨ ᠡᠷᠲᠡᠨ ᠤ ᠦᠶ᠎ᠡ ᠶᠢᠨ ᠵᠠᠮ ᠬᠠᠷᠢᠯᠴᠠᠭᠠᠨ ᠤ ᠴᠢᠬᠤᠯᠠ ᠬᠦᠢᠰᠦ᠂ ᠠᠷᠠᠯᠵᠢᠶ᠎ᠠ ᠨᠡᠪᠳᠡᠷᠡᠬᠦ ᠵᠠᠮ ᠱᠤᠭᠤᠮ᠂ ᠨᠡᠭᠦᠳᠡᠯᠴᠢᠳ ᠤᠨ ᠵᠠᠮ ᠱᠤᠭᠤᠮ ᠪᠠ ᠦᠨᠳᠦᠰᠦᠲᠡᠨ ᠤ ᠠᠭᠤᠰᠤᠯᠴᠠᠯ ᠤᠨ ᠶᠡᠭᠡ ᠵᠠᠮ ᠪᠠᠶᠢᠵᠡᠢ᠃ ᠴᠢᠨ ᠤ ᠠᠰᠬᠠᠨ ᠵᠠᠮ ᠨᠡᠪᠳᠡᠷᠡᠭᠰᠡᠨ ᠢᠶᠠᠷ ᠵᠦᠩᠶᠤᠸᠠᠨ ᠣᠷᠣᠨ ᠬᠢᠭᠡᠳ ᠪᠣᠷᠣᠲᠣᠬᠤᠶ ᠣᠷᠣᠨ ᠤ ᠬᠤᠭᠤᠷᠣᠨᠳᠣᠬᠢ ᠬᠠᠷᠢᠯᠴᠠᠭ᠎ᠠ ᠶᠠᠪᠤᠯᠴᠠᠭ᠎ᠠ ᠳᠤ ᠳᠥᠭᠦᠮ ᠦᠵᠡᠭᠦᠯᠵᠦ᠂ ᠳᠣᠲᠣᠷ ᠭᠠᠵᠠᠷ ᠠᠴᠠ ᠤᠮᠠᠷᠠᠲᠤ ᠬᠢᠯᠢ ᠬᠢᠵᠠᠭᠠᠷ ᠤᠷᠤᠨ ᠳᠤ ᠨᠡᠪᠲᠡᠷᠡᠬᠦ ᠭᠤᠣᠯ ᠰᠤᠳᠠᠰᠤ ᠪᠤᠯᠵᠤ᠂ ᠬᠤᠵᠢᠮ ᠤᠨ ᠬᠥᠮᠦᠰ ᠤᠨ ᠠᠵᠤ ᠠᠬᠤᠶ᠂ ᠰᠣᠶᠣᠯ᠂ ᠤᠯᠤᠰ ᠲᠦᠷᠦ ᠵᠡᠷᠬᠡ ᠲᠠᠯ᠎ᠠ ᠳᠤ ᠲᠤᠩ ᠶᠡᠭᠡ ᠨᠥᠯᠥᠭᠡ ᠦᠵᠡᠬᠦᠯᠵᠡᠢ᠃  ᠡᠭᠦᠨ ᠤ ᠬᠠᠮᠲᠤ᠂ ᠮᠠᠨ ᠤ ᠤᠯᠤᠰ ᠤᠨ ᠡᠷᠲᠡᠨ ᠤ ᠵᠠᠮ ᠬᠠᠷᠢᠯᠴᠠᠭᠠᠨ ᠤ ᠲᠡᠦᠬᠡ ᠵᠢᠴᠢ ᠴᠢᠨ ᠤᠯᠤᠰ ᠤᠨ ᠲᠡᠦᠬᠡ ᠶᠢ ᠰᠤᠳᠤᠯᠬᠤ ᠳᠤ ᠲᠦᠢᠯ ᠤᠨ ᠴᠢᠬᠤᠯᠠ ᠦᠨ᠎ᠠ ᠦᠷᠲᠡᠭ ᠲᠠᠢ ᠪᠠᠶᠢᠳᠠᠭ᠃ 2006 ᠣᠨ ᠤ 5 ᠰᠠᠷ᠎ᠠ ᠳᠤ᠂ ᠴᠢᠨ ᠤ ᠠᠰᠬᠠᠨ ᠵᠠᠮ ᠤᠨ ᠪᠠᠭᠤᠷᠢ ᠶᠢ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠵᠢᠷᠭᠤᠳᠤᠭᠠᠷ ᠪᠦᠯᠦᠭ ᠤᠨ ᠪᠦᠬᠦ ᠤᠯᠤᠰ ᠤᠨ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯ ᠢ ᠬᠠᠮᠠᠭᠠᠯᠠᠬᠤ ᠨᠢᠬᠡᠴᠢ ᠪᠠᠷ ᠲᠤᠭᠳᠠᠭᠠᠵᠦ ᠨᠡᠶᠢᠳᠡᠯᠡᠪᠡ᠃ 
   历史图1.jpg   
     ᠴᠢᠨ ᠤ ᠠᠰᠬᠠᠨ ᠵᠠᠮ ᠢ ᠮᠦᠷᠳᠡᠬᠦ ᠨᠢ      ︽ᠰᠤᠳᠤᠷ ᠲᠡᠮᠳᠡᠭᠯᠡᠯ · ᠴᠢᠨ ᠱᠢ ᠬᠤᠸᠠᠩ ᠤᠨ ᠴᠠᠳᠢᠭ︾᠎ ᠲᠤ᠄ ︽ᠭᠤᠴᠢᠨ ᠲᠠᠪᠤᠳᠤᠭᠠᠷ ᠣᠨ ᠳᠤ᠂ ᠵᠠᠮ ᠵᠠᠰᠠᠪᠠ᠂ ᠵᠢᠦ ᠶᠤᠸᠠᠨ ᠠᠴᠠ ᠶᠦᠨ ᠶᠠᠩ ᠬᠦᠷᠳᠡᠯ᠎ᠡ ᠠᠭᠤᠯᠠ ᠲᠠᠪᠠᠭ᠎ᠠ ᠶᠢ ᠮᠠᠯᠳᠠᠵᠤ ᠬᠠᠪᠴᠢᠯ ᠵᠢᠯᠠᠭ᠎ᠠ ᠶᠢ ᠲᠡᠭᠰᠢᠯᠡᠨ᠂ ᠴᠢᠭᠡ ᠨᠡᠪᠲᠡᠷᠡᠬᠦᠯᠪᠠ︾ ᠭᠡᠵᠦ ᠲᠡᠮᠳᠡᠭᠯᠡᠭᠰᠡᠨ ᠪᠠᠶᠢᠳᠠᠭ᠃        ᠴᠢᠨ ᠤ ᠠᠰᠬᠠᠨ ᠵᠠᠮ ᠱᠠᠨᠰᠢ ᠶᠢᠨ ᠰᠢᠶᠠᠨᠶᠠᠩ ᠠᠴᠠ ᠡᠬᠢᠯᠡᠵᠦ᠂ ᠥᠪᠥᠷ ᠮᠣᠩᠭᠤᠯ ᠤᠨ ᠮᠤᠨᠢ ᠠᠭᠤᠯᠠ ᠪᠠᠷ ᠥᠩᠭᠡᠷᠡᠨ᠂ ᠪᠠᠷᠳᠠᠭᠠᠳᠤ ᠠᠭᠤᠯᠠ ᠪᠠᠷ ᠭᠤᠣᠯᠯᠠᠵᠤ᠂ ᠬᠤᠲᠣᠭᠤᠷ ᠭᠠᠵᠠᠷ ᠲᠤ ᠨᠢ ᠰᠢᠷᠣᠶ ᠨᠡᠮᠡᠨ ᠬᠠᠩᠳᠠᠵᠤ᠂ ᠭᠤᠣᠯ ᠲᠠᠭᠠᠷᠠᠪᠠᠯ ᠬᠥᠭᠦᠷᠭᠡ ᠲᠠᠯᠪᠢᠵᠤ᠂ ᠵᠢᠤ ᠶᠤᠸᠠᠨ ᠵᠢᠶᠦ᠋ᠨ ︵ᠦᠨᠦᠳᠦᠷ ᠤᠨ ᠪᠤᠭᠤᠳᠤ︶᠎ ᠳᠤ ᠰᠢᠭᠤᠳ ᠨᠡᠪᠲᠡᠷᠡᠳᠡᠭ᠃ ᠪᠦᠬᠦ ᠤᠷᠳᠤ ᠨᠢ 700 ᠭᠠᠷᠤᠢ ᠺᠢᠯᠦᠮᠧᠲᠷ᠂ ᠵᠠᠮ ᠤᠨ ᠭᠠᠳᠠᠷᠭᠤ ᠶᠢᠨ ᠳᠤᠮᠳᠠᠴᠢ ᠥᠷᠭᠡᠨ ᠨᠢ ᠪᠠᠷᠤᠭ 30 ᠮᠧᠲᠷ᠂ ᠬᠠᠮᠤᠭ ᠤᠨ ᠥᠷᠭᠡᠨ ᠳᠡᠭᠡᠨ 80  ᠮᠧᠲᠷ ᠤᠷᠴᠢᠮ ᠬᠦᠷᠴᠤ᠂ 30 ᠭᠠᠷᠤᠢ ᠲᠦᠮᠡᠨ ᠶᠡᠭᠡ ᠴᠡᠷᠢᠭ ᠤᠨ ᠬᠦᠴᠦᠨ ᠢᠶᠠᠷ ᠬᠤᠶᠠᠷ ᠵᠢᠯ ᠬᠠᠭᠠᠰ ᠤᠨ ᠬᠤᠭᠤᠴᠠᠭᠠᠨ ᠲᠤᠳᠤᠷ᠎ᠠ ᠵᠠᠰᠠᠵᠦ ᠪᠠᠶᠢᠭᠤᠯᠵᠡᠢ᠂ ᠡᠨᠡ ᠪᠣᠯ ᠮᠠᠨ ᠤ ᠤᠯᠤᠰ ᠤᠨ ᠲᠡᠦᠬᠡᠨ ᠳᠡᠭᠡᠷᠡᠬᠢ ᠬᠠᠮᠤᠭ ᠤᠨ ᠡᠷᠲᠡᠨ ᠤ ︽ᠠᠰᠬᠠᠨ ᠵᠠᠮ︾᠎ ᠤᠨ ᠨᠢᠭᠡ ᠪᠣᠯᠤᠨ᠎ᠠ᠃     

历史图2.jpg

    

      1974 ᠣᠨ ᠤ 7 ᠰᠠᠷ᠎ᠠ ᠳᠤ᠂ ᠥᠪᠥᠷ ᠮᠣᠩᠭᠤᠯ ᠤᠨ ᠲᠡᠦᠬᠡ ᠶᠢᠨ ᠳᠤᠷᠠᠰᠬᠠᠯᠲᠤ ᠵᠦᠢᠯ ᠤᠨ ᠠᠵᠢᠯᠯᠠᠬᠤ ᠠᠩᠬᠢ ᠶᠢᠨ ᠲᠢᠶᠠᠨ ᠭᠤᠸᠠᠩ ᠶᠢᠨ

ᠠᠩᠬᠢ ᠶᠢᠨ ᠭᠡᠰᠢᠭᠦᠳ ᠲᠠᠢ ᠪᠠᠨ ᠳ᠋ᠦᠩᠱᠧᠩ ᠰᠢᠶᠠᠨ ︵ᠦᠨᠤ ᠶᠢᠨ ᠳ᠋ᠦᠩᠱᠧᠩ ᠲᠣᠭᠤᠷᠢᠭ︶᠎ ᠤ ᠮᠠᠶᠢᠯ ᠨᠢᠭᠡᠳᠦᠯ ᠤᠨ ᠬᠠᠢ ᠽᠢ ᠸᠠᠨ ᠶᠡᠭᠡ ᠪᠠᠷᠢᠭᠠᠳᠠ ᠶᠢᠨ ᠡᠯ

ᠴᠢᠩ ᠪᠠᠨ ᠦᠢᠯᠡᠳᠪᠦᠷᠢᠯᠡᠯ ᠤᠨ ᠪᠠᠷᠢᠭᠠᠳᠠ ᠶᠢᠨ ᠰᠠᠭᠤᠭᠠᠯᠢ ᠠᠷᠠᠳ ᠤᠨ ᠴᠡᠭ ᠠᠴᠠ ᠡᠮᠦᠨᠡᠰᠢ 200 ᠮᠧᠲᠷ ᠤᠨ ᠵᠠᠶᠢᠳᠠᠢ ᠭᠠᠵᠠᠷ ᠠᠴᠠ ᠨᠢᠭᠡ ᠬᠡᠰᠡᠭ

ᠦᠯᠡᠳᠡᠭᠳᠡᠯ ᠤᠷᠤᠮ ᠢ ᠢᠯᠡᠷᠡᠭᠦᠯᠪᠠ᠃ ᠤᠷᠳᠤ ᠨᠢ ᠵᠠᠭᠤ ᠭᠠᠷᠤᠢ ᠮᠧᠲᠷ᠂ ᠬᠥᠮᠦᠨ ᠤ ᠬᠦᠴᠦ ᠪᠠᠷ ᠳᠡᠪᠢᠰᠦᠭᠰᠡᠨ ᠢᠯᠡᠷᠬᠡᠢ ᠣᠷᠣᠮ ᠲᠠᠢ ᠪᠠᠶᠢᠵᠦ᠂ ᠶᠠᠭ ᠯᠠ

ᠵᠠᠮ ᠤᠨ ᠰᠠᠭᠤᠷᠢ ᠶᠢᠨ ᠦᠯᠡᠳᠡᠭᠳᠡᠯ ᠰᠢᠭ ᠪᠠᠶᠢᠪᠠ᠃ ᠡᠨᠡ ᠬᠡᠰᠡᠭ ᠵᠠᠮ ᠤᠨ ᠰᠠᠭᠤᠷᠢ ᠶᠢᠨ ᠦᠯᠡᠳᠡᠭᠳᠡᠯ ᠤᠨ ᠡᠮᠦᠨ᠎ᠡ ᠬᠤᠶᠢᠨ᠎ᠠ ᠬᠤᠶᠠᠷ ᠦᠵᠦᠭᠦᠷ ᠨᠢ ᠦᠶᠡᠷ ᠤᠨ

ᠤᠰᠤᠨ ᠳᠤ ᠤᠷᠤᠰᠤᠭᠠᠳ ᠭᠦᠨ ᠬᠤᠨᠭ᠍ᠬᠢᠯ ᠭᠠᠷᠴᠤ᠂ ᠬᠤᠨᠭ᠍ᠬᠢᠯ ᠤᠨ ᠬᠠᠨ᠎ᠠ ᠶᠢ ᠰᠢᠨᠵᠢᠯᠡᠪᠡᠯ᠂ ᠲᠤᠰ ᠬᠡᠰᠡᠭ ᠤᠨ ᠵᠠᠮ ᠤᠨ ᠰᠠᠭᠤᠷᠢ ᠨᠢ ᠤᠤᠯ ᠭᠠᠵᠠᠷ ᠤᠨ

ᠳᠠᠪᠬᠤᠷᠭ᠎ᠠ ᠲᠡᠭᠡᠷ᠎ᠠ ᠤᠯᠠᠭᠠᠨ ᠡᠯᠡᠰᠦᠨ ᠴᠢᠯᠠᠭᠤᠯᠢᠭ ᠤᠨ ᠬᠡᠮᠬᠡᠳᠡᠭ ᠢ ᠨᠡᠮᠡᠵᠦ ᠳᠡᠪᠢᠰᠦᠭᠰᠡᠨ ᠢ ᠲᠣᠳᠣᠷᠬᠠᠢ ᠣᠯᠵᠤ ᠬᠠᠷᠠᠨ᠎ᠠ᠂ ᠵᠠᠮ ᠤᠨ ᠰᠠᠭᠤᠷᠢ ᠶᠢᠨ

ᠦᠯᠡᠳᠡᠭᠳᠡᠯ ᠨᠢ ᠪᠠᠷᠤᠭ 1.5 ᠮᠧᠲᠷ ᠦᠨᠳᠦᠷ᠂ ᠵᠠᠮ ᠤᠨ ᠭᠠᠳᠠᠷᠭᠤ ᠶᠢᠨ ᠥᠷᠭᠡᠨ ᠨᠢ ᠪᠠᠷᠤᠭ 22 ᠮᠧᠲᠷ ᠤᠷᠴᠢᠮ ᠪᠠᠶᠢᠵᠠᠢ᠃  

      ᠡᠨᠡ ᠬᠡᠰᠡᠭ ᠭᠠᠵᠠᠷ ᠠᠴᠠ ᠡᠮᠦᠨᠡᠰᠢ ᠪᠠᠨ ᠪᠠᠷᠠᠯᠠᠪᠠᠯ ᠭᠠᠵᠠᠷ ᠤᠨ ᠪᠠᠶᠢᠴᠠ ᠨᠢ ᠨᠡᠯᠢᠶᠡᠳ ᠨᠠᠮᠬᠠᠨ᠂ ᠡᠰᠡᠷᠭᠦ ᠲᠠᠯ᠎ᠠ ᠶᠢᠨ ᠳᠣᠪᠣᠴᠠᠭ ᠤᠨ ᠣᠷᠣᠶ ᠲᠡᠬᠡᠷᠡᠬᠢ

ᠬᠡᠳᠦᠨ ᠢᠯᠡ ᠬᠠᠷᠠᠬᠳᠠᠬᠤ ︽ᠰᠡᠲᠡᠷᠬᠡᠢ︾᠎ ᠨᠢ ᠦᠷᠭᠦᠯᠵᠢᠯᠡᠭᠰᠡᠨ ᠳᠣᠪᠣᠴᠠᠭ ᠳᠤᠮᠳᠠ ᠬᠠᠶᠠ ᠨᠢᠭᠤᠭᠳᠠᠵᠤ ᠬᠠᠶᠠ ᠢᠯᠡᠷᠡᠬᠡᠳ ᠴᠢᠬᠡ ᠱᠤᠭᠤᠮ ᠢᠶᠠᠷ

ᠤᠮᠠᠷᠠᠰᠢ ᠪᠠᠨ ᠰᠤᠨᠤᠯᠵᠠᠵᠦ᠂ ︽ᠰᠤᠳᠤᠷ ᠲᠡᠮᠳᠡᠭᠯᠡᠯ︾᠎ ᠳᠠᠬᠢ ︽ᠠᠭᠤᠯᠠ ᠲᠠᠪᠠᠭ᠎ᠠ ᠶᠢ ᠮᠠᠯᠳᠠᠵᠤ ᠬᠠᠪᠴᠢᠯ ᠵᠢᠯᠠᠭ᠎ᠠ ᠶᠢ ᠲᠡᠭᠰᠢᠯᠡᠨ᠂ ᠴᠢᠭᠡ ᠨᠡᠪᠲᠡᠷᠡᠬᠦᠯᠪᠠ︾

ᠬᠡᠵᠤ ᠲᠡᠮᠳᠡᠭᠯᠡᠭᠰᠡᠨ ᠲᠠᠢ ᠠᠮᠠ ᠰᠡᠬᠡᠷ ᠵᠠᠯᠭᠠᠯᠳᠤᠵᠦ ᠪᠠᠶᠢᠨ᠎ᠠ᠃ ᠬᠤᠵᠢᠮ ᠨᠢ ᠬᠠᠭᠤᠴᠢ ᠰᠤᠳᠤᠯᠤᠯ ᠤᠨ ᠮᠠᠯᠳᠠᠯᠭ᠎ᠠ ᠬᠢᠬᠦ ᠪᠠᠷ ᠳᠠᠮᠵᠢᠭᠠᠳ᠂ ᠬᠠᠨᠭ᠍ᠳᠠᠬᠰᠠᠨ

ᠰᠢᠷᠣᠶ ᠶᠢᠨ ᠳᠠᠪᠬᠤᠷᠭ᠎ᠠ ᠶᠢ ᠢᠯᠡᠷᠡᠭᠦᠯᠵᠤ᠂ ᠡᠨᠡ ᠪᠣᠯ ᠳᠠᠷᠤᠶ ᠴᠢᠨ ᠤ ᠠᠰᠬᠠᠨ ᠵᠠᠮ ᠤᠨ ᠦᠯᠡᠳᠡᠭᠳᠡᠯ ᠮᠦᠨ ᠬᠡᠵᠦ ᠲᠡᠳᠡ ᠦᠵᠡᠵᠡᠬᠡᠭᠰᠡᠨ ᠪᠠᠶᠢᠯ᠎ᠠ᠃  

  

 

历史图3.jpg

 

      ᠴᠢᠨ ᠬᠠᠨ ᠤ ᠦᠶ᠎ᠡ ᠳᠤ᠂ ᠣᠷᠳᠣᠰ ᠣᠷᠣᠨ ᠪᠣᠯ ᠨᠡᠷᠡᠲᠡᠢ ︽ᠭᠤᠤᠯ ᠤᠨ ᠡᠮᠦᠨᠡᠬᠢ ᠭᠠᠵᠠᠷ︾ ᠬᠡᠮᠡᠭᠳᠡᠵᠦ᠂ ᠪᠠᠰᠠ ᠰᠢᠨ᠎ᠡ ︽ᠴᠢᠨ ᠵᠦᠩ︾ ᠬᠡᠮᠡᠨ

ᠨᠡᠷᠡᠯᠡᠭᠳᠡᠵᠦ᠂ ︽ᠤᠰᠤ ᠪᠡᠯᠴᠢᠬᠡᠷ ᠦᠡᠭ ᠰᠢᠮᠡᠯᠢᠭ︾ ᠪᠣᠷᠣᠲᠣᠬᠤᠶ ᠣᠷᠣᠨ ᠪᠠᠶᠢᠪᠠ᠃ ᠴᠢᠨ ᠱᠢ ᠬᠤᠸᠠᠩ ᠬᠠᠲᠤᠨ ᠭᠤᠣᠯ ᠲᠠᠭᠠᠤ 44 ᠰᠢᠶᠠᠨ ᠤ ᠬᠤᠳᠠ ᠶᠢ

ᠪᠠᠶᠢᠭᠤᠯᠵᠤ᠂ ᠪᠠᠰᠠ ᠮᠧᠩ ᠲᠢᠶᠠᠨ ᠢ ᠲᠣᠮᠢᠯᠠᠨ 10 ᠲᠦᠮᠡᠨ ᠬᠠᠷ᠎ᠠ ᠠᠯᠪᠠᠴᠢ ᠶᠢ ᠡᠯᠰᠡᠵᠦ᠂ ᠮᠢᠩᠭᠠᠭᠠᠳ ᠭᠠᠵᠠᠷ ᠤᠨ ᠬᠤᠯᠠ ᠦᠷᠬᠦᠯᠵᠢᠯᠡᠭᠰᠡᠨ ᠴᠢᠨ ᠤ

ᠠᠰᠬᠠᠨ ᠵᠠᠮ ᠢ ᠵᠠᠰᠠᠵᠦ᠂ ᠡᠮᠦᠨ᠎ᠠ ᠤᠮᠠᠷ᠎ᠠ ᠶᠢ ᠭᠤᠯᠳᠤ ᠪᠠᠷ ᠬᠤᠯᠪᠤᠵᠦ ᠨᠡᠪᠲᠡᠷᠡᠬᠦᠯᠦᠭᠰᠡᠨ ᠪᠠᠶᠢᠨ᠎ᠠ᠃ 

     ︽ᠵᠢᠤ ᠶᠤᠸᠠᠡ ᠠᠴᠠ ᠰᠢᠭᠤᠳ ᠭᠠᠨ ᠴᠢᠤᠸᠡᠨ ᠳᠤ ᠬᠦᠷᠴᠢᠬᠡᠳᠡᠭ ᠨᠢ ᠮᠧᠩ ᠲᠢᠶᠠᠨ ᠤ ᠨᠡᠪᠲᠡᠷᠡᠬᠦᠯᠦᠭᠰᠡᠨ ᠵᠠᠮ ᠮᠦᠨ᠃ ᠵᠢᠤ ᠶᠤᠸᠠᠨ ᠠᠴᠠ ᠭᠠᠨ

ᠴᠢᠤᠸᠡᠨ ᠬᠦᠷᠬᠦ ᠳᠤ᠂ ᠠᠭᠤᠯᠠ ᠲᠠᠪᠠᠭ᠎ᠠ ᠶᠢ ᠮᠠᠯᠳᠠᠵᠤ ᠬᠠᠪᠴᠢᠯ ᠵᠢᠯᠠᠭ᠎ᠠ ᠶᠢ ᠲᠡᠭᠰᠢᠯᠡᠪᠡ᠂ ᠮᠢᠩᠭ᠎ᠠ ᠨᠠᠢᠮᠠᠨ ᠵᠠᠭᠤ ᠭᠠᠵᠠᠷ ᠪᠠᠶᠢᠳᠠᠭ︾ ᠭᠡᠳᠡᠭ᠃ ᠡᠨᠡ ᠪᠤᠯ ︽

ᠰᠤᠳᠤᠷ ᠲᠡᠮᠳᠡᠭᠯᠡᠯ · ᠮᠸᠡᠭ ᠲᠢᠶᠠᠨ ᠤ ᠰᠤᠯᠠ ᠨᠠᠮᠲᠠᠷ︾᠎ ᠲᠠᠬᠢ ᠴᠢᠨ ᠤ ᠠᠰᠬᠠᠨ ᠵᠠᠮ ᠤᠨ ᠲᠤᠬᠠᠢ ᠤᠬᠤᠷ ᠠᠪᠰᠠᠷᠬᠠᠨ ᠲᠡᠮᠳᠡᠭᠯᠡᠯ ᠪᠣᠯᠤᠨ᠎ᠠ᠃ 

    

历史图4.jpg

    

 

       ᠠᠭᠤᠯᠠ ᠨᠢᠷᠤᠭᠤ᠂ ᠤᠢ ᠬᠦᠪᠴᠢ᠂ ᠰᠢᠷ᠎ᠠ ᠬᠦᠷᠦᠰᠤ᠂ ᠭᠤᠪᠢ ᠡᠯᠡᠰᠦ ᠶᠢ ᠲᠤᠭᠤᠯᠤᠭᠠᠳ ᠁ ᠲᠡᠦᠬᠡ ᠶᠢᠨ ᠲᠤᠭ᠎ᠠ ᠲᠣᠮᠰᠢ ᠦᠭᠡᠢ ᠤᠯᠠᠷᠢᠯ

ᠬᠤᠪᠢᠰᠤᠯᠲᠠ ᠶᠢ ᠭᠡᠷᠡᠴᠢᠯᠡᠭᠰᠡᠨ ᠴᠢᠨ ᠤ ᠠᠰᠬᠠᠨ ᠵᠠᠮ ᠨᠢ ᠰᠢᠶᠠᠨᠶᠠᠩ ᠣᠷᠴᠢᠮ ︵ᠣᠳᠣ ᠶᠢᠨ ᠱᠠᠨᠰᠢ ᠮᠤᠵᠢ ᠶᠢᠨ ᠴᠦᠨ ᠬᠤᠸᠠ ᠰᠢᠶᠠᠨ ᠤ ᠬᠤᠶᠢᠳᠡᠢ︶ ᠎ ᠤᠨ

ᠶᠦᠨ ᠶᠠᠩ ᠰᠢᠶᠠᠨ ᠤ ᠭᠠᠨ ᠴᠢᠤᠸᠠᠨ ᠬᠦᠡᠭ ᠠᠴᠠ ᠪᠤᠭᠤᠲᠤ ᠬᠤᠳᠠ ᠶᠢᠨ ᠵᠢᠤ ᠶᠤᠸᠠᠨ ᠲᠣᠭᠤᠷᠢᠭ ᠤᠨ ᠮᠠ ᡂᠢ ᠡᠷᠲᠡᠨ ᠤ ᠬᠤᠳᠠ ᠳᠤ ᠰᠢᠭᠤᠳ ᠬᠦᠷᠳᠡᠭ᠃

ᠭᠤᠸᠠᠨᠵᠦ᠋ᠩ ᠠᠴᠠ ᠤᠮᠠᠷᠠᠲᠤ ᠬᠢᠯᠢ ᠬᠦᠷᠲᠡᠯ᠎ᠡ ᠡᠳᠦᠭᠡ ᠶᠢᠨ 14 ᠬᠤᠰᠢᠭᠤ᠂ ᠰᠢᠶᠠᠨ᠂ ᠲᠣᠭᠤᠷᠢᠭ ᠢ ᠲᠠᠭᠠᠷᠢᠵᠦ᠂ ᠡᠮᠦᠨ᠎ᠡ ᠠᠴᠠ ᠤᠮᠠᠷᠠᠰᠢ ᠪᠠᠨ ᠱᠠᠨᠰᠢ

ᠮᠤᠵᠢ ᠶᠢᠨ ᠴᠦᠨ ᠬᠤᠸᠠ ᠰᠢᠶᠠᠨ᠂ ᠰᠢᠶᠦ᠋ᠨ ᠢ ᠰᠢᠶᠠᠨ᠂ ᠬᠤᠸᠠᠩ ᠯᠢᠩ ᠰᠢᠶᠠᠨ᠂ ᠹᠦ᠋ ᠰᠢᠶᠠᠨ᠂ ᠭᠠᠨ ᠴᠢᠤᠸᠠᠨ ᠰᠢᠶᠠᠨ᠂ ᡁᠢ ᠳ᠋ᠠᠨ ᠰᠢᠶᠠᠨ᠂ ᠠᠨ ᠰᠠᠢ

ᠰᠢᠶᠠᠨ᠂ ᠽᠢ ᠴᠠᠩ ᠰᠢᠶᠠᠨ᠂ ᠲᠡᠮᠡᠬᠡᠳᠤ ᠰᠢᠶᠠᠨ᠂ ᠤᠷᠳᠤᠰ ᠤᠨ ᠦᠦᠰᠢᠨ ᠬᠤᠰᠢᠭᠤ᠂ ᠡᠵᠡᠨ ᠬᠤᠷᠤᠭ᠎ᠠ ᠬᠤᠰᠢᠭᠤ᠂ ᠬᠢᠶ᠎ᠠ ᠪᠠᠭᠰᠢ ᠲᠣᠭᠤᠷᠢᠭ᠂ ᠳ᠋ᠦᠩᠱᠧᠩ

ᠲᠣᠭᠤᠷᠢᠭ ᠂ ᠳᠠᠯᠠᠳ ᠬᠤᠰᠢᠭᠤ᠂ ᠪᠤᠭᠤᠲᠤ ᠬᠤᠳᠠ ᠶᠢᠨ ᠵᠢᠤ ᠶᠤᠸᠠᠨ ᠲᠣᠭᠤᠷᠢᠭ ᠢᠶᠠᠷ ᠲᠠᠷᠬᠠᠳᠠᠭ᠃ ᠡᠳᠦᠭᠡ᠂ ᠴᠢᠨ ᠤ ᠠᠰᠬᠠᠨ ᠵᠠᠮ ᠬᠠᠮᠤᠭ ᠤᠨ 

ᠥᠷᠭᠡᠨ ᠳᠡᠭᠡᠨ 60 ᠮᠧᠲᠷ ᠪᠠᠶᠢᠳᠠᠭ᠂ ᠤᠯᠠᠩᠬᠢ ᠬᠡᠰᠡᠭ ᠲᠡᠭᠡᠨ ᠪᠤᠯ 20 ᠮᠧᠲᠷ ᠦᠷᠭᠡᠨ ᠪᠠᠶᠢᠵᠦ᠂ ᠰᠦᠷ ᠵᠢᠪᠬᠤᠯᠠᠩᠲᠠᠢ ᠬᠠᠷᠠᠬᠳᠠᠨ᠂ ᠡᠨᠡ ᠬᠦ 2000

ᠵᠢᠯ ᠤᠨ ᠲᠡᠷᠳᠡᠬᠡᠬᠢ ︽ᠲᠦᠷᠭᠡᠨ ᠬᠤᠷᠳᠤᠴᠠᠳᠤ ᠵᠠᠰᠠᠮᠠᠯ ᠵᠠᠮ︾᠎ ᠨᠢ ᠬᠥᠮᠦᠰ ᠲᠤ ᠬᠢᠵᠠᠭᠠᠯᠠᠰᠢ ᠦᠭᠡᠶ ᠠᠯᠤᠰ ᠬᠤᠯᠠ ᠶᠢᠨ ᠮᠦᠷᠦᠬᠡᠳᠦᠯ ᠢ ᠬᠤᠴᠤᠷᠭᠠᠨ

ᠦᠯᠡᠳᠡᠭᠡᠵᠡᠢ᠃    

       ᠴᠢᠨ ᠤ ᠠᠰᠬᠠᠨ ᠵᠠᠮ ᠪᠣᠯ ᠮᠠᠨ ᠤ ᠤᠯᠤᠰ ᠤᠨ ᠬᠢᠯᠢ ᠳᠣᠲᠣᠷ᠎ᠠ ᠦᠯᠡᠳᠡᠭᠳᠡᠵᠦ ᠢᠷᠡᠭᠰᠡᠨ ᠴᠥᠭᠡᠨ ᠲᠣᠭᠠᠨ ᠤ ᠡᠷᠲᠡᠨ ᠤ ᠵᠠᠮ ᠬᠠᠷᠢᠯᠴᠠᠭ᠎ᠠ ᠶᠢᠨ

ᠴᠢᠬᠤᠯᠠ ᠵᠠᠮ ᠤᠨ ᠪᠠᠭᠤᠷᠢ ᠪᠠᠶᠢᠵᠦ᠂ ︽ᠬᠥᠮᠦᠨ ᠲᠥᠷᠥᠯᠬᠢᠲᠡᠨ ᠤ ᠲᠡᠦᠬᠡᠨ ᠳᠡᠭᠡᠷᠡᠬᠢ ᠬᠠᠮᠤᠭ ᠡᠷᠲᠡᠨ ᠤ ᠲᠦᠷᠭᠡᠨ ᠬᠤᠷᠳᠤᠴᠠᠳᠤ ᠵᠠᠰᠠᠮᠠᠯ ᠵᠠᠮ︾ ᠭᠡᠮᠡᠨ

ᠠᠯᠳᠠᠷᠰᠢᠵᠡᠢ᠃ ︽2000 ᠭᠠᠷᠤᠢ ᠵᠢᠯ ᠤᠨ ᠲᠡᠷᠳᠡᠬᠡᠬᠢ ᠴᠢᠨ ᠤᠯᠤᠰ ᠤᠨ ᠦᠶ᠎ᠡ ᠶᠢᠨ ᠡᠶᠢᠮᠦᠷᠬᠦᠤ ᠲᠤᠮᠤ ᠪᠠᠷᠢᠯᠭ᠎ᠠ ᠨᠢ ᠮᠠᠨ ᠤ ᠤᠯᠤᠰ ᠤᠨ ᠡᠷᠲᠡᠨ ᠤ

ᠦᠶ᠎ᠠ ᠶᠢᠨ ᠬᠥᠳᠡᠯᠮᠦᠷᠢᠴᠢᠨ ᠠᠷᠠᠳ ᠲᠦᠮᠡᠨ ᠤ ᠡᠭᠦᠳᠦᠨ ᠪᠦᠲᠦᠭᠡᠭᠰᠡᠨ ᠪᠠᠰᠠ ᠨᠢᠭᠡᠨ ᠠᠭᠤᠤ ᠶᠡᠭᠡ ᠲᠡᠦᠬᠡ ᠶᠢᠨ ᠭᠠᠶᠢᠬᠠᠮᠰᠢᠭ ᠮᠦᠨ︾ ᠬᠡᠵᠦ ᠤᠷᠳᠤᠰ

ᠮᠦᠽᠸᠢ ᠶᠢᠨ ᠬᠦᠷᠢᠶᠡᠯᠡᠩ ᠤᠨ ᠳᠡᠳ᠋ ᠳᠠᠷᠤᠭ᠎ᠠ ᠵᠧᠨ ᠽᠢ ᠮᠢᠩ ᠬᠡᠯᠡᠨ᠎ᠠ ᠃ 

     

历史图5.jpg

     

 

       ᠵᠠᠮ ᠵᠠᠰᠠᠭᠰᠠᠨ ᠲᠡᠦᠬᠡᠨ ᠭᠠᠶᠢᠬᠠᠮᠰᠢᠭ  

       ᠬᠠᠪᠤᠷ ᠤᠨ ᠡᠬᠢ ᠪᠠᠷ ᠣᠷᠳᠣᠰ ᠤᠨ ᠥᠨᠳᠦᠷᠯᠢᠭ ᠡᠰᠡᠨᠢᠨ ᠲᠦᠯᠵᠢᠨ᠎ᠠ᠃ ᠴᠢᠨ ᠤ ᠠᠰᠬᠠᠨ ᠵᠠᠮ ᠤᠨ ᠳ᠋ᠦᠩᠱᠧᠩ ᠤᠨ ᠬᠡᠰᠡᠭ ᠢᠶᠠᠷ ᠬᠦᠷᠬᠦ ᠳᠤ᠂ ︽

ᠲᠡᠯᠡᠬᠡᠢ ᠳᠤ ᠬᠤᠤᠰ ᠦᠬᠡᠢ ᠵᠠᠮ︾ ᠎ ᠤᠨ ᠴᠢᠯᠠᠭᠤᠨ ᠰᠡᠶᠢᠯᠦᠮᠡᠯ ᠲᠡᠬᠡᠷᠡᠬᠢ ᠪᠢᠴᠢᠬᠡᠰᠤ ᠤᠨᠴᠠ ᠶᠢᠨ ᠢᠯᠡ ᠬᠠᠷᠠᠭᠳᠠᠵᠦ᠂ ᠶᠠᠭ ᠯᠠ ᠠᠳᠡᠬᠢ ᠶᠢᠨ ᠥᠩᠭᠡᠷᠡᠭᠰᠡᠨ ᠤ

ᠭᠡᠷᠡᠯ ᠭᠢᠯᠪᠠᠭ᠎ᠠ ᠶᠢ ᠰᠢᠪᠡᠨᠡᠨ ᠦᠬᠦᠯᠡᠵᠦ ᠪᠠᠶᠢᠬᠤ ᠰᠢᠬ ᠁      ᠮᠠᠨ ᠤ ᠬᠤᠳᠠ ᠶᠢᠨ ᠡᠵᠡᠨ ᠬᠤᠷᠤᠭ᠎ᠠ ᠬᠤᠰᠢᠭᠤ᠂ ᠬᠢᠶ᠎ᠠ ᠪᠠᠭᠰᠢ ᠲᠣᠭᠤᠷᠢᠭ᠂

ᠳ᠋ᠦᠩᠱᠧᠩ ᠲᠣᠭᠤᠷᠢᠭ᠂ ᠳᠠᠯᠠᠳ ᠬᠤᠰᠢᠭᠤᠨ ᠳᠤ ᠪᠦᠷ ᠴᠢᠨ ᠤ ᠠᠰᠬᠠᠨ ᠵᠠᠮ ᠤᠨ ᠦᠯᠡᠳᠡᠭᠳᠡᠯ ᠪᠤᠢ᠃   

       ᠳ᠋ᠦᠩᠱᠧᠩ ᠲᠤᠭᠤᠷᠢᠭ ᠤᠨ ᠬᠢᠵᠠᠭᠠᠷ ᠲᠤᠳᠤᠷᠠᠬᠢ ᠴᠢᠨ ᠤ ᠠᠰᠬᠠᠨ ᠵᠠᠮ ᠤᠨ ᠪᠠᠭᠤᠷᠢ ᠨᠢ ᠪᠦᠬᠦ ᠵᠠᠮ ᠱᠤᠭᠤᠮ ᠤᠨ ᠲᠤᠳᠤᠷᠠᠬᠢ ᠨᠡᠯᠢᠶᠡᠳ ᠪᠦᠷᠢᠨ

ᠪᠦᠲᠦᠨ ᠦᠯᠡᠳᠡᠭᠳᠡᠭᠰᠡᠨ ᠨᠢᠬᠡ ᠬᠡᠰᠡᠭ ᠪᠠᠶᠢᠵᠦ᠂ ᠡᠨᠡ ᠬᠡᠰᠡᠭ ᠦᠯᠡᠳᠡᠭᠳᠡᠯ ᠨᠢ ᠡᠮᠦᠨ᠎ᠡ ᠠᠴᠠ ᠤᠮᠠᠷᠠᠰᠢ ᠪᠠᠨ ᠶᠡᠬᠡᠨᠭᠬᠢ ᠳᠡᠭᠡᠨ 15 ᠭᠷᠠᠳᠦ᠋ᠰ ᠤᠨ ᠰᠢᠯᠤᠭᠤᠨ

ᠱᠤᠭᠤᠮ ᠢᠶᠠᠷ ᠦᠷᠬᠦᠯᠵᠢᠯᠡᠵᠦ᠂ ᠬᠠᠷᠢᠨ ᠦᠴᠦᠬᠡᠨ ᠴᠤ ᠮᠤᠷᠤᠶ ᠵᠠᠮ ᠪᠠᠶᠢᠭ᠎ᠠ ᠥᠬᠡᠶ᠃ ᠬᠡᠳᠦ᠋ᠪᠡᠷ 2000 ᠭᠠᠷᠤᠶ ᠵᠢᠯ ᠤᠨ ᠰᠠᠯᠬᠢ ᠪᠤᠷᠤᠭᠠᠨ ᠳᠤ

ᠢᠳᠡᠭᠳᠡᠭᠰᠡᠨ ᠴᠤ ︽ᠠᠰᠬᠠᠨ ᠵᠠᠮ︾᠎ ᠤᠨ ᠰᠦᠷ ᠵᠢᠪᠬᠤᠯᠠᠩᠳᠤ ᠪᠠᠶᠢᠳᠠᠯ ᠢ ᠬᠠᠷᠠᠭᠤᠯᠵᠦ ᠴᠢᠳᠠᠬᠤ ᠶᠤᠮ᠃ ᠳ᠋ᠦᠩᠱᠧᠩ ᠤᠨ ᠬᠢᠵᠠᠭᠠᠷ ᠳᠣᠲᠣᠷᠠᠬᠢ ᠵᠠᠮ ᠤᠨ

ᠦᠯᠡᠳᠡᠭᠳᠡᠯ ᠤᠨ ᠣᠯᠠᠩᠬᠢ ᠨᠢ ᠳᠣᠪᠣᠴᠠᠭ ᠭᠠᠵᠠᠷ ᠤᠨ ᠪᠠᠶᠢᠴᠠ ᠳᠤ ᠬᠠᠷᠢᠶᠠᠯᠠᠭᠳᠠᠵᠦ᠂ ᠭᠤᠣ ᠭᠠᠩᠭ᠎ᠠ ᠬᠥᠨᠳᠡᠯᠡᠨ ᠭᠤᠯᠳᠤ ᠰᠦᠯᠵᠢᠯᠳᠦᠵᠦ ᠪᠠᠶᠢᠳᠠᠭ᠃   

      ᠵᠠᠮ ᠤᠨ ᠦᠯᠡᠳᠡᠭᠳᠡᠯ ᠪᠠᠭᠤᠷᠢ ᠶᠢᠨ ᠠᠰᠢᠬᠳᠡᠢ ᠪᠠᠶᠢᠷᠢᠨ ᠲᠡᠭᠡᠷ᠎ᠠ ᠵᠣᠭᠰᠣᠭᠠᠳ᠂ ᠡᠮᠦᠨ᠎ᠠ ᠤᠮᠠᠷᠠᠰᠢ ᠪᠠᠨ ᠪᠠᠷᠠᠯᠠᠪᠠᠯ᠂ ᠬᠡᠳᠦᠨ ᠠᠭᠤᠯᠠ ᠨᠢᠷᠤᠭᠤ ︽

ᠰᠡᠲᠡᠷᠬᠡᠢ︾ ᠨᠢᠭᠡ ᠱᠤᠭᠤᠮ ᠢᠶᠠᠷ ᠬᠠᠷᠢᠯᠴᠠᠨ ᠨᠡᠪᠲᠡᠷᠡᠵᠦ ᠪᠠᠶᠢᠬᠤ ᠶᠢ ᠣᠯᠵᠤ ᠦᠵᠡᠨ᠎ᠠ᠂ ᠠᠰᠬᠠᠨ ᠵᠠᠮ ᠨᠢ ᠲᠣᠪ ᠲᠣᠳᠣᠷᠬᠠᠶ ᠬᠠᠷᠠᠬᠳᠠᠵᠦ᠂ ᠴᠢᠨ ᠤ ᠠᠰᠬᠠᠨ

ᠵᠠᠮ ᠤᠨ ︽ᠠᠭᠤᠯᠠ ᠲᠠᠪᠠᠭ᠎ᠠ ᠶᠢ ᠮᠠᠯᠳᠠᠵᠤ ᠬᠠᠪᠴᠢᠯ ᠵᠢᠯᠠᠭ᠎ᠠ ᠶᠢ ᠲᠡᠭᠰᠢᠯᠡᠨ᠂ ᠴᠢᠭᠡ ᠨᠡᠪᠳᠡᠷᠡᠬᠦᠯᠦᠭᠰᠡᠨ︾ ᠰᠦᠷᠯᠢᠭ ᠦᠵᠡᠮᠵᠢ ᠶᠢ ᠰᠤᠨᠢᠷᠬᠠᠬᠤ ᠬᠠᠮᠤᠭ ᠤᠨ

ᠲᠤᠬᠢᠳᠡᠢ ᠭᠠᠵᠠᠷ ᠪᠠᠶᠢᠯ᠎ᠠ᠃  

      ᠴᠢᠨ ᠤ ᠠᠰᠬᠠᠨ ᠵᠠᠮ ᠳᠤ ᠠᠭᠤᠯᠠᠷᠬᠠᠭ ᠭᠠᠵᠠᠷ ᠤᠨ ᠵᠠᠮ ᠨᠢ ᠤᠯᠠᠨ᠂ ᠣᠨᠴᠠᠭᠠᠶᠢᠯᠠᠨ ᠠᠭᠤᠯᠠ ᠶᠢᠨ ᠨᠢᠷᠤᠭᠤᠨ ᠱᠤᠭᠤᠮ ᠲᠠᠭᠠᠤ ᠵᠠᠮ ᠵᠠᠰᠠᠭᠰᠠᠨ ᠪᠠᠶᠢᠯ᠎ᠠ᠃

ᠵᠠᠰᠠᠬᠤ ᠳᠠᠭᠠᠨ᠂ ︽ᠠᠭᠤᠯᠠ ᠲᠠᠪᠠᠭ᠎ᠠ ᠶᠢ ᠮᠠᠯᠳᠠᠵᠤ ᠬᠠᠪᠴᠢᠯ ᠵᠢᠯᠠᠭ᠎ᠠ ᠶᠢ ᠲᠡᠭᠰᠢᠯᠡᠨ᠂ ᠴᠢᠭᠡ ᠨᠡᠪᠳᠡᠷᠡᠬᠦᠯᠬᠦ︾ ᠠᠷᠭ᠎ᠠ ᠶᠢ ᠤᠯᠠᠨᠳᠠ ᠬᠡᠷᠡᠭᠯᠡᠪᠠ᠃ ᠲᠠᠷᠤᠢ᠂

ᠵᠠᠮ ᠠᠴᠠ ᠤᠶᠢᠷᠠᠬᠠᠨ ᠠᠭᠤᠯᠠᠨ ᠤ ᠬᠠᠳᠠ ᠴᠢᠯᠠᠭᠤ ᠰᠢᠪᠠᠷ ᠰᠢᠷᠤᠢ ᠶᠢ ᠮᠠᠯᠳᠠᠨ ᠵᠦᠭᠡᠭᠡᠵᠤ ᠬᠤᠨᠭ᠍ᠬᠢᠯ ᠬᠠᠪᠴᠢᠯ ᠢ ᠪᠦᠭᠯᠡᠵᠤ ᠵᠠᠮ ᠭᠠᠷᠭᠠᠬᠰᠠᠨ ᠪᠠᠶᠢᠨ᠎ᠠ᠃

ᠥᠨᠳᠥᠷ ᠣᠷᠭᠢᠯ ᠲᠣᠬᠢᠶᠠᠯᠳᠤᠪᠠᠯ᠂ ᠲᠡᠭᠦᠨ ᠢ ᠬᠢᠳᠠᠳ ᠦᠰᠦᠭ ᠤᠨ ︽之︾ ᠦᠰᠦᠭ ᠤᠨ ᠬᠡᠯᠪᠡᠷᠢ ᠪᠠᠷ ᠠᠭᠤᠯᠠ ᠤᠷᠢᠶᠠᠬᠤ ᠠᠷᠭ᠎ᠠ ᠪᠠᠷ ᠵᠠᠮ ᠵᠠᠰᠠᠵᠤ᠂

ᠵᠠᠮ ᠤᠨ ᠭᠠᠳᠠᠷᠭᠤ ᠶᠢ ᠦᠷᠬᠡᠵᠢᠬᠦᠯᠦᠨ ᠨᠠᠯᠠᠤ ᠶᠢ ᠪᠠᠭᠠᠰᠬᠠᠪᠠ᠃ ᠬᠤᠨᠭ᠍ᠬᠢᠯ ᠬᠠᠪᠴᠢᠯ ᠢ ᠳᠦᠭᠦᠷᠭᠡᠵᠦ᠂ ᠳᠣᠷᠣᠭᠰᠢ ᠤᠬᠤᠵᠦ ᠮᠠᠯᠳᠠᠨ ᠰᠡᠳᠡᠷᠬᠡᠢ ᠭᠠᠷᠭᠠᠵᠦ᠂

ᠴᠢᠨ ᠤ ᠠᠰᠬᠠᠨ ᠵᠠᠮ ᠤᠨ ᠨᠠᠯᠠᠤ ᠪᠠ ᠮᠤᠷᠦ᠋ᠢᠯᠳᠠ ᠨᠡᠯᠢᠶᠡᠳ ᠪᠠᠭ᠎ᠠ ᠪᠠᠶᠢᠬᠤ ᠶᠢ ᠪᠠᠲᠤᠯᠠᠪᠠ᠃ ᠦᠨᠳᠦᠰᠦᠨ ᠳᠡᠭᠡᠨ ᠡᠮᠦᠨᠡᠰᠢ ᠤᠮᠠᠷᠠᠰᠢ ᠴᠢᠭᠯᠡᠯ ᠢᠶᠠᠷ ᠭᠤᠸᠠᠨᠵᠦ᠋ᠩ

ᠭᠠᠵᠠᠷ ᠠᠴᠠ ᠬᠠᠲᠤᠨ ᠭᠤᠣᠯ ᠤᠨ ᠬᠤᠶᠢᠲᠤ ᠬᠡᠰᠡᠭ ᠬᠦᠷᠳᠡᠯ᠎ᠠ ᠰᠢᠭᠤᠳ ᠨᠡᠪᠳᠡᠷᠡᠬᠦᠯᠦᠭᠰᠡᠨ ᠪᠠᠶᠢᠨ᠎ᠠ᠃ ︽ᠠᠭᠤᠯᠠ ᠳᠠᠭᠠᠷᠠᠪᠠᠯ ᠵᠠᠮ ᠨᠡᠭᠡᠭᠡᠵᠦ᠂ ᠭᠤᠤ ᠬᠦᠨᠳᠡᠢ

ᠬᠠᠷᠭᠤᠪᠠᠯ ᠴᠢᠭᠵᠢᠵᠦ ᠲᠦᠬᠦᠷᠬᠡᠨ︾᠂ ᠴᠢᠨ ᠤᠯᠤᠰ ᠤᠨ ᠠᠷᠠᠳ ᠲᠦᠮᠡᠨ ᠪᠠᠰᠠ ᠨᠢᠭᠡᠨ ᠭᠠᠶᠢᠬᠠᠮᠰᠢᠭ ᠢ ᠪᠦᠳᠦᠬᠡᠵᠡᠢ᠃ 

      ︽ᠬᠠᠨ ᠤᠯᠤᠰ ᠤᠨ ᠪᠢᠴᠢᠭ · ᠵᠢᠶᠠ ᠱᠠᠨ ᠤ ᠨᠠᠮᠳᠠᠷ︾᠎ ᠲᠤ ᠲᠡᠮᠳᠡᠭᠯᠡᠭᠰᠡᠨ ᠢᠶᠠᠷ᠄ ︽ᠵᠠᠮ ᠤᠨ ᠦᠷᠭᠡᠨ ᠲᠠᠪᠢᠨ ᠠᠯᠬᠤᠮ᠂ ᠭᠤᠷᠪᠠᠨ ᠵᠠᠩ ᠳᠤ ᠨᠢᠭᠡ

ᠨᠠᠷᠠᠰᠤᠨ ᠮᠣᠳᠣ ᠲᠠᠷᠢᠵᠤ᠂ ᠭᠠᠳᠠᠨ᠎ᠠ ᠬᠦᠪᠡᠭᠡ ᠶᠢ ᠨᠢ ᠵᠤᠵᠠᠭᠠᠨ ᠬᠦᠨᠳᠦ ᠮᠤᠨᠠ ᠪᠠᠷ ᠨᠦᠳᠦᠵᠤ ᠴᠢᠩᠭᠠᠷᠠᠭᠤᠯᠵᠠᠢ︾᠃ ᠴᠢᠨ ᠤ ᠠᠰᠬᠠᠨ ᠵᠠᠮ ᠤᠨ ᠬᠡᠪᠴᠢᠶ᠎ᠡ ᠨᠢ

ᠡᠩ ᠤᠨ ᠵᠠᠮ ᠠᠴᠠ ᠰᠠᠭᠤᠭᠳᠠᠬᠤ ᠶᠤᠰᠤ ᠦᠭᠡᠢ᠃ ᠴᠢᠨ ᠤᠯᠤᠰ ᠤᠨ ᠦᠶ᠎ᠡ ᠶᠢᠨ ᠬᠡᠮᠵᠢᠬᠦᠷ ᠢᠶᠠᠷ ᠬᠡᠮᠵᠢᠪᠠᠯ᠂ ︽ᠲᠠᠪᠢᠨ ᠠᠯᠬᠤᠮ ᠨᠢ ᠪᠠᠷᠤᠭ 69.3

ᠮᠧᠲᠷ ᠲᠠᠢ ᠲᠡᠩᠴᠡᠨ᠎ᠡ᠂ ᠳᠠᠷᠤᠢ ᠴᠢᠨ ᠤ ᠠᠰᠬᠠᠨ ᠵᠠᠮ ᠤᠨ ᠲᠥᠰᠦᠪᠯᠡᠭᠰᠡᠨ ᠥᠷᠭᠡᠨ ᠨᠢ ᠡᠭᠦᠨ ᠲᠠᠢ ᠶᠡᠭᠡ ᠲᠥᠯᠥᠪ ᠣᠶᠢᠷᠠᠯᠴᠠᠭ᠎ᠠ ᠪᠠᠶᠢᠬᠤ ᠶᠣᠰᠣᠲᠠᠶ᠃

ᠬᠠᠭᠤᠴᠢ ᠰᠤᠳᠤᠯᠤᠯ ᠤᠨ ᠡᠷᠳᠡᠮᠳᠠᠨ᠂ ᠵᠠᠮ ᠬᠠᠷᠢᠯᠴᠠᠭᠠᠨ ᠤ ᠲᠡᠤᠬᠡ ᠶᠢᠨ ᠡᠷᠳᠡᠮᠲᠡᠨ ᠪᠠ ᠲᠡᠤᠬᠡ ᠶᠢᠨ ᠭᠠᠵᠠᠷ ᠵᠦᠶ ᠶᠢᠨ ᠡᠷᠳᠡᠮᠲᠡᠨ ᠤ ᠦᠨᠦ ᠶᠢᠨ ᠭᠠᠵᠠᠷ ᠤᠨ

ᠭᠠᠳᠠᠷᠭᠤ ᠶᠢ ᠪᠠᠶᠢᠴᠠᠭᠠᠨ ᠰᠤᠳᠤᠯᠤᠬᠰᠠᠨ ᠪᠠᠶᠢᠴᠠᠭᠠᠯᠲᠠ ᠶᠢ ᠦᠨᠳᠦᠰᠦᠯᠡᠪᠡᠯ᠂ ᠴᠢᠨ ᠤ ᠠᠰᠬᠠᠨ ᠵᠠᠮ ᠤᠨ ᠦᠯᠡᠳᠡᠭᠳᠡᠯ ᠠᠴᠠ ᠦᠵᠡᠵᠦ ᠭᠠᠷᠤᠬᠰᠠᠨ ᠢᠶᠠᠷ᠂

ᠵᠠᠮ ᠤᠨ ᠥᠷᠭᠡᠨ ᠨᠢ ᠠᠩᠬ᠎ᠠ ᠪᠠᠶᠢᠭᠤᠯᠤᠭᠰᠠᠨ ᠦᠶ᠎ᠡ ᠶᠢᠨ ᠬᠢ ᠲᠠᠢ ᠪᠠᠨ ᠪᠠᠷᠤᠭ ᠠᠳᠠᠯᠢ ᠪᠠᠶᠢᠨ᠎ᠠ ᠬᠡᠪᠠ᠃  

      ᠵᠠᠮ ᠨᠢ ᠥᠷᠭᠡᠨ ᠳᠠᠷᠳᠠᠩ᠂ ᠶᠡᠭᠡ ᠴᠡᠷᠢᠭ ᠮᠤᠷᠢ ᠶᠢᠨ ᠲᠦᠷᠭᠡᠨ ᠲᠤᠰᠠᠯᠠᠬᠤ ᠪᠠᠷ ᠮᠤᠷᠳᠠᠬᠤ ᠳᠤ ᠲᠣᠬᠢᠷᠠᠵᠦ᠂ ︽ᠲᠤᠪᠳᠤᠯᠭᠠᠨ ᠤ ᠵᠠᠮ︾ ᠭᠡᠮᠡᠨ

ᠨᠡᠷᠡᠶᠢᠳᠦᠭᠳᠡᠪᠡ᠃ ᠮᠦᠨ ᠴᠤ ᠡᠮᠦᠨ᠎ᠡ ᠤᠮᠠᠷᠠᠰᠢ ᠴᠢᠭᠯᠡᠯ ᠢᠶᠠᠷ ᠬᠤᠯᠠ ᠠᠴᠠ ᠡᠰᠡᠷᠭᠦᠯᠡᠨ ᠬᠠᠷᠠᠯᠴᠠᠵᠦ᠂ ᠠᠰ ᠰᠢᠯᠤᠭᠤᠨ ᠨᠡᠪᠲᠡᠷᠡᠯᠴᠡᠭᠰᠡᠨ ᠠᠴᠠ ᠲᠡᠭᠦᠨ ᠢ

ᠠᠰᠬᠠᠨ ᠵᠠᠮ ᠬᠡᠮᠡᠪᠡ᠃ ᠡᠭᠦᠨ ᠤ ᠲᠠᠭᠠᠤ ᠳᠤ᠂ ᠴᠢᠨ ᠤᠯᠤᠰ ᠲᠤᠬᠠᠢ ᠶᠢᠨ ᠦᠶ᠎ᠡ ᠳᠤ ᠴᠢᠬᠡ ᠰᠢᠯᠤᠭᠤᠨ ᠵᠠᠮ ᠵᠠᠰᠠᠬᠤ ᠳᠤ ᠨᠡᠪᠲᠡᠷᠡᠬᠦ᠂ ᠬᠠᠮᠠᠭᠠᠯᠠᠬᠤ ᠪᠠ

ᠨᠣᠭᠤᠭᠠᠷᠠᠭᠤᠯᠬᠤ ᠠᠰᠠᠭᠤᠳᠠᠯ ᠢ ᠮᠠᠰᠢ ᠴᠢᠬᠤᠯᠠᠴᠢᠯᠠᠵᠦ ᠪᠠᠶᠢᠬᠰᠠᠨ ᠢ ᠬᠠᠷᠠᠭᠤᠯᠵᠡᠢ᠃   

       ᠲᠡᠭᠡᠪᠡᠯ᠂ ᠴᠢᠨ ᠤ ᠠᠰᠬᠠᠨ ᠵᠠᠮ ᠬᠡᠷᠬᠢᠨ ︽ᠭᠤᠣᠯ ᠭᠠᠲᠤᠯᠤᠭᠰᠠᠨ︾ ᠪᠤᠯ︖  

       ᠱᠠᠨᠰᠢ ᠮᠤᠵᠢ ᠶᠢᠨ ᠭᠠᠨ ᠴᠢᠤᠸᠠᠨ ᠰᠢᠶᠠᠨ ᠤ ᠯᠦᠸᠧᠾᠧ ᠭᠤᠣᠯ ᠠᠴᠠ ᠴᠢᠨ ᠤ ᠠᠰᠬᠠᠨ ᠵᠠᠮ ᠤᠨ ᠭᠤᠣᠯ ᠭᠠᠲᠤᠯᠤᠬᠰᠠᠨ ︽ᠱᠧᠡᠭ ᠮᠠ ᠴᠢᠶᠤᠤ︾

ᠬᠦᠬᠦᠷᠬᠡ ᠶᠢᠨ ᠬᠦᠳᠦᠯᠦᠯ ᠬᠥᠭᠦᠷᠭᠡ ᠶᠢ ᠢᠯᠡᠷᠡᠬᠦᠯᠵᠦ᠂ ᠬᠦᠳᠦᠯᠦᠯ ᠬᠥᠭᠦᠷᠭᠡ ᠨᠢ ᠭᠠᠵᠠᠷ ᠤᠨ ᠭᠠᠳᠠᠷᠭᠤ ᠠᠴᠠ 20 ᠭᠠᠷᠤᠢ ᠮᠧᠲᠷ ᠦᠨᠳᠦᠷ ᠪᠠᠶᠢᠵᠦ᠂

ᠬᠠᠩᠳᠠᠭᠰᠠᠨ ᠰᠢᠷᠣᠢ ᠶᠢᠨ ᠳᠠᠪᠬᠤᠷᠭ᠎ᠠ ᠶᠢ ᠲᠣᠳᠣᠷᠬᠠᠢ ᠣᠯᠵᠤ ᠦᠵᠡᠨ᠎ᠡ᠂ ᠳᠠᠪᠬᠤᠷᠭ᠎ᠠ ᠪᠦᠷᠢ ᠶᠢᠨ ᠵᠤᠵᠠᠭᠠᠨ ᠨᠢ 0.1- 0.12 ᠮᠧᠲᠷ ᠪᠠᠶᠢᠬᠤ ᠠᠴᠠ

ᠦᠵᠡᠬᠦᠯᠡᠷ ᠲᠤᠬᠠᠢ ᠶᠢᠨ ᠦᠶ᠎ᠡ ᠳᠤ ᠵᠢᠵᠢᠭ ᠪᠦᠬᠡᠷᠡᠩᠭᠡᠢ ᠮᠣᠳᠣ ᠪᠠᠷ ᠬᠠᠪᠴᠢᠶᠠᠰᠤ ᠪᠤᠯᠭᠠᠵᠦ᠂ ᠳᠠᠪᠬᠤᠷᠭ᠎ᠠ ᠪᠦᠷᠢ ᠶᠢᠨ ᠰᠢᠷᠣᠶ ᠶᠢᠨ ᠵᠤᠵᠠᠭᠠᠨ ᠨᠢ ᠵᠢᠵᠢᠭ

ᠪᠦᠬᠡᠷᠡᠩᠭᠡᠢ ᠮᠣᠳᠣᠨ ᠤ ᠳ᠋ᠢᠶᠠᠮᠧᠲᠷ ᠲᠠᠢ ᠲᠡᠩᠴᠡᠨ᠎ᠡ︔ ᠬᠦᠳᠦᠯᠦᠯ ᠬᠥᠭᠦᠷᠭᠡ ᠶᠢᠨ ᠳᠡᠭᠡᠷ᠎ᠡ ᠲᠠᠯ᠎ᠠ ᠶᠢᠨ ᠥᠷᠭᠡᠨ ᠨᠢ ᠪᠠᠷᠤᠭ 30 ᠮᠧᠲᠷ ᠣᠷᠴᠢᠮ ᠪᠤᠢ᠃

ᠡᠨᠡ ᠨᠢ ᠠᠭᠤᠯᠠ ᠶᠢᠨ ᠨᠢᠷᠤᠭᠤ ᠳᠡᠭᠡᠷᠡᠬᠢ ᠠᠰᠬᠠᠨ ᠵᠠᠮ ᠤᠨ ᠰᠠᠭᠤᠷᠢ ᠶᠢᠨ ᠥᠷᠭᠡᠨ ᠲᠠᠢ ᠣᠶᠢᠷᠠᠯᠴᠠᠭ᠎ᠠ ᠪᠠᠶᠢᠨ᠎ᠠ᠃ ᠡᠨᠡ ᠪᠣᠯ ᠴᠢᠨ ᠤ ᠠᠰᠬᠠᠨ ᠵᠠᠮ ᠳᠡᠭᠡᠷ᠎ᠡ

ᠦᠯᠡᠳᠡᠭᠰᠡᠨ ᠴᠣᠷ ᠤᠨ ᠭᠠᠭᠴᠠ ᠬᠥᠭᠦᠷᠭᠡ ᠶᠢᠨ ᠦᠯᠡᠳᠡᠭᠳᠡᠯ ᠪᠠᠶᠢᠵᠦ᠂ ᠬᠥᠭᠦᠷᠭᠡ ᠶᠢ ︽ᠱᠧᠡᠭ ᠮᠠ ᠴᠢᠶᠤᠤ︾ ᠬᠡᠮᠡᠨ ᠨᠡᠷᠡᠶᠢᠳᠦᠭᠰᠡᠨ ᠠᠴᠠ ᠦᠵᠡᠪᠡᠯ᠂ ᠴᠢᠨ

ᠱᠢ ᠬᠤᠸᠠᠩ ᠤᠨ ᠴᠡᠷᠢᠭ ᠮᠣᠷᠢ ᠲᠤᠬᠠᠶ ᠶᠢᠨ ᠵᠢᠯ ᠡᠨᠡ ᠬᠦᠬᠦᠷᠬᠡ ᠪᠠᠷ ᠦᠡᠭᠬᠡᠷᠡᠵᠤ ᠪᠠᠶᠢᠭᠰᠠᠨ ᠮᠠᠭᠠᠳ᠃

       ᠯᠦᠸᠧᠾᠧ ᠭᠤᠣᠯ ᠤᠨ ᠬᠦᠳᠦᠯᠦᠯ ᠬᠥᠭᠦᠷᠭᠡ ᠶᠢᠨ ᠲᠤᠯᠭᠠᠭᠤᠷ ᠤᠨ ᠦᠯᠡᠳᠡᠭᠳᠡᠯ ᠤᠨ ᠰᠠᠭᠤᠷᠢ ᠶᠢᠨ ᠥᠷᠭᠡᠨ ᠨᠢ 82 ᠮᠧᠲᠷ᠂ ᠣᠷᠣᠶ ᠶᠢᠨ ᠬᠡᠰᠡᠭ ᠤᠨ

ᠥᠷᠭᠡᠨ ᠨᠢ 44 ᠮᠧᠲᠷ᠂ ᠥᠨᠳᠥᠷ ᠨᠢ 72 ᠮᠧᠲᠷ᠂ ᠣᠷᠳᠣ ᠨᠢ 56 ᠮᠧᠲᠷ ᠪᠤᠢ᠃ 2004 ᠣᠨ ᠳᠤ᠂ ᠴᠢᠨ ᠤ ᠠᠰᠬᠠᠨ ᠵᠠᠮ ᠤᠨ ᠲᠤᠰ ᠬᠡᠰᠡᠭ ᠢ

ᠲᠥᠷᠥ ᠶᠢᠨ ᠶᠠᠪᠤᠳᠠᠯ ᠤᠨ ᠬᠤᠷᠢᠶᠠᠨ ᠠᠴᠠ ᠪᠦᠬᠦ ᠤᠯᠤᠰ ᠤᠨ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯ ᠤᠨ ᠬᠠᠮᠠᠭᠠᠯᠠᠯᠲᠠ ᠶᠢᠨ ᠨᠢᠭᠡᠴᠢ ᠪᠠᠷ

ᠨᠡᠶᠢᠲᠡᠯᠡᠵᠦ᠂ ᠣᠳᠣᠬᠠᠨ ᠳᠤ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠰᠣᠶᠣᠯ ᠤᠨ ᠵᠣᠬᠢᠶᠠᠨ

ᠪᠠᠶᠢᠭᠤᠯᠤᠯᠲᠠ ᠳᠤ ᠳᠡᠯᠡᠬᠡᠶ ᠶᠢᠨ ᠰᠣᠶᠣᠯ ᠤᠨ ᠥᠪ ᠢᠶᠠᠷ ᠪᠦᠷᠢᠳᠬᠡᠬᠦᠯᠬᠦ ᠪᠠᠷ ᠭᠤᠶᠤᠴᠢᠯᠠᠨ ᠮᠡᠳᠡᠬᠦᠯᠬᠦ ᠪᠡᠯᠡᠳᠬᠡᠯ ᠬᠢᠵᠦ ᠪᠤᠢ᠃     

       ᠡᠮᠦᠨ᠎ᠡ ᠤᠮᠠᠷ᠎ᠠ ᠶᠢ ᠨᠡᠪᠳᠡᠷᠡᠬᠦᠯᠵᠦ ᠡᠷᠲᠡᠡ ᠡᠳᠦᠭᠡᠬᠢ ᠶᠢ ᠠᠭᠤᠰᠤᠯᠴᠠᠭᠤᠯᠪᠠ   

       ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 33 ᠣᠨ ᠳᠤ᠂ ᠬᠠᠨ ᠶᠤᠸᠠᠨ ᠳ᠋ᠢ ᠬᠠᠭᠠᠨ ᠣᠷᠳᠣᠨ ᠤ ᠦᠬᠢᠨ ᠸᠠᠩ ᠵᠤᠤ ᠵᠢᠶᠦ᠋ᠨ ᠢ ᠴᠠᠨ ᠢᠦᠢ ᠳᠤ

ᠮᠣᠷᠳᠠᠭᠤᠯᠵᠡᠶ᠂ ᠡᠨᠡ ᠪᠣᠯ ᠲᠡᠦᠬᠡᠨ ᠳᠤ ᠠᠯᠳᠠᠷ ᠴᠤᠤᠲᠠᠢ ︽ᠵᠤᠤ ᠵᠢᠶᠦ᠋ᠨ ᠤ ᠪᠣᠭᠤᠮᠲᠠ ᠶᠢᠨ ᠭᠠᠳᠠᠨ᠎ᠠ ᠮᠤᠷᠳᠠᠬᠰᠠᠨ︾ ᠦᠯᠢᠬᠡᠷ ᠪᠤᠯᠤᠨ᠎ᠠ᠃ ᠵᠤᠤ ᠵᠢᠶᠦ᠋ᠨ ᠤ

ᠪᠣᠭᠤᠮᠲᠠ ᠶᠢᠨ ᠭᠠᠳᠠᠨ᠎ᠠ ᠮᠤᠷᠳᠠᠬᠰᠠᠨ ᠦᠯᠢᠭᠡᠷ ᠢ ᠬᠥᠮᠦᠰ ᠠᠯᠢ ᠬᠡᠵᠢᠶᠡᠨᠡᠢ ᠮᠡᠳᠡᠳᠡᠭ ᠪᠠᠶᠢᠬᠰᠠᠨ ᠢᠶᠠᠷ ᠪᠣᠭᠤᠮᠲᠠ ᠠᠴᠠ ᠮᠤᠷᠳᠠᠬᠰᠠᠨ ᠵᠠᠮ ᠨᠢ ᠮᠠᠰᠢ ᠣᠯᠠᠨ

ᠲᠤᠰᠬᠠᠢ ᠮᠡᠷᠭᠡᠵᠢᠯᠲᠡᠨ ᠪᠠ ᠡᠷᠳᠡᠮᠲᠡᠨ ᠤ ᠠᠩᠬᠠᠷᠤᠯ ᠢ ᠲᠡᠳᠡᠪᠡ᠃ 

       ᠵᠤᠤ ᠵᠢᠶᠦ᠋ᠨ ᠤ ᠪᠣᠭᠤᠮᠲᠠ ᠶᠢᠨ ᠭᠠᠳᠠᠨ᠎ᠠ ᠮᠤᠷᠳᠠᠬᠤ ᠳᠠᠭᠠᠨ ᠠᠶᠠᠯᠠᠭᠰᠠᠨ ᠵᠠᠮ ᠱᠤᠭᠤᠮ ᠢ ᠬᠠᠮᠤᠭ ᠡᠷᠳᠡ ᠮᠠᠭᠠᠳᠯᠠᠨ ᠲᠤᠷᠠᠳᠤᠬᠰᠠᠨ ᠬᠦᠮᠦᠨ ᠪᠤᠯ

ᠤᠮᠠᠷᠠᠲᠤ ᠶᠢᠨ ᠦᠨᠳᠦᠰᠦᠲᠡᠨ ᠤ ᠲᠡᠤᠬᠡ ᠶᠢᠨ ᠰᠤᠳᠤᠯᠭᠠᠨ ᠤ ᠬᠦᠷᠢᠶᠡᠨ ᠳᠠᠬᠢ ᠤᠷᠦ᠋ᠢᠯᠠᠭᠴᠢ ᠯᠢᠨ ᠭᠠᠨ ︵1916 — 2017 ᠣᠨ︶ ᠪᠠᠶᠢᠵᠦ᠂ ᠲᠡᠷᠡ

ᠵᠣᠣ ᠵᠢᠶᠦ᠋ᠨ ᠪᠤᠭᠤᠮᠳᠠ ᠠᠴᠠ ᠮᠤᠷᠳᠠᠬᠤ ᠳᠠᠭᠠᠨ ᠴᠢᠨ ᠤ ᠠᠰᠬᠠᠨ ᠵᠠᠮ ᠢᠶᠠᠷ ᠤᠮᠠᠷᠠᠰᠢ ᠮᠣᠷᠳᠠᠭᠰᠠᠨ ᠬᠡᠵᠤ ᠦᠵᠡᠪᠡ᠃ ᠲᠡᠬᠦᠨ ᠤ ᠢᠩᠭᠢᠵᠦ ᠬᠡᠯᠡᠭᠰᠡᠨ ᠢ ᠡᠷᠳᠡᠮ

ᠰᠢᠨᠵᠢᠯᠡᠭᠡᠨ ᠤ ᠬᠢᠨ ᠨᠡᠶᠢᠳᠡᠮ ᠳᠡᠭᠡᠨ ᠮᠡᠳᠡᠷᠡᠵᠤ ᠪᠠᠶᠢᠳᠠᠭ᠃   

       ᠬᠠᠭᠤᠴᠢ ᠰᠤᠳᠤᠯᠤᠯ ᠤᠨ ᠰᠤᠳᠤᠯᠭᠠᠨ ᠢ ᠦᠨᠳᠦᠰᠦᠯᠡᠪᠡᠯ᠂ ᠴᠢᠨ ᠤᠯᠤᠰ ᠲᠤᠬᠠᠶ ᠶᠢᠨ ᠦᠶ᠎ᠡ ᠳᠤ ᠴᠢᠨ ᠤ ᠠᠰᠬᠠᠨ ᠵᠠᠮ ᠢ ᠵᠠᠰᠠᠬᠤ ᠳᠤ᠂ ᠵᠠᠮ ᠳᠠᠭᠠᠤ

ᠳᠠᠭᠠᠯᠲᠠ ᠪᠠᠷᠢᠯᠭ᠎ᠠ ᠪᠠᠷᠢᠵᠠᠶ᠂ ᠲᠤᠬᠠᠶᠢᠯᠠᠪᠠᠯ ᠴᠤᠨᠵᠢ᠂ ᠣᠷᠳᠣ ᠬᠠᠷᠰᠢ᠂ ᠴᠡᠷᠢᠭ ᠤᠨ ᠥᠷᠲᠡᠭᠡ᠂ ᠬᠠᠷᠠᠭᠤᠯ ᠤᠨ ᠭᠠᠵᠠᠷ᠂ ᠬᠠᠮᠠᠭᠠᠯᠠᠯᠳᠠ ᠶᠢᠨ ᠬᠦᠳᠦᠯ᠂ ᠤᠰᠤ

ᠵᠠᠯᠠᠬᠤ ᠰᠤᠪᠠᠭ᠂ ᠤᠯᠠᠭ᠎ᠠ ᠥᠷᠲᠡᠭᠡ ᠵᠡᠷᠭᠡ ᠪᠠᠶᠢᠪᠠ᠃ ᠬᠠᠮᠠᠭᠠᠯᠠᠯᠳᠠ ᠶᠢᠨ ᠬᠦᠳᠦᠯ ᠪᠠ ᠤᠰᠤ ᠵᠠᠯᠠᠬᠤ ᠰᠤᠪᠠᠭ ᠨᠢ ᠵᠠᠮ ᠢ ᠪᠠᠬᠢᠵᠢᠬᠦᠯᠬᠦ ᠪᠠ ᠬᠠᠭᠤᠷᠠᠶ

ᠪᠠᠶᠢᠯᠭᠠᠬᠤ ᠶᠢ ᠪᠠᠳᠤᠯᠠᠬᠰᠠᠨ ᠠᠴᠠ ᠴᠢᠨ ᠤ ᠠᠰᠬᠠᠨ ᠵᠠᠮ ᠢ ᠤᠯᠠᠮ ᠲᠡᠭᠰᠢᠬᠡᠨ ᠮᠦᠷᠳᠡᠬᠡᠨ ᠪᠥᠬᠡᠯᠢᠭ ᠪᠤᠯᠭᠠᠵᠠᠢ︔ ᠴᠣᠨᠵᠢ᠂ ᠬᠠᠷᠠᠭᠤᠯ ᠤᠨ ᠭᠠᠵᠠᠷ ᠪᠠ ᠤᠯᠠᠭ᠎ᠠ

ᠥᠷᠲᠡᠭᠡ ᠵᠡᠷᠭᠡ ᠶᠢ ᠴᠢᠨ ᠤ ᠠᠰᠬᠠᠨ ᠵᠠᠮ ᠤᠨ ᠴᠡᠷᠢᠭ ᠤᠨ ᠶᠠᠪᠤᠳᠠᠯ ᠳᠤ ᠣᠨᠴᠠᠭᠠᠶᠢᠯᠠᠨ ᠵᠤᠷᠢᠭᠤᠯᠵᠤ ᠲᠥᠯᠥᠪᠯᠡᠵᠡᠢ᠃ ᠡᠳᠡᠭᠡᠷ ᠲᠥᠬᠦᠭᠡᠷᠦᠮᠵᠢ ᠨᠢ ᠴᠡᠷᠢᠭ

ᠲᠠᠶᠢᠨ ᠤ ᠪᠠᠶᠢᠳᠠᠯ ᠢ ᠳᠠᠮᠵᠢᠭᠤᠯᠵᠤ᠂ ᠭᠠᠳᠠᠭᠠᠳᠤ ᠶᠢᠨ ᠲᠦᠷᠢᠮᠡᠬᠡᠶᠢᠯᠡᠯ ᠢ ᠡᠰᠡᠷᠭᠦᠴᠡᠨ᠂ ᠬᠢᠯᠢ ᠶᠢᠨ ᠬᠠᠮᠠᠭᠠᠯᠠᠯᠲᠠ ᠶᠢ ᠪᠠᠬᠢᠵᠢᠭᠦᠯᠬᠦ ᠳᠤ ᠲᠥᠬᠦᠮ ᠨᠥᠬᠦᠴᠡᠯ

ᠬᠠᠩᠭᠠᠭᠰᠠᠨ ᠪᠠᠶᠢᠨ᠎ᠠ᠃     

       ᠬᠥᠮᠦᠨ ᠠᠮᠠ ᠤᠯᠠᠰᠢᠷᠠᠬᠤ ᠲᠤᠳᠤᠮ᠂ ᠴᠢᠨ ᠤ ᠠᠰᠬᠠᠨ ᠵᠠᠮ ᠤᠨ ᠬᠤᠶᠠᠷ ᠬᠠᠵᠠᠭᠤ ᠪᠠᠷ ᠬᠢ ᠵᠠᠷᠢᠮ ᠤᠯᠠᠭ᠎ᠠ ᠥᠷᠲᠡᠭᠡ ᠨᠢ ᠠᠭᠠᠵᠢᠮ ᠢᠶᠠᠷ ᠬᠤᠲᠠ

ᠪᠠᠯᠭᠠᠰᠤ ᠪᠣᠯᠤᠨ ᠬᠥᠭᠵᠢᠵᠦ᠂ ᠡᠮᠦᠨ᠎ᠠ ᠤᠮᠠᠷ᠎ᠠ ᠶᠢᠨ ᠠᠷᠠᠯᠵᠢᠶ᠎ᠠ ᠬᠤᠳᠠᠯᠳᠤᠭᠠᠨ ᠤ ᠶᠠᠪᠤᠯᠴᠠᠭ᠎ᠠ᠂ ᠠᠵᠤ ᠠᠬᠤᠶ ᠶᠢᠨ ᠰᠣᠯᠢᠯᠴᠠᠭᠠᠨ ᠤ ᠨᠢᠭᠡᠨ ᠴᠢᠬᠤᠯᠠ ᠵᠠᠮ

ᠱᠤᠭᠤᠮ ᠪᠤᠯᠵᠦ᠂ ᠴᠠᠢ᠂ ᠲᠣᠷᠭ᠎ᠠ᠂ ᠱᠠᠭᠠᠵᠠᠩ᠂ ᠲᠡᠮᠦᠷ ᠢ ᠡ᠊ᠨᠳᠡ ᠶᠡᠭᠡ ᠬᠡᠮᠵᠢᠶ᠎ᠠ ᠪᠠᠷ ᠠᠷᠠᠯᠵᠢᠶᠠᠯᠠᠵᠦ᠂ ᠦᠨᠳᠦᠰᠦᠲᠡᠨ ᠨᠦᠭᠦᠳ ᠤᠨ ᠬᠤᠭᠤᠷᠤᠨᠳᠤᠬᠢ

ᠶᠠᠪᠤᠯᠴᠠᠭ᠎ᠠ ᠰᠣᠯᠢᠯᠴᠠᠭᠠᠨ ᠳᠤ ᠴᠢᠬᠤᠯᠠ ᠦᠢᠯᠡᠳᠦᠯ ᠦᠵᠡᠬᠦᠯᠵᠡᠢ᠃ 

       ᠬᠡᠳᠦᠨ ᠠᠷᠪᠠᠨ ᠵᠢᠯ ᠤᠨ ᠲᠤᠷᠰᠢ᠂ ᠴᠢᠨ ᠤ ᠠᠰᠬᠠᠨ ᠵᠠᠮ ᠤᠨ ᠬᠠᠮᠢᠶ᠎ᠠ ᠪᠦᠬᠦᠢ ᠰᠤᠳᠤᠯᠭᠠᠨ᠂ ᠬᠠᠮᠠᠭᠠᠯᠠᠯᠳᠠ᠂ ᠨᠡᠭᠡᠭᠡᠨ ᠬᠥᠭᠵᠢᠭᠦᠯᠦᠯᠳᠡ ᠶᠢᠨ ᠠᠵᠢᠯ

ᠶᠡᠷᠦ ᠠᠴᠠ ᠲᠠᠰᠤᠯᠳᠠᠭᠰᠠᠨ ᠥᠬᠡᠶ᠃ 1996 ᠣᠨ ᠤ 5 ᠰᠠᠷ᠎ᠠ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ

ᠣᠷᠳᠣᠨ ᠠᠴᠠ ᠴᠢᠨ ᠤ ᠠᠰᠬᠠᠨ ᠵᠠᠮ ᠤᠨ ᠪᠠᠭᠤᠷᠢ ︵ᠳ᠋ᠦᠩᠱᠧᠩ ᠤᠨ ᠬᠡᠰᠡᠭ︶᠎ ᠶᠢ ᠲᠡᠤᠬᠡ ᠶᠢᠨ ᠲᠤᠷᠠᠰᠬᠠᠯᠳᠤ ᠵᠦᠢᠯ ᠤᠨ ᠬᠠᠮᠠᠭᠠᠯᠠᠯᠲᠠ ᠶᠢᠨ ᠨᠢᠭᠡᠴᠢ ᠳᠤ

ᠵᠢᠭᠰᠠᠭᠠᠪᠠ︔ 2006 ᠣᠨ ᠤ 5 ᠰᠠᠷ᠎ᠠ ᠳᠤ᠂ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠴᠢᠨ ᠤ ᠠᠰᠬᠠᠨ ᠵᠠᠮ ᠤᠨ ᠪᠠᠭᠤᠷᠢ ︵ ᠳ᠋ᠦᠩᠱᠧᠩ ᠤᠨ ᠬᠡᠰᠡᠭ︶᠎ ᠶᠢ

ᠵᠢᠷᠭᠤᠳᠤᠭᠠᠷ ᠪᠦᠯᠦᠭ ᠤᠨ ᠪᠥᠬᠦ ᠤᠯᠤᠰ ᠤᠨ ᠭᠤᠤᠯᠳᠠᠯᠭ᠎ᠠ ᠲᠠᠢ ᠲᠡᠤᠬᠡ ᠶᠢᠨ ᠳᠤᠷᠠᠰᠬᠠᠯᠲᠤ ᠵᠦᠢᠯ ‍ᠤᠨ‌ᠬᠠᠮᠠᠭᠠᠯᠠᠯᠲᠠ ᠶᠢᠨ ᠨᠢᠬᠡᠴᠢ ᠪᠠᠷ ᠨᠡᠶᠢᠳᠡᠯᠡᠭᠰᠡᠨ ᠪᠠᠶᠢᠨ᠎ᠠ᠃

2009 ᠣᠨ ᠳᠤ ᠴᠢᠨ ᠤ ᠠᠰᠬᠠᠨ ᠵᠠᠮ ᠤᠨ ᠪᠠᠭᠤᠷᠢ ᠶᠢᠨ ᠰᠤᠳᠤᠯᠭᠠᠨ ᠢ ᠬᠠᠮᠠᠭᠠᠯᠠᠨ ᠬᠥᠭᠵᠢᠭᠦᠯᠬᠦ ᠲᠥᠪ ᠢ ᠪᠠᠶᠢᠭᠤᠯᠵᠦ᠂ ᠴᠢᠨ ᠤ ᠠᠰᠬᠠᠨ ᠵᠠᠮ ᠤᠨ

ᠪᠠᠭᠤᠷᠢ ᠶᠢᠨ ᠳ᠋ᠦᠩᠱᠧᠩ ᠤᠨ ᠬᠡᠰᠡᠭ ᠢ ᠰᠤᠳᠤᠯᠤᠨ ᠬᠠᠮᠠᠭᠠᠯᠠᠵᠦ ᠠᠰᠢᠭᠯᠠᠨ᠂ ᠤᠷᠢᠳ ᠬᠤᠵᠢᠳ ᠴᠢᠨ ᠤ ᠠᠰᠬᠠᠨ ᠵᠠᠮ ᠤᠨ ᠪᠠᠭᠤᠷᠢ ︵ᠳ᠋ᠦᠩᠱᠧᠩ ᠤᠨ ᠬᠡᠰᠡᠭ︶

 ᠎ ᠶᠢᠨ 17.5 ᠺᠢᠯᠣᠮᠧᠲᠷ ᠤᠨ ᠪᠦᠬᠦ ᠤᠷᠳᠤ ᠶᠢ ᠬᠠᠮᠠᠭᠠᠯᠠᠬᠤ ᠬᠡᠪᠴᠢᠶ᠎ᠡ ᠵᠢᠴᠢ ᠡᠵᠡᠮᠰᠢᠨ ᠬᠠᠮᠠᠭᠠᠯᠠᠬᠤ ᠬᠡᠪᠴᠢᠶᠠᠨ ᠲᠤᠳᠤᠷ᠎ᠠ 2000 ᠭᠠᠷᠤᠶ

ᠬᠠᠮᠠᠭᠠᠯᠠᠯᠲᠠ ᠶᠢᠨ ᠵᠠᠭᠠᠭ ᠤᠨ ᠱᠣᠩ ᠢ ᠰᠠᠯᠪᠢᠨ ᠵᠠᠰᠠᠵᠦ᠂ 5 ᠬᠠᠮᠠᠭᠠᠯᠠᠯᠲᠠ ᠶᠢᠨ ᠬᠥᠰᠢᠶ᠎ᠡ ᠪᠤᠰᠠᠬᠠᠵᠦ᠂ ᠴᠢᠨ ᠤ ᠠᠰᠬᠠᠨ ᠵᠠᠮ ᠤᠨ ᠡᠷᠭᠢᠨ ᠲᠣᠭᠤᠷᠢᠨ ᠤ ᠴᠸᠡᠭ

ᠯᠢᠶᠠᠩ ᠡᠷᠲᠡᠨ ᠤ ᠬᠤᠲᠠ ᠵᠢᠴᠢ ᠮᠢᠶᠣᠣ ᠴᠢ ᠭᠧ ᠵᠢᠶᠠᠨ ᠡᠷᠲᠡᠨ ᠤ ᠬᠤᠲᠠ ᠳᠤ 2000 ᠭᠠᠷᠤᠶ ᠮᠧᠲᠷ ᠤᠨ ᠬᠠᠮᠠᠭᠠᠯᠠᠯᠲᠠ ᠶᠢᠨ ᠴᠢᠨᠠᠷᠲᠠᠶ ᠲᠣᠣᠷ ᠬᠦᠷᠢᠶ᠎ᠡ ᠶᠢ

ᠰᠠᠯᠪᠢᠨ ᠵᠠᠰᠠᠪᠠ᠃ 2010 ᠣᠨ ᠳᠤ᠂ ᠳ᠋ᠦᠩᠱᠧᠩ ᠲᠣᠭᠤᠷᠢᠭ ᠤᠨ ᠴᠢᠨ ᠤ ᠠᠰᠬᠠᠨ ᠵᠠᠮ ᠤᠨ ᠪᠠᠭᠤᠷᠢ ᠶᠢ ᠰᠤᠳᠤᠯᠤᠨ ᠬᠠᠮᠠᠭᠠᠯᠠᠵᠦ ᠬᠦᠭᠵᠢᠬᠦᠯᠬᠦ ᠲᠥᠪ ︽

ᠴᠢᠨ ᠤ ᠠᠰᠬᠠᠨ ᠵᠠᠮ ᠤᠨ ᠪᠠᠭᠤᠷᠢ ︵ᠳ᠋ᠦᠩᠱᠧᠩ ᠤᠨ ᠬᠡᠰᠡᠭ︶᠎ ᠶᠢ ᠬᠠᠮᠠᠭᠠᠯᠠᠬᠤ ᠲᠥᠯᠥᠪᠵᠢᠭᠦᠯᠭᠡ︾ ︵2012 — 2030︶᠎ ᠶᠢ ᠰᠢᠨ᠎ᠡ ᠪᠠᠷ

ᠨᠠᠶᠢᠷᠠᠭᠤᠯᠤᠨ ᠵᠣᠬᠢᠶᠠᠪᠠ᠃ 

       ︽ᠴᠢᠨ ᠤ ᠠᠰᠬᠠᠨ ᠵᠠᠮ ᠪᠣᠯ ᠨᠢᠬᠡ ᠢᠵᠢ ᠲᠡᠦᠬᠡᠨ ᠪᠢᠴᠢᠭ ᠠᠳᠠᠯᠢ᠂ ᠲᠡᠦᠬᠡ ᠶᠢᠨ ᠤᠯᠠᠷᠢᠯ ᠬᠤᠪᠢᠰᠤᠯ᠂ ᠴᠠᠭ ᠦᠶ᠎ᠡ ᠶᠢᠨ ᠠᠯᠬᠤᠭ᠎ᠠ ᠶᠢ ᠲᠡᠮᠳᠡᠭᠯᠡᠵᠦ᠂

ᠵᠦᠩᠶᠤᠸᠠᠨ ᠣᠷᠣᠨ ᠪᠠ ᠤᠮᠠᠷᠠᠲᠤ ᠣᠷᠣᠨ ᠤ ᠠᠭᠠᠵᠢᠮ ᠢᠶᠠᠷ ᠨᠡᠶᠢᠯᠡᠵᠦ ᠨᠡᠪᠳᠡᠷᠡᠯᠴᠡᠭᠰᠡᠨ ᠲᠡᠦᠬᠡᠨ ᠶᠠᠪᠤᠴᠠ ᠶᠢ ᠭᠡᠷᠡᠴᠢᠯᠡᠵᠤ᠂ ᠤᠮᠠᠷᠠᠲᠤ ᠣᠷᠣᠨ ᠤ ᠠᠵᠤ

ᠠᠬᠤᠶ ᠨᠡᠶᠢᠭᠡᠮ ᠤᠨ ᠲᠤᠭᠳᠠᠭᠤᠨ ᠬᠦᠭᠵᠢᠯᠳᠠ ᠶᠢ ᠬᠦᠴᠦᠲᠡᠶ ᠠᠬᠢᠭᠤᠯᠵᠡᠢ︾ ᠭᠡᠵᠦ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ

ᠳᠤᠷᠠᠰᠬᠠᠯᠲᠤ ᠵᠦᠢᠯ ᠤᠨ ᠬᠠᠭᠤᠴᠢ ᠰᠤᠳᠤᠯᠤᠯ ᠤᠨ ᠰᠤᠳᠤᠯᠭᠠᠨ ᠤ ᠬᠦᠷᠢᠶᠡᠯᠡᠩ ᠤᠨ ᠰᠤᠳᠤᠯᠭᠠᠳᠠᠨ ᠭᠠᠢ ᡁᠢ ᠶᠦᠩ ᠬᠡᠯᠡᠨ᠎ᠠ

        ︵ᠡᠭᠡ ᠪᠢᠴᠢᠭ ᠢ ︽ᠥᠪᠥᠷ ᠮᠣᠩᠭᠤᠯ ᠤᠨ ᠡᠳᠦᠷ ᠤᠨ ᠰᠣᠨᠢᠨ︾᠎ ᠠᠴᠠ ᠤᠷᠴᠢᠭᠤᠯᠤᠨ ᠨᠠᠶᠢᠷᠠᠭᠤᠯᠪᠠ᠂ ᠬᠡᠷᠡᠯ ᠵᠢᠷᠤᠭ ᠢ ᠣᠷᠳᠣᠰ ᠮᠦᠽᠧᠶ ᠶᠢᠨ

ᠬᠦᠷᠢᠶᠠᠯᠠᠩ ᠠᠴᠠ ᠬᠠᠩᠭᠠᠪᠠ︶        

         ᠠᠰᠢᠬᠯᠠᠬᠰᠠᠨ ᠮᠠᠲ᠋ᠧᠷᠢᠶᠠᠯ᠄    

         1. ︽ᠤᠷᠳᠤᠰ ᠰᠤᠳᠤᠯᠤᠯ ᠤᠨ ᠰᠤᠳᠤᠯᠭᠠᠨ︾᠂ 2020 ᠣᠨ᠂ ᠵᠧᠨ ᠽᠢ ᠮᠢᠩ    

         2. ︽ᠰᠤᠳᠤᠷ ᠲᠡᠮᠳᠡᠭᠯᠡᠯ · ᠴᠢᠨ ᠱᠢ ᠬᠤᠸᠠᠩ ᠤᠨ ᠴᠠᠳᠢᠭ︾᠃    

         3. ︽ᠰᠤᠳᠤᠷ ᠲᠡᠮᠳᠡᠭᠯᠡᠯ · ᠮᠸᠡᠭ ᠲᠢᠶᠠᠨ ᠤ ᠰᠤᠯᠠ ᠨᠠᠮᠲᠠᠷ︾᠂ ︽ᠭᠠᠵᠠᠷ ᠤᠨ ᠬᠤᠷᠢᠶᠠᠩᠭᠤᠢ ᠦᠢᠯᠠᠯᠭ᠎ᠠ︾᠃   

         4. ᠲᠣᠮᠣ ᠬᠡᠯᠪᠡᠷᠢ ᠶᠢᠨ ᠴᠤᠪᠤᠷᠠᠯ ᠪᠢᠴᠢᠭ ︽ᠴᠢᠨ ᠤ ᠠᠰᠬᠠᠨ ᠵᠠᠮ︾᠎ ᠤᠨ ︽ᠴᠢᠨ ᠤ ᠠᠰᠬᠠᠨ ᠵᠠᠮ ᠤᠨ ᠪᠠᠶᠢᠴᠠᠭᠠᠯᠲᠠ ᠶᠢᠨ ᠠᠶᠠᠯᠠᠯ ᠤᠨ ᠲᠡᠮᠳᠡᠭᠯᠡᠯ︾᠂

︽ᠴᠢᠨ ᠤ ᠠᠰᠬᠠᠨ ᠵᠠᠮ ᠤᠨ ᠵᠠᠮ ᠱᠤᠭᠤᠮ ᠤᠨ ᠴᠢᠭᠯᠡᠯ ᠪᠠ ᠰᠤᠶᠤᠯ ᠤᠨ ᠨᠦᠯᠦᠬᠡ︾᠂ ᠰᠢᠤᠢ ᠵᠢᠶᠦ᠋ᠨ ᠹᠧᠩ᠃

      

 

ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ