| ᠤᠳᠤᠷᠢᠳᠤᠮᠵᠢ᠄ | ᠴᠢᠨ ᠤ ᠠᠰᠬᠠᠨ ᠵᠠᠮ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠠ ᠱᠠᠨᠰᠢ ᠮᠤᠵᠢ ᠶᠢᠨ ᠬᠢᠯᠢ ᠬᠢᠵᠠᠭᠠᠷ ᠲᠠᠭᠠᠤ ᠪᠠᠶᠢᠷᠢᠰᠢᠵᠤ᠂ ᠴᠢᠨ | ᠤᠯᠤᠰ ᠤᠨ ᠦᠶ᠎ᠡ ᠳᠤ ᠵᠠᠰᠠᠵᠦ ᠪᠠᠶᠢᠭᠤᠯᠤᠭᠰᠠᠨ ᠵᠠᠮ ᠬᠠᠷᠢᠯᠴᠠᠭᠠᠨ ᠤ ᠴᠢᠬᠤᠯᠠ ᠱᠤᠭᠤᠮ ᠪᠣᠯᠤᠨ᠎ᠠ᠃ ᠱᠠᠨᠰᠢ ᠮᠤᠵᠢ ᠶᠢᠨ ᠶᠦᠨ ᠶᠠᠩ ᠰᠢᠶᠠᠨ ᠤ ᠭᠠᠨ ᠴᠢᠤᠸᠠᠨ | ᠬᠥᠩ ︵ᠷᠠᠰᠢᠶᠠᠨ ᠪᠤᠯᠠᠭ︶ ᠣᠷᠳᠣᠨ ᠠᠴᠠ ᠡᠬᠢᠯᠡᠵᠦ᠂ ᠥᠪᠥᠷ ᠮᠣᠩᠭᠤᠯ ᠤᠨ ᠪᠤᠭᠤᠲᠤ ᠬᠤᠲᠠ ᠶᠢᠨ ᠵᠢᠤ ᠶᠤᠸᠠᠨ ᠲᠣᠭᠤᠷᠢᠭ ᠤᠨ ᠮᠠ ᡂᠢ ᠡᠷᠳᠡᠨ ᠤ ᠬᠤᠲᠠ | ᠬᠦᠷᠳᠡᠭ᠃ ᠪᠥᠬᠦ ᠣᠷᠳᠣ ᠨᠢ 700 ᠭᠠᠷᠤᠶ ᠺᠢᠯᠣᠮᠧᠲᠷ ᠪᠠᠶᠢᠵᠦ᠂ ᠵᠠᠮ ᠲᠠᠭᠠᠤ 14 ᠰᠢᠶᠠᠨ ᠢᠶᠠᠷ ᠦᠡᠭᠬᠡᠷᠡᠵᠦ᠂ ᠳᠤᠮᠳᠠᠳᠤ ᠤᠯᠤᠰ ᠤᠨ ᠡᠷᠲᠡᠨ ᠤ ᠦᠶ᠎ᠡ ᠶᠢᠨ | ᠵᠠᠮ ᠬᠠᠷᠢᠯᠴᠠᠭᠠᠨ ᠤ ᠴᠢᠬᠤᠯᠠ ᠬᠦᠢᠰᠦ᠂ ᠠᠷᠠᠯᠵᠢᠶ᠎ᠠ ᠨᠡᠪᠳᠡᠷᠡᠬᠦ ᠵᠠᠮ ᠱᠤᠭᠤᠮ᠂ ᠨᠡᠭᠦᠳᠡᠯᠴᠢᠳ ᠤᠨ ᠵᠠᠮ ᠱᠤᠭᠤᠮ ᠪᠠ ᠦᠨᠳᠦᠰᠦᠲᠡᠨ ᠤ ᠠᠭᠤᠰᠤᠯᠴᠠᠯ ᠤᠨ ᠶᠡᠭᠡ | ᠵᠠᠮ ᠪᠠᠶᠢᠵᠡᠢ᠃ ᠴᠢᠨ ᠤ ᠠᠰᠬᠠᠨ ᠵᠠᠮ ᠨᠡᠪᠳᠡᠷᠡᠭᠰᠡᠨ ᠢᠶᠠᠷ ᠵᠦᠩᠶᠤᠸᠠᠨ ᠣᠷᠣᠨ ᠬᠢᠭᠡᠳ ᠪᠣᠷᠣᠲᠣᠬᠤᠶ ᠣᠷᠣᠨ ᠤ ᠬᠤᠭᠤᠷᠣᠨᠳᠣᠬᠢ ᠬᠠᠷᠢᠯᠴᠠᠭ᠎ᠠ ᠶᠠᠪᠤᠯᠴᠠᠭ᠎ᠠ ᠳᠤ | ᠳᠥᠭᠦᠮ ᠦᠵᠡᠭᠦᠯᠵᠦ᠂ ᠳᠣᠲᠣᠷ ᠭᠠᠵᠠᠷ ᠠᠴᠠ ᠤᠮᠠᠷᠠᠲᠤ ᠬᠢᠯᠢ ᠬᠢᠵᠠᠭᠠᠷ ᠤᠷᠤᠨ ᠳᠤ ᠨᠡᠪᠲᠡᠷᠡᠬᠦ ᠭᠤᠣᠯ ᠰᠤᠳᠠᠰᠤ ᠪᠤᠯᠵᠤ᠂ ᠬᠤᠵᠢᠮ ᠤᠨ ᠬᠥᠮᠦᠰ ᠤᠨ ᠠᠵᠤ | ᠠᠬᠤᠶ᠂ ᠰᠣᠶᠣᠯ᠂ ᠤᠯᠤᠰ ᠲᠦᠷᠦ ᠵᠡᠷᠬᠡ ᠲᠠᠯ᠎ᠠ ᠳᠤ ᠲᠤᠩ ᠶᠡᠭᠡ ᠨᠥᠯᠥᠭᠡ ᠦᠵᠡᠬᠦᠯᠵᠡᠢ᠃ ᠡᠭᠦᠨ ᠤ ᠬᠠᠮᠲᠤ᠂ ᠮᠠᠨ ᠤ ᠤᠯᠤᠰ ᠤᠨ ᠡᠷᠲᠡᠨ ᠤ ᠵᠠᠮ | ᠬᠠᠷᠢᠯᠴᠠᠭᠠᠨ ᠤ ᠲᠡᠦᠬᠡ ᠵᠢᠴᠢ ᠴᠢᠨ ᠤᠯᠤᠰ ᠤᠨ ᠲᠡᠦᠬᠡ ᠶᠢ ᠰᠤᠳᠤᠯᠬᠤ ᠳᠤ ᠲᠦᠢᠯ ᠤᠨ ᠴᠢᠬᠤᠯᠠ ᠦᠨ᠎ᠠ ᠦᠷᠲᠡᠭ ᠲᠠᠢ ᠪᠠᠶᠢᠳᠠᠭ᠃ 2006 ᠣᠨ ᠤ 5 | ᠰᠠᠷ᠎ᠠ ᠳᠤ᠂ ᠴᠢᠨ ᠤ ᠠᠰᠬᠠᠨ ᠵᠠᠮ ᠤᠨ ᠪᠠᠭᠤᠷᠢ ᠶᠢ ᠲᠦᠷᠦ ᠶᠢᠨ ᠶᠠᠪᠤᠳᠠᠯ ᠤᠨ ᠬᠤᠷᠢᠶ᠎ᠠ ᠠᠴᠠ ᠵᠢᠷᠭᠤᠳᠤᠭᠠᠷ ᠪᠦᠯᠦᠭ ᠤᠨ ᠪᠦᠬᠦ ᠤᠯᠤᠰ ᠤᠨ ᠭᠤᠣᠯᠳᠠᠯᠭ᠎ᠠ ᠲᠠᠢ | ᠲᠡᠦᠬᠡ ᠶᠢᠨ ᠳᠤᠷᠠᠰᠬᠠᠯᠲᠤ ᠵᠦᠢᠯ ᠢ ᠬᠠᠮᠠᠭᠠᠯᠠᠬᠤ ᠨᠢᠬᠡᠴᠢ ᠪᠠᠷ ᠲᠤᠭᠳᠠᠭᠠᠵᠦ ᠨᠡᠶᠢᠳᠡᠯᠡᠪᠡ᠃ | | | | | ᠴᠢᠨ ᠤ ᠠᠰᠬᠠᠨ ᠵᠠᠮ ᠢ ᠮᠦᠷᠳᠡᠬᠦ ᠨᠢ | ︽ᠰᠤᠳᠤᠷ ᠲᠡᠮᠳᠡᠭᠯᠡᠯ · ᠴᠢᠨ ᠱᠢ ᠬᠤᠸᠠᠩ ᠤᠨ ᠴᠠᠳᠢᠭ︾ ᠲᠤ᠄ ︽ᠭᠤᠴᠢᠨ ᠲᠠᠪᠤᠳᠤᠭᠠᠷ ᠣᠨ ᠳᠤ᠂ ᠵᠠᠮ ᠵᠠᠰᠠᠪᠠ᠂ ᠵᠢᠦ ᠶᠤᠸᠠᠨ ᠠᠴᠠ ᠶᠦᠨ ᠶᠠᠩ | ᠬᠦᠷᠳᠡᠯ᠎ᠡ ᠠᠭᠤᠯᠠ ᠲᠠᠪᠠᠭ᠎ᠠ ᠶᠢ ᠮᠠᠯᠳᠠᠵᠤ ᠬᠠᠪᠴᠢᠯ ᠵᠢᠯᠠᠭ᠎ᠠ ᠶᠢ ᠲᠡᠭᠰᠢᠯᠡᠨ᠂ ᠴᠢᠭᠡ ᠨᠡᠪᠲᠡᠷᠡᠬᠦᠯᠪᠠ︾ ᠭᠡᠵᠦ ᠲᠡᠮᠳᠡᠭᠯᠡᠭᠰᠡᠨ ᠪᠠᠶᠢᠳᠠᠭ᠃ | ᠴᠢᠨ ᠤ ᠠᠰᠬᠠᠨ ᠵᠠᠮ ᠱᠠᠨᠰᠢ ᠶᠢᠨ ᠰᠢᠶᠠᠨᠶᠠᠩ ᠠᠴᠠ ᠡᠬᠢᠯᠡᠵᠦ᠂ ᠥᠪᠥᠷ ᠮᠣᠩᠭᠤᠯ ᠤᠨ ᠮᠤᠨᠢ ᠠᠭᠤᠯᠠ ᠪᠠᠷ ᠥᠩᠭᠡᠷᠡᠨ᠂ ᠪᠠᠷᠳᠠᠭᠠᠳᠤ ᠠᠭᠤᠯᠠ ᠪᠠᠷ | ᠭᠤᠣᠯᠯᠠᠵᠤ᠂ ᠬᠤᠲᠣᠭᠤᠷ ᠭᠠᠵᠠᠷ ᠲᠤ ᠨᠢ ᠰᠢᠷᠣᠶ ᠨᠡᠮᠡᠨ ᠬᠠᠩᠳᠠᠵᠤ᠂ ᠭᠤᠣᠯ ᠲᠠᠭᠠᠷᠠᠪᠠᠯ ᠬᠥᠭᠦᠷᠭᠡ ᠲᠠᠯᠪᠢᠵᠤ᠂ ᠵᠢᠤ ᠶᠤᠸᠠᠨ ᠵᠢᠶᠦ᠋ᠨ ︵ᠦᠨᠦᠳᠦᠷ ᠤᠨ | ᠪᠤᠭᠤᠳᠤ︶ ᠳᠤ ᠰᠢᠭᠤᠳ ᠨᠡᠪᠲᠡᠷᠡᠳᠡᠭ᠃ ᠪᠦᠬᠦ ᠤᠷᠳᠤ ᠨᠢ 700 ᠭᠠᠷᠤᠢ ᠺᠢᠯᠦᠮᠧᠲᠷ᠂ ᠵᠠᠮ ᠤᠨ ᠭᠠᠳᠠᠷᠭᠤ ᠶᠢᠨ ᠳᠤᠮᠳᠠᠴᠢ ᠥᠷᠭᠡᠨ ᠨᠢ ᠪᠠᠷᠤᠭ 30 ᠮᠧᠲᠷ᠂ | ᠬᠠᠮᠤᠭ ᠤᠨ ᠥᠷᠭᠡᠨ ᠳᠡᠭᠡᠨ 80 ᠮᠧᠲᠷ ᠤᠷᠴᠢᠮ ᠬᠦᠷᠴᠤ᠂ 30 ᠭᠠᠷᠤᠢ ᠲᠦᠮᠡᠨ ᠶᠡᠭᠡ ᠴᠡᠷᠢᠭ ᠤᠨ ᠬᠦᠴᠦᠨ ᠢᠶᠠᠷ ᠬᠤᠶᠠᠷ ᠵᠢᠯ ᠬᠠᠭᠠᠰ ᠤᠨ ᠬᠤᠭᠤᠴᠠᠭᠠᠨ | ᠲᠤᠳᠤᠷ᠎ᠠ ᠵᠠᠰᠠᠵᠦ ᠪᠠᠶᠢᠭᠤᠯᠵᠡᠢ᠂ ᠡᠨᠡ ᠪᠣᠯ ᠮᠠᠨ ᠤ ᠤᠯᠤᠰ ᠤᠨ ᠲᠡᠦᠬᠡᠨ ᠳᠡᠭᠡᠷᠡᠬᠢ ᠬᠠᠮᠤᠭ ᠤᠨ ᠡᠷᠲᠡᠨ ᠤ ︽ᠠᠰᠬᠠᠨ ᠵᠠᠮ︾ ᠤᠨ ᠨᠢᠭᠡ ᠪᠣᠯᠤᠨ᠎ᠠ᠃ | | | | 1974 ᠣᠨ ᠤ 7 ᠰᠠᠷ᠎ᠠ ᠳᠤ᠂ ᠥᠪᠥᠷ ᠮᠣᠩᠭᠤᠯ ᠤᠨ ᠲᠡᠦᠬᠡ ᠶᠢᠨ ᠳᠤᠷᠠᠰᠬᠠᠯᠲᠤ ᠵᠦᠢᠯ ᠤᠨ ᠠᠵᠢᠯᠯᠠᠬᠤ ᠠᠩᠬᠢ ᠶᠢᠨ ᠲᠢᠶᠠᠨ ᠭᠤᠸᠠᠩ ᠶᠢᠨ | ᠠᠩᠬᠢ ᠶᠢᠨ ᠭᠡᠰᠢᠭᠦᠳ ᠲᠠᠢ ᠪᠠᠨ ᠳ᠋ᠦᠩᠱᠧᠩ ᠰᠢᠶᠠᠨ ︵ᠦᠨᠤ ᠶᠢᠨ ᠳ᠋ᠦᠩᠱᠧᠩ ᠲᠣᠭᠤᠷᠢᠭ︶ ᠤ ᠮᠠᠶᠢᠯ ᠨᠢᠭᠡᠳᠦᠯ ᠤᠨ ᠬᠠᠢ ᠽᠢ ᠸᠠᠨ ᠶᠡᠭᠡ ᠪᠠᠷᠢᠭᠠᠳᠠ ᠶᠢᠨ ᠡᠯ | ᠴᠢᠩ ᠪᠠᠨ ᠦᠢᠯᠡᠳᠪᠦᠷᠢᠯᠡᠯ ᠤᠨ ᠪᠠᠷᠢᠭᠠᠳᠠ ᠶᠢᠨ ᠰᠠᠭᠤᠭᠠᠯᠢ ᠠᠷᠠᠳ ᠤᠨ ᠴᠡᠭ ᠠᠴᠠ ᠡᠮᠦᠨᠡᠰᠢ 200 ᠮᠧᠲᠷ ᠤᠨ ᠵᠠᠶᠢᠳᠠᠢ ᠭᠠᠵᠠᠷ ᠠᠴᠠ ᠨᠢᠭᠡ ᠬᠡᠰᠡᠭ | ᠦᠯᠡᠳᠡᠭᠳᠡᠯ ᠤᠷᠤᠮ ᠢ ᠢᠯᠡᠷᠡᠭᠦᠯᠪᠠ᠃ ᠤᠷᠳᠤ ᠨᠢ ᠵᠠᠭᠤ ᠭᠠᠷᠤᠢ ᠮᠧᠲᠷ᠂ ᠬᠥᠮᠦᠨ ᠤ ᠬᠦᠴᠦ ᠪᠠᠷ ᠳᠡᠪᠢᠰᠦᠭᠰᠡᠨ ᠢᠯᠡᠷᠬᠡᠢ ᠣᠷᠣᠮ ᠲᠠᠢ ᠪᠠᠶᠢᠵᠦ᠂ ᠶᠠᠭ ᠯᠠ | ᠵᠠᠮ ᠤᠨ ᠰᠠᠭᠤᠷᠢ ᠶᠢᠨ ᠦᠯᠡᠳᠡᠭᠳᠡᠯ ᠰᠢᠭ ᠪᠠᠶᠢᠪᠠ᠃ ᠡᠨᠡ ᠬᠡᠰᠡᠭ ᠵᠠᠮ ᠤᠨ ᠰᠠᠭᠤᠷᠢ ᠶᠢᠨ ᠦᠯᠡᠳᠡᠭᠳᠡᠯ ᠤᠨ ᠡᠮᠦᠨ᠎ᠡ ᠬᠤᠶᠢᠨ᠎ᠠ ᠬᠤᠶᠠᠷ ᠦᠵᠦᠭᠦᠷ ᠨᠢ ᠦᠶᠡᠷ ᠤᠨ | ᠤᠰᠤᠨ ᠳᠤ ᠤᠷᠤᠰᠤᠭᠠᠳ ᠭᠦᠨ ᠬᠤᠨᠭ᠍ᠬᠢᠯ ᠭᠠᠷᠴᠤ᠂ ᠬᠤᠨᠭ᠍ᠬᠢᠯ ᠤᠨ ᠬᠠᠨ᠎ᠠ ᠶᠢ ᠰᠢᠨᠵᠢᠯᠡᠪᠡᠯ᠂ ᠲᠤᠰ ᠬᠡᠰᠡᠭ ᠤᠨ ᠵᠠᠮ ᠤᠨ ᠰᠠᠭᠤᠷᠢ ᠨᠢ ᠤᠤᠯ ᠭᠠᠵᠠᠷ ᠤᠨ | ᠳᠠᠪᠬᠤᠷᠭ᠎ᠠ ᠲᠡᠭᠡᠷ᠎ᠠ ᠤᠯᠠᠭᠠᠨ ᠡᠯᠡᠰᠦᠨ ᠴᠢᠯᠠᠭᠤᠯᠢᠭ ᠤᠨ ᠬᠡᠮᠬᠡᠳᠡᠭ ᠢ ᠨᠡᠮᠡᠵᠦ ᠳᠡᠪᠢᠰᠦᠭᠰᠡᠨ ᠢ ᠲᠣᠳᠣᠷᠬᠠᠢ ᠣᠯᠵᠤ ᠬᠠᠷᠠᠨ᠎ᠠ᠂ ᠵᠠᠮ ᠤᠨ ᠰᠠᠭᠤᠷᠢ ᠶᠢᠨ | ᠦᠯᠡᠳᠡᠭᠳᠡᠯ ᠨᠢ ᠪᠠᠷᠤᠭ 1.5 ᠮᠧᠲᠷ ᠦᠨᠳᠦᠷ᠂ ᠵᠠᠮ ᠤᠨ ᠭᠠᠳᠠᠷᠭᠤ ᠶᠢᠨ ᠥᠷᠭᠡᠨ ᠨᠢ ᠪᠠᠷᠤᠭ 22 ᠮᠧᠲᠷ ᠤᠷᠴᠢᠮ ᠪᠠᠶᠢᠵᠠᠢ᠃ | ᠡᠨᠡ ᠬᠡᠰᠡᠭ ᠭᠠᠵᠠᠷ ᠠᠴᠠ ᠡᠮᠦᠨᠡᠰᠢ ᠪᠠᠨ ᠪᠠᠷᠠᠯᠠᠪᠠᠯ ᠭᠠᠵᠠᠷ ᠤᠨ ᠪᠠᠶᠢᠴᠠ ᠨᠢ ᠨᠡᠯᠢᠶᠡᠳ ᠨᠠᠮᠬᠠᠨ᠂ ᠡᠰᠡᠷᠭᠦ ᠲᠠᠯ᠎ᠠ ᠶᠢᠨ ᠳᠣᠪᠣᠴᠠᠭ ᠤᠨ ᠣᠷᠣᠶ ᠲᠡᠬᠡᠷᠡᠬᠢ | ᠬᠡᠳᠦᠨ ᠢᠯᠡ ᠬᠠᠷᠠᠬᠳᠠᠬᠤ ︽ᠰᠡᠲᠡᠷᠬᠡᠢ︾ ᠨᠢ ᠦᠷᠭᠦᠯᠵᠢᠯᠡᠭᠰᠡᠨ ᠳᠣᠪᠣᠴᠠᠭ ᠳᠤᠮᠳᠠ ᠬᠠᠶᠠ ᠨᠢᠭᠤᠭᠳᠠᠵᠤ ᠬᠠᠶᠠ ᠢᠯᠡᠷᠡᠬᠡᠳ ᠴᠢᠬᠡ ᠱᠤᠭᠤᠮ ᠢᠶᠠᠷ | ᠤᠮᠠᠷᠠᠰᠢ ᠪᠠᠨ ᠰᠤᠨᠤᠯᠵᠠᠵᠦ᠂ ︽ᠰᠤᠳᠤᠷ ᠲᠡᠮᠳᠡᠭᠯᠡᠯ︾ ᠳᠠᠬᠢ ︽ᠠᠭᠤᠯᠠ ᠲᠠᠪᠠᠭ᠎ᠠ ᠶᠢ ᠮᠠᠯᠳᠠᠵᠤ ᠬᠠᠪᠴᠢᠯ ᠵᠢᠯᠠᠭ᠎ᠠ ᠶᠢ ᠲᠡᠭᠰᠢᠯᠡᠨ᠂ ᠴᠢᠭᠡ ᠨᠡᠪᠲᠡᠷᠡᠬᠦᠯᠪᠠ︾ | ᠬᠡᠵᠤ ᠲᠡᠮᠳᠡᠭᠯᠡᠭᠰᠡᠨ ᠲᠠᠢ ᠠᠮᠠ ᠰᠡᠬᠡᠷ ᠵᠠᠯᠭᠠᠯᠳᠤᠵᠦ ᠪᠠᠶᠢᠨ᠎ᠠ᠃ ᠬᠤᠵᠢᠮ ᠨᠢ ᠬᠠᠭᠤᠴᠢ ᠰᠤᠳᠤᠯᠤᠯ ᠤᠨ ᠮᠠᠯᠳᠠᠯᠭ᠎ᠠ ᠬᠢᠬᠦ ᠪᠠᠷ ᠳᠠᠮᠵᠢᠭᠠᠳ᠂ ᠬᠠᠨᠭ᠍ᠳᠠᠬᠰᠠᠨ | ᠰᠢᠷᠣᠶ ᠶᠢᠨ ᠳᠠᠪᠬᠤᠷᠭ᠎ᠠ ᠶᠢ ᠢᠯᠡᠷᠡᠭᠦᠯᠵᠤ᠂ ᠡᠨᠡ ᠪᠣᠯ ᠳᠠᠷᠤᠶ ᠴᠢᠨ ᠤ ᠠᠰᠬᠠᠨ ᠵᠠᠮ ᠤᠨ ᠦᠯᠡᠳᠡᠭᠳᠡᠯ ᠮᠦᠨ ᠬᠡᠵᠦ ᠲᠡᠳᠡ ᠦᠵᠡᠵᠡᠬᠡᠭᠰᠡᠨ ᠪᠠᠶᠢᠯ᠎ᠠ᠃ | | | | | ᠴᠢᠨ ᠬᠠᠨ ᠤ ᠦᠶ᠎ᠡ ᠳᠤ᠂ ᠣᠷᠳᠣᠰ ᠣᠷᠣᠨ ᠪᠣᠯ ᠨᠡᠷᠡᠲᠡᠢ ︽ᠭᠤᠤᠯ ᠤᠨ ᠡᠮᠦᠨᠡᠬᠢ ᠭᠠᠵᠠᠷ︾ ᠬᠡᠮᠡᠭᠳᠡᠵᠦ᠂ ᠪᠠᠰᠠ ᠰᠢᠨ᠎ᠡ ︽ᠴᠢᠨ ᠵᠦᠩ︾ ᠬᠡᠮᠡᠨ | ᠨᠡᠷᠡᠯᠡᠭᠳᠡᠵᠦ᠂ ︽ᠤᠰᠤ ᠪᠡᠯᠴᠢᠬᠡᠷ ᠦᠡᠭ ᠰᠢᠮᠡᠯᠢᠭ︾ ᠪᠣᠷᠣᠲᠣᠬᠤᠶ ᠣᠷᠣᠨ ᠪᠠᠶᠢᠪᠠ᠃ ᠴᠢᠨ ᠱᠢ ᠬᠤᠸᠠᠩ ᠬᠠᠲᠤᠨ ᠭᠤᠣᠯ ᠲᠠᠭᠠᠤ 44 ᠰᠢᠶᠠᠨ ᠤ ᠬᠤᠳᠠ ᠶᠢ | ᠪᠠᠶᠢᠭᠤᠯᠵᠤ᠂ ᠪᠠᠰᠠ ᠮᠧᠩ ᠲᠢᠶᠠᠨ ᠢ ᠲᠣᠮᠢᠯᠠᠨ 10 ᠲᠦᠮᠡᠨ ᠬᠠᠷ᠎ᠠ ᠠᠯᠪᠠᠴᠢ ᠶᠢ ᠡᠯᠰᠡᠵᠦ᠂ ᠮᠢᠩᠭᠠᠭᠠᠳ ᠭᠠᠵᠠᠷ ᠤᠨ ᠬᠤᠯᠠ ᠦᠷᠬᠦᠯᠵᠢᠯᠡᠭᠰᠡᠨ ᠴᠢᠨ ᠤ | ᠠᠰᠬᠠᠨ ᠵᠠᠮ ᠢ ᠵᠠᠰᠠᠵᠦ᠂ ᠡᠮᠦᠨ᠎ᠠ ᠤᠮᠠᠷ᠎ᠠ ᠶᠢ ᠭᠤᠯᠳᠤ ᠪᠠᠷ ᠬᠤᠯᠪᠤᠵᠦ ᠨᠡᠪᠲᠡᠷᠡᠬᠦᠯᠦᠭᠰᠡᠨ ᠪᠠᠶᠢᠨ᠎ᠠ᠃ | ︽ᠵᠢᠤ ᠶᠤᠸᠠᠡ ᠠᠴᠠ ᠰᠢᠭᠤᠳ ᠭᠠᠨ ᠴᠢᠤᠸᠡᠨ ᠳᠤ ᠬᠦᠷᠴᠢᠬᠡᠳᠡᠭ ᠨᠢ ᠮᠧᠩ ᠲᠢᠶᠠᠨ ᠤ ᠨᠡᠪᠲᠡᠷᠡᠬᠦᠯᠦᠭᠰᠡᠨ ᠵᠠᠮ ᠮᠦᠨ᠃ ᠵᠢᠤ ᠶᠤᠸᠠᠨ ᠠᠴᠠ ᠭᠠᠨ | ᠴᠢᠤᠸᠡᠨ ᠬᠦᠷᠬᠦ ᠳᠤ᠂ ᠠᠭᠤᠯᠠ ᠲᠠᠪᠠᠭ᠎ᠠ ᠶᠢ ᠮᠠᠯᠳᠠᠵᠤ ᠬᠠᠪᠴᠢᠯ ᠵᠢᠯᠠᠭ᠎ᠠ ᠶᠢ ᠲᠡᠭᠰᠢᠯᠡᠪᠡ᠂ ᠮᠢᠩᠭ᠎ᠠ ᠨᠠᠢᠮᠠᠨ ᠵᠠᠭᠤ ᠭᠠᠵᠠᠷ ᠪᠠᠶᠢᠳᠠᠭ︾ ᠭᠡᠳᠡᠭ᠃ ᠡᠨᠡ ᠪᠤᠯ ︽ | ᠰᠤᠳᠤᠷ ᠲᠡᠮᠳᠡᠭᠯᠡᠯ · ᠮᠸᠡᠭ ᠲᠢᠶᠠᠨ ᠤ ᠰᠤᠯᠠ ᠨᠠᠮᠲᠠᠷ︾ ᠲᠠᠬᠢ ᠴᠢᠨ ᠤ ᠠᠰᠬᠠᠨ ᠵᠠᠮ ᠤᠨ ᠲᠤᠬᠠᠢ ᠤᠬᠤᠷ ᠠᠪᠰᠠᠷᠬᠠᠨ ᠲᠡᠮᠳᠡᠭᠯᠡᠯ ᠪᠣᠯᠤᠨ᠎ᠠ᠃ | | | | | ᠠᠭᠤᠯᠠ ᠨᠢᠷᠤᠭᠤ᠂ ᠤᠢ ᠬᠦᠪᠴᠢ᠂ ᠰᠢᠷ᠎ᠠ ᠬᠦᠷᠦᠰᠤ᠂ ᠭᠤᠪᠢ ᠡᠯᠡᠰᠦ ᠶᠢ ᠲᠤᠭᠤᠯᠤᠭᠠᠳ ᠁ ᠲᠡᠦᠬᠡ ᠶᠢᠨ ᠲᠤᠭ᠎ᠠ ᠲᠣᠮᠰᠢ ᠦᠭᠡᠢ ᠤᠯᠠᠷᠢᠯ | ᠬᠤᠪᠢᠰᠤᠯᠲᠠ ᠶᠢ ᠭᠡᠷᠡᠴᠢᠯᠡᠭᠰᠡᠨ ᠴᠢᠨ ᠤ ᠠᠰᠬᠠᠨ ᠵᠠᠮ ᠨᠢ ᠰᠢᠶᠠᠨᠶᠠᠩ ᠣᠷᠴᠢᠮ ︵ᠣᠳᠣ ᠶᠢᠨ ᠱᠠᠨᠰᠢ ᠮᠤᠵᠢ ᠶᠢᠨ ᠴᠦᠨ ᠬᠤᠸᠠ ᠰᠢᠶᠠᠨ ᠤ ᠬᠤᠶᠢᠳᠡᠢ︶ ᠤᠨ | ᠶᠦᠨ ᠶᠠᠩ ᠰᠢᠶᠠᠨ ᠤ ᠭᠠᠨ ᠴᠢᠤᠸᠠᠨ ᠬᠦᠡᠭ ᠠᠴᠠ ᠪᠤᠭᠤᠲᠤ ᠬᠤᠳᠠ ᠶᠢᠨ ᠵᠢᠤ ᠶᠤᠸᠠᠨ ᠲᠣᠭᠤᠷᠢᠭ ᠤᠨ ᠮᠠ ᡂᠢ ᠡᠷᠲᠡᠨ ᠤ ᠬᠤᠳᠠ ᠳᠤ ᠰᠢᠭᠤᠳ ᠬᠦᠷᠳᠡᠭ᠃ | ᠭᠤᠸᠠᠨᠵᠦ᠋ᠩ ᠠᠴᠠ ᠤᠮᠠᠷᠠᠲᠤ ᠬᠢᠯᠢ ᠬᠦᠷᠲᠡᠯ᠎ᠡ ᠡᠳᠦᠭᠡ ᠶᠢᠨ 14 ᠬᠤᠰᠢᠭᠤ᠂ ᠰᠢᠶᠠᠨ᠂ ᠲᠣᠭᠤᠷᠢᠭ ᠢ ᠲᠠᠭᠠᠷᠢᠵᠦ᠂ ᠡᠮᠦᠨ᠎ᠡ ᠠᠴᠠ ᠤᠮᠠᠷᠠᠰᠢ ᠪᠠᠨ ᠱᠠᠨᠰᠢ | ᠮᠤᠵᠢ ᠶᠢᠨ ᠴᠦᠨ ᠬᠤᠸᠠ ᠰᠢᠶᠠᠨ᠂ ᠰᠢᠶᠦ᠋ᠨ ᠢ ᠰᠢᠶᠠᠨ᠂ ᠬᠤᠸᠠᠩ ᠯᠢᠩ ᠰᠢᠶᠠᠨ᠂ ᠹᠦ᠋ ᠰᠢᠶᠠᠨ᠂ ᠭᠠᠨ ᠴᠢᠤᠸᠠᠨ ᠰᠢᠶᠠᠨ᠂ ᡁᠢ ᠳ᠋ᠠᠨ ᠰᠢᠶᠠᠨ᠂ ᠠᠨ ᠰᠠᠢ | ᠰᠢᠶᠠᠨ᠂ ᠽᠢ ᠴᠠᠩ ᠰᠢᠶᠠᠨ᠂ ᠲᠡᠮᠡᠬᠡᠳᠤ ᠰᠢᠶᠠᠨ᠂ ᠤᠷᠳᠤᠰ ᠤᠨ ᠦᠦᠰᠢᠨ ᠬᠤᠰᠢᠭᠤ᠂ ᠡᠵᠡᠨ ᠬᠤᠷᠤᠭ᠎ᠠ ᠬᠤᠰᠢᠭᠤ᠂ ᠬᠢᠶ᠎ᠠ ᠪᠠᠭᠰᠢ ᠲᠣᠭᠤᠷᠢᠭ᠂ ᠳ᠋ᠦᠩᠱᠧᠩ | ᠲᠣᠭᠤᠷᠢᠭ ᠂ ᠳᠠᠯᠠᠳ ᠬᠤᠰᠢᠭᠤ᠂ ᠪᠤᠭᠤᠲᠤ ᠬᠤᠳᠠ ᠶᠢᠨ ᠵᠢᠤ ᠶᠤᠸᠠᠨ ᠲᠣᠭᠤᠷᠢᠭ ᠢᠶᠠᠷ ᠲᠠᠷᠬᠠᠳᠠᠭ᠃ ᠡᠳᠦᠭᠡ᠂ ᠴᠢᠨ ᠤ ᠠᠰᠬᠠᠨ ᠵᠠᠮ ᠬᠠᠮᠤᠭ ᠤᠨ | ᠥᠷᠭᠡᠨ ᠳᠡᠭᠡᠨ 60 ᠮᠧᠲᠷ ᠪᠠᠶᠢᠳᠠᠭ᠂ ᠤᠯᠠᠩᠬᠢ ᠬᠡᠰᠡᠭ ᠲᠡᠭᠡᠨ ᠪᠤᠯ 20 ᠮᠧᠲᠷ ᠦᠷᠭᠡᠨ ᠪᠠᠶᠢᠵᠦ᠂ ᠰᠦᠷ ᠵᠢᠪᠬᠤᠯᠠᠩᠲᠠᠢ ᠬᠠᠷᠠᠬᠳᠠᠨ᠂ ᠡᠨᠡ ᠬᠦ 2000 | ᠵᠢᠯ ᠤᠨ ᠲᠡᠷᠳᠡᠬᠡᠬᠢ ︽ᠲᠦᠷᠭᠡᠨ ᠬᠤᠷᠳᠤᠴᠠᠳᠤ ᠵᠠᠰᠠᠮᠠᠯ ᠵᠠᠮ︾ ᠨᠢ ᠬᠥᠮᠦᠰ ᠲᠤ ᠬᠢᠵᠠᠭᠠᠯᠠᠰᠢ ᠦᠭᠡᠶ ᠠᠯᠤᠰ ᠬᠤᠯᠠ ᠶᠢᠨ ᠮᠦᠷᠦᠬᠡᠳᠦᠯ ᠢ ᠬᠤᠴᠤᠷᠭᠠᠨ | ᠦᠯᠡᠳᠡᠭᠡᠵᠡᠢ᠃ | ᠴᠢᠨ ᠤ ᠠᠰᠬᠠᠨ ᠵᠠᠮ ᠪᠣᠯ ᠮᠠᠨ ᠤ ᠤᠯᠤᠰ ᠤᠨ ᠬᠢᠯᠢ ᠳᠣᠲᠣᠷ᠎ᠠ ᠦᠯᠡᠳᠡᠭᠳᠡᠵᠦ ᠢᠷᠡᠭᠰᠡᠨ ᠴᠥᠭᠡᠨ ᠲᠣᠭᠠᠨ ᠤ ᠡᠷᠲᠡᠨ ᠤ ᠵᠠᠮ ᠬᠠᠷᠢᠯᠴᠠᠭ᠎ᠠ ᠶᠢᠨ | ᠴᠢᠬᠤᠯᠠ ᠵᠠᠮ ᠤᠨ ᠪᠠᠭᠤᠷᠢ ᠪᠠᠶᠢᠵᠦ᠂ ︽ᠬᠥᠮᠦᠨ ᠲᠥᠷᠥᠯᠬᠢᠲᠡᠨ ᠤ ᠲᠡᠦᠬᠡᠨ ᠳᠡᠭᠡᠷᠡᠬᠢ ᠬᠠᠮᠤᠭ ᠡᠷᠲᠡᠨ ᠤ ᠲᠦᠷᠭᠡᠨ ᠬᠤᠷᠳᠤᠴᠠᠳᠤ ᠵᠠᠰᠠᠮᠠᠯ ᠵᠠᠮ︾ ᠭᠡᠮᠡᠨ | ᠠᠯᠳᠠᠷᠰᠢᠵᠡᠢ᠃ ︽2000 ᠭᠠᠷᠤᠢ ᠵᠢᠯ ᠤᠨ ᠲᠡᠷᠳᠡᠬᠡᠬᠢ ᠴᠢᠨ ᠤᠯᠤᠰ ᠤᠨ ᠦᠶ᠎ᠡ ᠶᠢᠨ ᠡᠶᠢᠮᠦᠷᠬᠦᠤ ᠲᠤᠮᠤ ᠪᠠᠷᠢᠯᠭ᠎ᠠ ᠨᠢ ᠮᠠᠨ ᠤ ᠤᠯᠤᠰ ᠤᠨ ᠡᠷᠲᠡᠨ ᠤ | ᠦᠶ᠎ᠠ ᠶᠢᠨ ᠬᠥᠳᠡᠯᠮᠦᠷᠢᠴᠢᠨ ᠠᠷᠠᠳ ᠲᠦᠮᠡᠨ ᠤ ᠡᠭᠦᠳᠦᠨ ᠪᠦᠲᠦᠭᠡᠭᠰᠡᠨ ᠪᠠᠰᠠ ᠨᠢᠭᠡᠨ ᠠᠭᠤᠤ ᠶᠡᠭᠡ ᠲᠡᠦᠬᠡ ᠶᠢᠨ ᠭᠠᠶᠢᠬᠠᠮᠰᠢᠭ ᠮᠦᠨ︾ ᠬᠡᠵᠦ ᠤᠷᠳᠤᠰ | ᠮᠦᠽᠸᠢ ᠶᠢᠨ ᠬᠦᠷᠢᠶᠡᠯᠡᠩ ᠤᠨ ᠳᠡᠳ᠋ ᠳᠠᠷᠤᠭ᠎ᠠ ᠵᠧᠨ ᠽᠢ ᠮᠢᠩ ᠬᠡᠯᠡᠨ᠎ᠠ ᠃ | | | | | | | ᠵᠠᠮ ᠵᠠᠰᠠᠭᠰᠠᠨ ᠲᠡᠦᠬᠡᠨ ᠭᠠᠶᠢᠬᠠᠮᠰᠢᠭ | ᠬᠠᠪᠤᠷ ᠤᠨ ᠡᠬᠢ ᠪᠠᠷ ᠣᠷᠳᠣᠰ ᠤᠨ ᠥᠨᠳᠦᠷᠯᠢᠭ ᠡᠰᠡᠨᠢᠨ ᠲᠦᠯᠵᠢᠨᠠ᠃ ᠴᠢᠨ ᠤ ᠠᠰᠬᠠᠨ ᠵᠠᠮ ᠤᠨ ᠳ᠋ᠦᠩᠱᠧᠩ ᠤᠨ ᠬᠡᠰᠡᠭ ᠢᠶᠠᠷ ᠬᠦᠷᠬᠦ ᠳᠤ᠂ ︽ | ᠲᠡᠯᠡᠬᠡᠢ ᠳᠤ ᠬᠤᠤᠰ ᠦᠬᠡᠢ ᠵᠠᠮ︾ ᠤᠨ ᠴᠢᠯᠠᠭᠤᠨ ᠰᠡᠶᠢᠯᠦᠮᠡᠯ ᠲᠡᠬᠡᠷᠡᠬᠢ ᠪᠢᠴᠢᠬᠡᠰᠤ ᠤᠨᠴᠠ ᠶᠢᠨ ᠢᠯᠡ ᠬᠠᠷᠠᠭᠳᠠᠵᠦ᠂ ᠶᠠᠭ ᠯᠠ ᠠᠳᠡᠬᠢ ᠶᠢᠨ ᠥᠩᠭᠡᠷᠡᠭᠰᠡᠨ ᠤ | ᠭᠡᠷᠡᠯ ᠭᠢᠯᠪᠠᠭ᠎ᠠ ᠶᠢ ᠰᠢᠪᠡᠨᠡᠨ ᠦᠬᠦᠯᠡᠵᠦ ᠪᠠᠶᠢᠬᠤ ᠰᠢᠬ ᠁ ᠮᠠᠨ ᠤ ᠬᠤᠳᠠ ᠶᠢᠨ ᠡᠵᠡᠨ ᠬᠤᠷᠤᠭ᠎ᠠ ᠬᠤᠰᠢᠭᠤ᠂ ᠬᠢᠶ᠎ᠠ ᠪᠠᠭᠰᠢ ᠲᠣᠭᠤᠷᠢᠭ᠂ | ᠳ᠋ᠦᠩᠱᠧᠩ ᠲᠣᠭᠤᠷᠢᠭ᠂ ᠳᠠᠯᠠᠳ ᠬᠤᠰᠢᠭᠤᠨ ᠳᠤ ᠪᠦᠷ ᠴᠢᠨ ᠤ ᠠᠰᠬᠠᠨ ᠵᠠᠮ ᠤᠨ ᠦᠯᠡᠳᠡᠭᠳᠡᠯ ᠪᠤᠢ᠃ | ᠳ᠋ᠦᠩᠱᠧᠩ ᠲᠤᠭᠤᠷᠢᠭ ᠤᠨ ᠬᠢᠵᠠᠭᠠᠷ ᠲᠤᠳᠤᠷᠠᠬᠢ ᠴᠢᠨ ᠤ ᠠᠰᠬᠠᠨ ᠵᠠᠮ ᠤᠨ ᠪᠠᠭᠤᠷᠢ ᠨᠢ ᠪᠦᠬᠦ ᠵᠠᠮ ᠱᠤᠭᠤᠮ ᠤᠨ ᠲᠤᠳᠤᠷᠠᠬᠢ ᠨᠡᠯᠢᠶᠡᠳ ᠪᠦᠷᠢᠨ | ᠪᠦᠲᠦᠨ ᠦᠯᠡᠳᠡᠭᠳᠡᠭᠰᠡᠨ ᠨᠢᠬᠡ ᠬᠡᠰᠡᠭ ᠪᠠᠶᠢᠵᠦ᠂ ᠡᠨᠡ ᠬᠡᠰᠡᠭ ᠦᠯᠡᠳᠡᠭᠳᠡᠯ ᠨᠢ ᠡᠮᠦᠨ᠎ᠡ ᠠᠴᠠ ᠤᠮᠠᠷᠠᠰᠢ ᠪᠠᠨ ᠶᠡᠬᠡᠨᠭᠬᠢ ᠳᠡᠭᠡᠨ 15 ᠭᠷᠠᠳᠦ᠋ᠰ ᠤᠨ ᠰᠢᠯᠤᠭᠤᠨ | ᠱᠤᠭᠤᠮ ᠢᠶᠠᠷ ᠦᠷᠬᠦᠯᠵᠢᠯᠡᠵᠦ᠂ ᠬᠠᠷᠢᠨ ᠦᠴᠦᠬᠡᠨ ᠴᠤ ᠮᠤᠷᠤᠶ ᠵᠠᠮ ᠪᠠᠶᠢᠭ᠎ᠠ ᠥᠬᠡᠶ᠃ ᠬᠡᠳᠦ᠋ᠪᠡᠷ 2000 ᠭᠠᠷᠤᠶ ᠵᠢᠯ ᠤᠨ ᠰᠠᠯᠬᠢ ᠪᠤᠷᠤᠭᠠᠨ ᠳᠤ | ᠢᠳᠡᠭᠳᠡᠭᠰᠡᠨ ᠴᠤ ︽ᠠᠰᠬᠠᠨ ᠵᠠᠮ︾ ᠤᠨ ᠰᠦᠷ ᠵᠢᠪᠬᠤᠯᠠᠩᠳᠤ ᠪᠠᠶᠢᠳᠠᠯ ᠢ ᠬᠠᠷᠠᠭᠤᠯᠵᠦ ᠴᠢᠳᠠᠬᠤ ᠶᠤᠮ᠃ ᠳ᠋ᠦᠩᠱᠧᠩ ᠤᠨ ᠬᠢᠵᠠᠭᠠᠷ ᠳᠣᠲᠣᠷᠠᠬᠢ ᠵᠠᠮ ᠤᠨ | ᠦᠯᠡᠳᠡᠭᠳᠡᠯ ᠤᠨ ᠣᠯᠠᠩᠬᠢ ᠨᠢ ᠳᠣᠪᠣᠴᠠᠭ ᠭᠠᠵᠠᠷ ᠤᠨ ᠪᠠᠶᠢᠴᠠ ᠳᠤ ᠬᠠᠷᠢᠶᠠᠯᠠᠭᠳᠠᠵᠦ᠂ ᠭᠤᠣ ᠭᠠᠩᠭ᠎ᠠ ᠬᠥᠨᠳᠡᠯᠡᠨ ᠭᠤᠯᠳᠤ ᠰᠦᠯᠵᠢᠯᠳᠦᠵᠦ ᠪᠠᠶᠢᠳᠠᠭ᠃ | ᠵᠠᠮ ᠤᠨ ᠦᠯᠡᠳᠡᠭᠳᠡᠯ ᠪᠠᠭᠤᠷᠢ ᠶᠢᠨ ᠠᠰᠢᠬᠳᠡᠢ ᠪᠠᠶᠢᠷᠢᠨ ᠲᠡᠭᠡᠷ᠎ᠠ ᠵᠣᠭᠰᠣᠭᠠᠳ᠂ ᠡᠮᠦᠨ᠎ᠠ ᠤᠮᠠᠷᠠᠰᠢ ᠪᠠᠨ ᠪᠠᠷᠠᠯᠠᠪᠠᠯ᠂ ᠬᠡᠳᠦᠨ ᠠᠭᠤᠯᠠ ᠨᠢᠷᠤᠭᠤ ︽ | ᠰᠡᠲᠡᠷᠬᠡᠢ︾ ᠨᠢᠭᠡ ᠱᠤᠭᠤᠮ ᠢᠶᠠᠷ ᠬᠠᠷᠢᠯᠴᠠᠨ ᠨᠡᠪᠲᠡᠷᠡᠵᠦ ᠪᠠᠶᠢᠬᠤ ᠶᠢ ᠣᠯᠵᠤ ᠦᠵᠡᠨ᠎ᠠ᠂ ᠠᠰᠬᠠᠨ ᠵᠠᠮ ᠨᠢ ᠲᠣᠪ ᠲᠣᠳᠣᠷᠬᠠᠶ ᠬᠠᠷᠠᠬᠳᠠᠵᠦ᠂ ᠴᠢᠨ ᠤ ᠠᠰᠬᠠᠨ | ᠵᠠᠮ ᠤᠨ ︽ᠠᠭᠤᠯᠠ ᠲᠠᠪᠠᠭ᠎ᠠ ᠶᠢ ᠮᠠᠯᠳᠠᠵᠤ ᠬᠠᠪᠴᠢᠯ ᠵᠢᠯᠠᠭ᠎ᠠ ᠶᠢ ᠲᠡᠭᠰᠢᠯᠡᠨ᠂ ᠴᠢᠭᠡ ᠨᠡᠪᠳᠡᠷᠡᠬᠦᠯᠦᠭᠰᠡᠨ︾ ᠰᠦᠷᠯᠢᠭ ᠦᠵᠡᠮᠵᠢ ᠶᠢ ᠰᠤᠨᠢᠷᠬᠠᠬᠤ ᠬᠠᠮᠤᠭ ᠤᠨ | ᠲᠤᠬᠢᠳᠡᠢ ᠭᠠᠵᠠᠷ ᠪᠠᠶᠢᠯ᠎ᠠ᠃ | ᠴᠢᠨ ᠤ ᠠᠰᠬᠠᠨ ᠵᠠᠮ ᠳᠤ ᠠᠭᠤᠯᠠᠷᠬᠠᠭ ᠭᠠᠵᠠᠷ ᠤᠨ ᠵᠠᠮ ᠨᠢ ᠤᠯᠠᠨ᠂ ᠣᠨᠴᠠᠭᠠᠶᠢᠯᠠᠨ ᠠᠭᠤᠯᠠ ᠶᠢᠨ ᠨᠢᠷᠤᠭᠤᠨ ᠱᠤᠭᠤᠮ ᠲᠠᠭᠠᠤ ᠵᠠᠮ ᠵᠠᠰᠠᠭᠰᠠᠨ ᠪᠠᠶᠢᠯ᠎ᠠ᠃ | ᠵᠠᠰᠠᠬᠤ ᠳᠠᠭᠠᠨ᠂ ︽ᠠᠭᠤᠯᠠ ᠲᠠᠪᠠᠭ᠎ᠠ ᠶᠢ ᠮᠠᠯᠳᠠᠵᠤ ᠬᠠᠪᠴᠢᠯ ᠵᠢᠯᠠᠭ᠎ᠠ ᠶᠢ ᠲᠡᠭᠰᠢᠯᠡᠨ᠂ ᠴᠢᠭᠡ ᠨᠡᠪᠳᠡᠷᠡᠬᠦᠯᠬᠦ︾ ᠠᠷᠭ᠎ᠠ ᠶᠢ ᠤᠯᠠᠨᠳᠠ ᠬᠡᠷᠡᠭᠯᠡᠪᠠ᠃ ᠲᠠᠷᠤᠢ᠂ | ᠵᠠᠮ ᠠᠴᠠ ᠤᠶᠢᠷᠠᠬᠠᠨ ᠠᠭᠤᠯᠠᠨ ᠤ ᠬᠠᠳᠠ ᠴᠢᠯᠠᠭᠤ ᠰᠢᠪᠠᠷ ᠰᠢᠷᠤᠢ ᠶᠢ ᠮᠠᠯᠳᠠᠨ ᠵᠦᠭᠡᠭᠡᠵᠤ ᠬᠤᠨᠭ᠍ᠬᠢᠯ ᠬᠠᠪᠴᠢᠯ ᠢ ᠪᠦᠭᠯᠡᠵᠤ ᠵᠠᠮ ᠭᠠᠷᠭᠠᠬᠰᠠᠨ ᠪᠠᠶᠢᠨ᠎ᠠ᠃ | ᠥᠨᠳᠥᠷ ᠣᠷᠭᠢᠯ ᠲᠣᠬᠢᠶᠠᠯᠳᠤᠪᠠᠯ᠂ ᠲᠡᠭᠦᠨ ᠢ ᠬᠢᠳᠠᠳ ᠦᠰᠦᠭ ᠤᠨ ︽之︾ ᠦᠰᠦᠭ ᠤᠨ ᠬᠡᠯᠪᠡᠷᠢ ᠪᠠᠷ ᠠᠭᠤᠯᠠ ᠤᠷᠢᠶᠠᠬᠤ ᠠᠷᠭ᠎ᠠ ᠪᠠᠷ ᠵᠠᠮ ᠵᠠᠰᠠᠵᠤ᠂ | ᠵᠠᠮ ᠤᠨ ᠭᠠᠳᠠᠷᠭᠤ ᠶᠢ ᠦᠷᠬᠡᠵᠢᠬᠦᠯᠦᠨ ᠨᠠᠯᠠᠤ ᠶᠢ ᠪᠠᠭᠠᠰᠬᠠᠪᠠ᠃ ᠬᠤᠨᠭ᠍ᠬᠢᠯ ᠬᠠᠪᠴᠢᠯ ᠢ ᠳᠦᠭᠦᠷᠭᠡᠵᠦ᠂ ᠳᠣᠷᠣᠭᠰᠢ ᠤᠬᠤᠵᠦ ᠮᠠᠯᠳᠠᠨ ᠰᠡᠳᠡᠷᠬᠡᠢ ᠭᠠᠷᠭᠠᠵᠦ᠂ | ᠴᠢᠨ ᠤ ᠠᠰᠬᠠᠨ ᠵᠠᠮ ᠤᠨ ᠨᠠᠯᠠᠤ ᠪᠠ ᠮᠤᠷᠦ᠋ᠢᠯᠳᠠ ᠨᠡᠯᠢᠶᠡᠳ ᠪᠠᠭ᠎ᠠ ᠪᠠᠶᠢᠬᠤ ᠶᠢ ᠪᠠᠲᠤᠯᠠᠪᠠ᠃ ᠦᠨᠳᠦᠰᠦᠨ ᠳᠡᠭᠡᠨ ᠡᠮᠦᠨᠡᠰᠢ ᠤᠮᠠᠷᠠᠰᠢ ᠴᠢᠭᠯᠡᠯ ᠢᠶᠠᠷ ᠭᠤᠸᠠᠨᠵᠦ᠋ᠩ | ᠭᠠᠵᠠᠷ ᠠᠴᠠ ᠬᠠᠲᠤᠨ ᠭᠤᠣᠯ ᠤᠨ ᠬᠤᠶᠢᠲᠤ ᠬᠡᠰᠡᠭ ᠬᠦᠷᠳᠡᠯ᠎ᠠ ᠰᠢᠭᠤᠳ ᠨᠡᠪᠳᠡᠷᠡᠬᠦᠯᠦᠭᠰᠡᠨ ᠪᠠᠶᠢᠨ᠎ᠠ᠃ ︽ᠠᠭᠤᠯᠠ ᠳᠠᠭᠠᠷᠠᠪᠠᠯ ᠵᠠᠮ ᠨᠡᠭᠡᠭᠡᠵᠦ᠂ ᠭᠤᠤ ᠬᠦᠨᠳᠡᠢ | ᠬᠠᠷᠭᠤᠪᠠᠯ ᠴᠢᠭᠵᠢᠵᠦ ᠲᠦᠬᠦᠷᠬᠡᠨ︾᠂ ᠴᠢᠨ ᠤᠯᠤᠰ ᠤᠨ ᠠᠷᠠᠳ ᠲᠦᠮᠡᠨ ᠪᠠᠰᠠ ᠨᠢᠭᠡᠨ ᠭᠠᠶᠢᠬᠠᠮᠰᠢᠭ ᠢ ᠪᠦᠳᠦᠬᠡᠵᠡᠢ᠃ | ︽ᠬᠠᠨ ᠤᠯᠤᠰ ᠤᠨ ᠪᠢᠴᠢᠭ · ᠵᠢᠶᠠ ᠱᠠᠨ ᠤ ᠨᠠᠮᠳᠠᠷ︾ ᠲᠤ ᠲᠡᠮᠳᠡᠭᠯᠡᠭᠰᠡᠨ ᠢᠶᠠᠷ᠄ ︽ᠵᠠᠮ ᠤᠨ ᠦᠷᠭᠡᠨ ᠲᠠᠪᠢᠨ ᠠᠯᠬᠤᠮ᠂ ᠭᠤᠷᠪᠠᠨ ᠵᠠᠩ ᠳᠤ ᠨᠢᠭᠡ | ᠨᠠᠷᠠᠰᠤᠨ ᠮᠣᠳᠣ ᠲᠠᠷᠢᠵᠤ᠂ ᠭᠠᠳᠠᠨ᠎ᠠ ᠬᠦᠪᠡᠭᠡ ᠶᠢ ᠨᠢ ᠵᠤᠵᠠᠭᠠᠨ ᠬᠦᠨᠳᠦ ᠮᠤᠨᠠ ᠪᠠᠷ ᠨᠦᠳᠦᠵᠤ ᠴᠢᠩᠭᠠᠷᠠᠭᠤᠯᠵᠠᠢ︾᠃ ᠴᠢᠨ ᠤ ᠠᠰᠬᠠᠨ ᠵᠠᠮ ᠤᠨ ᠬᠡᠪᠴᠢᠶ᠎ᠡ ᠨᠢ | ᠡᠩ ᠤᠨ ᠵᠠᠮ ᠠᠴᠠ ᠰᠠᠭᠤᠭᠳᠠᠬᠤ ᠶᠤᠰᠤ ᠦᠭᠡᠢ᠃ ᠴᠢᠨ ᠤᠯᠤᠰ ᠤᠨ ᠦᠶ᠎ᠡ ᠶᠢᠨ ᠬᠡᠮᠵᠢᠬᠦᠷ ᠢᠶᠠᠷ ᠬᠡᠮᠵᠢᠪᠠᠯ᠂ ︽ᠲᠠᠪᠢᠨ ᠠᠯᠬᠤᠮ ᠨᠢ ᠪᠠᠷᠤᠭ 69.3 | ᠮᠧᠲᠷ ᠲᠠᠢ ᠲᠡᠩᠴᠡᠨ᠎ᠡ᠂ ᠳᠠᠷᠤᠢ ᠴᠢᠨ ᠤ ᠠᠰᠬᠠᠨ ᠵᠠᠮ ᠤᠨ ᠲᠥᠰᠦᠪᠯᠡᠭᠰᠡᠨ ᠥᠷᠭᠡᠨ ᠨᠢ ᠡᠭᠦᠨ ᠲᠠᠢ ᠶᠡᠭᠡ ᠲᠥᠯᠥᠪ ᠣᠶᠢᠷᠠᠯᠴᠠᠭ᠎ᠠ ᠪᠠᠶᠢᠬᠤ ᠶᠣᠰᠣᠲᠠᠶ᠃ | ᠬᠠᠭᠤᠴᠢ ᠰᠤᠳᠤᠯᠤᠯ ᠤᠨ ᠡᠷᠳᠡᠮᠳᠠᠨ᠂ ᠵᠠᠮ ᠬᠠᠷᠢᠯᠴᠠᠭᠠᠨ ᠤ ᠲᠡᠤᠬᠡ ᠶᠢᠨ ᠡᠷᠳᠡᠮᠲᠡᠨ ᠪᠠ ᠲᠡᠤᠬᠡ ᠶᠢᠨ ᠭᠠᠵᠠᠷ ᠵᠦᠶ ᠶᠢᠨ ᠡᠷᠳᠡᠮᠲᠡᠨ ᠤ ᠦᠨᠦ ᠶᠢᠨ ᠭᠠᠵᠠᠷ ᠤᠨ | ᠭᠠᠳᠠᠷᠭᠤ ᠶᠢ ᠪᠠᠶᠢᠴᠠᠭᠠᠨ ᠰᠤᠳᠤᠯᠤᠬᠰᠠᠨ ᠪᠠᠶᠢᠴᠠᠭᠠᠯᠲᠠ ᠶᠢ ᠦᠨᠳᠦᠰᠦᠯᠡᠪᠡᠯ᠂ ᠴᠢᠨ ᠤ ᠠᠰᠬᠠᠨ ᠵᠠᠮ ᠤᠨ ᠦᠯᠡᠳᠡᠭᠳᠡᠯ ᠠᠴᠠ ᠦᠵᠡᠵᠦ ᠭᠠᠷᠤᠬᠰᠠᠨ ᠢᠶᠠᠷ᠂ | ᠵᠠᠮ ᠤᠨ ᠥᠷᠭᠡᠨ ᠨᠢ ᠠᠩᠬ᠎ᠠ ᠪᠠᠶᠢᠭᠤᠯᠤᠭᠰᠠᠨ ᠦᠶ᠎ᠡ ᠶᠢᠨ ᠬᠢ ᠲᠠᠢ ᠪᠠᠨ ᠪᠠᠷᠤᠭ ᠠᠳᠠᠯᠢ ᠪᠠᠶᠢᠨ᠎ᠠ ᠬᠡᠪᠠ᠃ | ᠵᠠᠮ ᠨᠢ ᠥᠷᠭᠡᠨ ᠳᠠᠷᠳᠠᠩ᠂ ᠶᠡᠭᠡ ᠴᠡᠷᠢᠭ ᠮᠤᠷᠢ ᠶᠢᠨ ᠲᠦᠷᠭᠡᠨ ᠲᠤᠰᠠᠯᠠᠬᠤ ᠪᠠᠷ ᠮᠤᠷᠳᠠᠬᠤ ᠳᠤ ᠲᠣᠬᠢᠷᠠᠵᠦ᠂ ︽ᠲᠤᠪᠳᠤᠯᠭᠠᠨ ᠤ ᠵᠠᠮ︾ ᠭᠡᠮᠡᠨ | ᠨᠡᠷᠡᠶᠢᠳᠦᠭᠳᠡᠪᠡ᠃ ᠮᠦᠨ ᠴᠤ ᠡᠮᠦᠨ᠎ᠡ ᠤᠮᠠᠷᠠᠰᠢ ᠴᠢᠭᠯᠡᠯ ᠢᠶᠠᠷ ᠬᠤᠯᠠ ᠠᠴᠠ ᠡᠰᠡᠷᠭᠦᠯᠡᠨ ᠬᠠᠷᠠᠯᠴᠠᠵᠦ᠂ ᠠᠰ ᠰᠢᠯᠤᠭᠤᠨ ᠨᠡᠪᠲᠡᠷᠡᠯᠴᠡᠭᠰᠡᠨ ᠠᠴᠠ ᠲᠡᠭᠦᠨ ᠢ | ᠠᠰᠬᠠᠨ ᠵᠠᠮ ᠬᠡᠮᠡᠪᠡ᠃ ᠡᠭᠦᠨ ᠤ ᠲᠠᠭᠠᠤ ᠳᠤ᠂ ᠴᠢᠨ ᠤᠯᠤᠰ ᠲᠤᠬᠠᠢ ᠶᠢᠨ ᠦᠶ᠎ᠡ ᠳᠤ ᠴᠢᠬᠡ ᠰᠢᠯᠤᠭᠤᠨ ᠵᠠᠮ ᠵᠠᠰᠠᠬᠤ ᠳᠤ ᠨᠡᠪᠲᠡᠷᠡᠬᠦ᠂ ᠬᠠᠮᠠᠭᠠᠯᠠᠬᠤ ᠪᠠ | ᠨᠣᠭᠤᠭᠠᠷᠠᠭᠤᠯᠬᠤ ᠠᠰᠠᠭᠤᠳᠠᠯ ᠢ ᠮᠠᠰᠢ ᠴᠢᠬᠤᠯᠠᠴᠢᠯᠠᠵᠦ ᠪᠠᠶᠢᠬᠰᠠᠨ ᠢ ᠬᠠᠷᠠᠭᠤᠯᠵᠡᠢ᠃ | ᠲᠡᠭᠡᠪᠡᠯ᠂ ᠴᠢᠨ ᠤ ᠠᠰᠬᠠᠨ ᠵᠠᠮ ᠬᠡᠷᠬᠢᠨ ︽ᠭᠤᠣᠯ ᠭᠠᠲᠤᠯᠤᠭᠰᠠᠨ︾ ᠪᠤᠯ︖ | ᠱᠠᠨᠰᠢ ᠮᠤᠵᠢ ᠶᠢᠨ ᠭᠠᠨ ᠴᠢᠤᠸᠠᠨ ᠰᠢᠶᠠᠨ ᠤ ᠯᠦᠸᠧᠾᠧ ᠭᠤᠣᠯ ᠠᠴᠠ ᠴᠢᠨ ᠤ ᠠᠰᠬᠠᠨ ᠵᠠᠮ ᠤᠨ ᠭᠤᠣᠯ ᠭᠠᠲᠤᠯᠤᠬᠰᠠᠨ ︽ᠱᠧᠡᠭ ᠮᠠ ᠴᠢᠶᠤᠤ︾ | ᠬᠦᠬᠦᠷᠬᠡ ᠶᠢᠨ ᠬᠦᠳᠦᠯᠦᠯ ᠬᠥᠭᠦᠷᠭᠡ ᠶᠢ ᠢᠯᠡᠷᠡᠬᠦᠯᠵᠦ᠂ ᠬᠦᠳᠦᠯᠦᠯ ᠬᠥᠭᠦᠷᠭᠡ ᠨᠢ ᠭᠠᠵᠠᠷ ᠤᠨ ᠭᠠᠳᠠᠷᠭᠤ ᠠᠴᠠ 20 ᠭᠠᠷᠤᠢ ᠮᠧᠲᠷ ᠦᠨᠳᠦᠷ ᠪᠠᠶᠢᠵᠦ᠂ | ᠬᠠᠩᠳᠠᠭᠰᠠᠨ ᠰᠢᠷᠣᠢ ᠶᠢᠨ ᠳᠠᠪᠬᠤᠷᠭ᠎ᠠ ᠶᠢ ᠲᠣᠳᠣᠷᠬᠠᠢ ᠣᠯᠵᠤ ᠦᠵᠡᠨ᠎ᠡ᠂ ᠳᠠᠪᠬᠤᠷᠭ᠎ᠠ ᠪᠦᠷᠢ ᠶᠢᠨ ᠵᠤᠵᠠᠭᠠᠨ ᠨᠢ 0.1- 0.12 ᠮᠧᠲᠷ ᠪᠠᠶᠢᠬᠤ ᠠᠴᠠ | ᠦᠵᠡᠬᠦᠯᠡᠷ ᠲᠤᠬᠠᠢ ᠶᠢᠨ ᠦᠶ᠎ᠡ ᠳᠤ ᠵᠢᠵᠢᠭ ᠪᠦᠬᠡᠷᠡᠩᠭᠡᠢ ᠮᠣᠳᠣ ᠪᠠᠷ ᠬᠠᠪᠴᠢᠶᠠᠰᠤ ᠪᠤᠯᠭᠠᠵᠦ᠂ ᠳᠠᠪᠬᠤᠷᠭ᠎ᠠ ᠪᠦᠷᠢ ᠶᠢᠨ ᠰᠢᠷᠣᠶ ᠶᠢᠨ ᠵᠤᠵᠠᠭᠠᠨ ᠨᠢ ᠵᠢᠵᠢᠭ | ᠪᠦᠬᠡᠷᠡᠩᠭᠡᠢ ᠮᠣᠳᠣᠨ ᠤ ᠳ᠋ᠢᠶᠠᠮᠧᠲᠷ ᠲᠠᠢ ᠲᠡᠩᠴᠡᠨ᠎ᠡ︔ ᠬᠦᠳᠦᠯᠦᠯ ᠬᠥᠭᠦᠷᠭᠡ ᠶᠢᠨ ᠳᠡᠭᠡᠷ᠎ᠡ ᠲᠠᠯ᠎ᠠ ᠶᠢᠨ ᠥᠷᠭᠡᠨ ᠨᠢ ᠪᠠᠷᠤᠭ 30 ᠮᠧᠲᠷ ᠣᠷᠴᠢᠮ ᠪᠤᠢ᠃ | ᠡᠨᠡ ᠨᠢ ᠠᠭᠤᠯᠠ ᠶᠢᠨ ᠨᠢᠷᠤᠭᠤ ᠳᠡᠭᠡᠷᠡᠬᠢ ᠠᠰᠬᠠᠨ ᠵᠠᠮ ᠤᠨ ᠰᠠᠭᠤᠷᠢ ᠶᠢᠨ ᠥᠷᠭᠡᠨ ᠲᠠᠢ ᠣᠶᠢᠷᠠᠯᠴᠠᠭ᠎ᠠ ᠪᠠᠶᠢᠨ᠎ᠠ᠃ ᠡᠨᠡ ᠪᠣᠯ ᠴᠢᠨ ᠤ ᠠᠰᠬᠠᠨ ᠵᠠᠮ ᠳᠡᠭᠡᠷ᠎ᠡ | ᠦᠯᠡᠳᠡᠭᠰᠡᠨ ᠴᠣᠷ ᠤᠨ ᠭᠠᠭᠴᠠ ᠬᠥᠭᠦᠷᠭᠡ ᠶᠢᠨ ᠦᠯᠡᠳᠡᠭᠳᠡᠯ ᠪᠠᠶᠢᠵᠦ᠂ ᠬᠥᠭᠦᠷᠭᠡ ᠶᠢ ︽ᠱᠧᠡᠭ ᠮᠠ ᠴᠢᠶᠤᠤ︾ ᠬᠡᠮᠡᠨ ᠨᠡᠷᠡᠶᠢᠳᠦᠭᠰᠡᠨ ᠠᠴᠠ ᠦᠵᠡᠪᠡᠯ᠂ ᠴᠢᠨ | ᠱᠢ ᠬᠤᠸᠠᠩ ᠤᠨ ᠴᠡᠷᠢᠭ ᠮᠣᠷᠢ ᠲᠤᠬᠠᠶ ᠶᠢᠨ ᠵᠢᠯ ᠡᠨᠡ ᠬᠦᠬᠦᠷᠬᠡ ᠪᠠᠷ ᠦᠡᠭᠬᠡᠷᠡᠵᠤ ᠪᠠᠶᠢᠭᠰᠠᠨ ᠮᠠᠭᠠᠳ᠃ | ᠯᠦᠸᠧᠾᠧ ᠭᠤᠣᠯ ᠤᠨ ᠬᠦᠳᠦᠯᠦᠯ ᠬᠥᠭᠦᠷᠭᠡ ᠶᠢᠨ ᠲᠤᠯᠭᠠᠭᠤᠷ ᠤᠨ ᠦᠯᠡᠳᠡᠭᠳᠡᠯ ᠤᠨ ᠰᠠᠭᠤᠷᠢ ᠶᠢᠨ ᠥᠷᠭᠡᠨ ᠨᠢ 82 ᠮᠧᠲᠷ᠂ ᠣᠷᠣᠶ ᠶᠢᠨ ᠬᠡᠰᠡᠭ ᠤᠨ | ᠥᠷᠭᠡᠨ ᠨᠢ 44 ᠮᠧᠲᠷ᠂ ᠥᠨᠳᠥᠷ ᠨᠢ 72 ᠮᠧᠲᠷ᠂ ᠣᠷᠳᠣ ᠨᠢ 56 ᠮᠧᠲᠷ ᠪᠤᠢ᠃ 2004 ᠣᠨ ᠳᠤ᠂ ᠴᠢᠨ ᠤ ᠠᠰᠬᠠᠨ ᠵᠠᠮ ᠤᠨ ᠲᠤᠰ ᠬᠡᠰᠡᠭ ᠢ | ᠲᠥᠷᠥ ᠶᠢᠨ ᠶᠠᠪᠤᠳᠠᠯ ᠤᠨ ᠬᠤᠷᠢᠶᠠᠨ ᠠᠴᠠ ᠪᠦᠬᠦ ᠤᠯᠤᠰ ᠤᠨ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯ ᠤᠨ ᠬᠠᠮᠠᠭᠠᠯᠠᠯᠲᠠ ᠶᠢᠨ ᠨᠢᠭᠡᠴᠢ ᠪᠠᠷ | ᠨᠡᠶᠢᠲᠡᠯᠡᠵᠦ᠂ ᠣᠳᠣᠬᠠᠨ ᠳᠤ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠰᠣᠶᠣᠯ ᠤᠨ ᠵᠣᠬᠢᠶᠠᠨ | ᠪᠠᠶᠢᠭᠤᠯᠤᠯᠲᠠ ᠳᠤ ᠳᠡᠯᠡᠬᠡᠶ ᠶᠢᠨ ᠰᠣᠶᠣᠯ ᠤᠨ ᠥᠪ ᠢᠶᠠᠷ ᠪᠦᠷᠢᠳᠬᠡᠬᠦᠯᠬᠦ ᠪᠠᠷ ᠭᠤᠶᠤᠴᠢᠯᠠᠨ ᠮᠡᠳᠡᠬᠦᠯᠬᠦ ᠪᠡᠯᠡᠳᠬᠡᠯ ᠬᠢᠵᠦ ᠪᠤᠢ᠃ | ᠡᠮᠦᠨ᠎ᠡ ᠤᠮᠠᠷ᠎ᠠ ᠶᠢ ᠨᠡᠪᠳᠡᠷᠡᠬᠦᠯᠵᠦ ᠡᠷᠲᠡᠡ ᠡᠳᠦᠭᠡᠬᠢ ᠶᠢ ᠠᠭᠤᠰᠤᠯᠴᠠᠭᠤᠯᠪᠠ | ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 33 ᠣᠨ ᠳᠤ᠂ ᠬᠠᠨ ᠶᠤᠸᠠᠨ ᠳ᠋ᠢ ᠬᠠᠭᠠᠨ ᠣᠷᠳᠣᠨ ᠤ ᠦᠬᠢᠨ ᠸᠠᠩ ᠵᠤᠤ ᠵᠢᠶᠦ᠋ᠨ ᠢ ᠴᠠᠨ ᠢᠦᠢ ᠳᠤ | ᠮᠣᠷᠳᠠᠭᠤᠯᠵᠡᠶ᠂ ᠡᠨᠡ ᠪᠣᠯ ᠲᠡᠦᠬᠡᠨ ᠳᠤ ᠠᠯᠳᠠᠷ ᠴᠤᠤᠲᠠᠢ ︽ᠵᠤᠤ ᠵᠢᠶᠦ᠋ᠨ ᠤ ᠪᠣᠭᠤᠮᠲᠠ ᠶᠢᠨ ᠭᠠᠳᠠᠨ᠎ᠠ ᠮᠤᠷᠳᠠᠬᠰᠠᠨ︾ ᠦᠯᠢᠬᠡᠷ ᠪᠤᠯᠤᠨ᠎ᠠ᠃ ᠵᠤᠤ ᠵᠢᠶᠦ᠋ᠨ ᠤ | ᠪᠣᠭᠤᠮᠲᠠ ᠶᠢᠨ ᠭᠠᠳᠠᠨ᠎ᠠ ᠮᠤᠷᠳᠠᠬᠰᠠᠨ ᠦᠯᠢᠭᠡᠷ ᠢ ᠬᠥᠮᠦᠰ ᠠᠯᠢ ᠬᠡᠵᠢᠶᠡᠨᠡᠢ ᠮᠡᠳᠡᠳᠡᠭ ᠪᠠᠶᠢᠬᠰᠠᠨ ᠢᠶᠠᠷ ᠪᠣᠭᠤᠮᠲᠠ ᠠᠴᠠ ᠮᠤᠷᠳᠠᠬᠰᠠᠨ ᠵᠠᠮ ᠨᠢ ᠮᠠᠰᠢ ᠣᠯᠠᠨ | ᠲᠤᠰᠬᠠᠢ ᠮᠡᠷᠭᠡᠵᠢᠯᠲᠡᠨ ᠪᠠ ᠡᠷᠳᠡᠮᠲᠡᠨ ᠤ ᠠᠩᠬᠠᠷᠤᠯ ᠢ ᠲᠡᠳᠡᠪᠡ᠃ | ᠵᠤᠤ ᠵᠢᠶᠦ᠋ᠨ ᠤ ᠪᠣᠭᠤᠮᠲᠠ ᠶᠢᠨ ᠭᠠᠳᠠᠨ᠎ᠠ ᠮᠤᠷᠳᠠᠬᠤ ᠳᠠᠭᠠᠨ ᠠᠶᠠᠯᠠᠭᠰᠠᠨ ᠵᠠᠮ ᠱᠤᠭᠤᠮ ᠢ ᠬᠠᠮᠤᠭ ᠡᠷᠳᠡ ᠮᠠᠭᠠᠳᠯᠠᠨ ᠲᠤᠷᠠᠳᠤᠬᠰᠠᠨ ᠬᠦᠮᠦᠨ ᠪᠤᠯ | ᠤᠮᠠᠷᠠᠲᠤ ᠶᠢᠨ ᠦᠨᠳᠦᠰᠦᠲᠡᠨ ᠤ ᠲᠡᠤᠬᠡ ᠶᠢᠨ ᠰᠤᠳᠤᠯᠭᠠᠨ ᠤ ᠬᠦᠷᠢᠶᠡᠨ ᠳᠠᠬᠢ ᠤᠷᠦ᠋ᠢᠯᠠᠭᠴᠢ ᠯᠢᠨ ᠭᠠᠨ ︵1916 — 2017 ᠣᠨ︶ ᠪᠠᠶᠢᠵᠦ᠂ ᠲᠡᠷᠡ | ᠵᠣᠣ ᠵᠢᠶᠦ᠋ᠨ ᠪᠤᠭᠤᠮᠳᠠ ᠠᠴᠠ ᠮᠤᠷᠳᠠᠬᠤ ᠳᠠᠭᠠᠨ ᠴᠢᠨ ᠤ ᠠᠰᠬᠠᠨ ᠵᠠᠮ ᠢᠶᠠᠷ ᠤᠮᠠᠷᠠᠰᠢ ᠮᠣᠷᠳᠠᠭᠰᠠᠨ ᠬᠡᠵᠤ ᠦᠵᠡᠪᠡ᠃ ᠲᠡᠬᠦᠨ ᠤ ᠢᠩᠭᠢᠵᠦ ᠬᠡᠯᠡᠭᠰᠡᠨ ᠢ ᠡᠷᠳᠡᠮ | ᠰᠢᠨᠵᠢᠯᠡᠭᠡᠨ ᠤ ᠬᠢᠨ ᠨᠡᠶᠢᠳᠡᠮ ᠳᠡᠭᠡᠨ ᠮᠡᠳᠡᠷᠡᠵᠤ ᠪᠠᠶᠢᠳᠠᠭ᠃ | ᠬᠠᠭᠤᠴᠢ ᠰᠤᠳᠤᠯᠤᠯ ᠤᠨ ᠰᠤᠳᠤᠯᠭᠠᠨ ᠢ ᠦᠨᠳᠦᠰᠦᠯᠡᠪᠡᠯ᠂ ᠴᠢᠨ ᠤᠯᠤᠰ ᠲᠤᠬᠠᠶ ᠶᠢᠨ ᠦᠶ᠎ᠡ ᠳᠤ ᠴᠢᠨ ᠤ ᠠᠰᠬᠠᠨ ᠵᠠᠮ ᠢ ᠵᠠᠰᠠᠬᠤ ᠳᠤ᠂ ᠵᠠᠮ ᠳᠠᠭᠠᠤ | ᠳᠠᠭᠠᠯᠲᠠ ᠪᠠᠷᠢᠯᠭ᠎ᠠ ᠪᠠᠷᠢᠵᠠᠶ᠂ ᠲᠤᠬᠠᠶᠢᠯᠠᠪᠠᠯ ᠴᠤᠨᠵᠢ᠂ ᠣᠷᠳᠣ ᠬᠠᠷᠰᠢ᠂ ᠴᠡᠷᠢᠭ ᠤᠨ ᠥᠷᠲᠡᠭᠡ᠂ ᠬᠠᠷᠠᠭᠤᠯ ᠤᠨ ᠭᠠᠵᠠᠷ᠂ ᠬᠠᠮᠠᠭᠠᠯᠠᠯᠳᠠ ᠶᠢᠨ ᠬᠦᠳᠦᠯ᠂ ᠤᠰᠤ | ᠵᠠᠯᠠᠬᠤ ᠰᠤᠪᠠᠭ᠂ ᠤᠯᠠᠭ᠎ᠠ ᠥᠷᠲᠡᠭᠡ ᠵᠡᠷᠭᠡ ᠪᠠᠶᠢᠪᠠ᠃ ᠬᠠᠮᠠᠭᠠᠯᠠᠯᠳᠠ ᠶᠢᠨ ᠬᠦᠳᠦᠯ ᠪᠠ ᠤᠰᠤ ᠵᠠᠯᠠᠬᠤ ᠰᠤᠪᠠᠭ ᠨᠢ ᠵᠠᠮ ᠢ ᠪᠠᠬᠢᠵᠢᠬᠦᠯᠬᠦ ᠪᠠ ᠬᠠᠭᠤᠷᠠᠶ | ᠪᠠᠶᠢᠯᠭᠠᠬᠤ ᠶᠢ ᠪᠠᠳᠤᠯᠠᠬᠰᠠᠨ ᠠᠴᠠ ᠴᠢᠨ ᠤ ᠠᠰᠬᠠᠨ ᠵᠠᠮ ᠢ ᠤᠯᠠᠮ ᠲᠡᠭᠰᠢᠬᠡᠨ ᠮᠦᠷᠳᠡᠬᠡᠨ ᠪᠥᠬᠡᠯᠢᠭ ᠪᠤᠯᠭᠠᠵᠠᠢ︔ ᠴᠣᠨᠵᠢ᠂ ᠬᠠᠷᠠᠭᠤᠯ ᠤᠨ ᠭᠠᠵᠠᠷ ᠪᠠ ᠤᠯᠠᠭ᠎ᠠ | ᠥᠷᠲᠡᠭᠡ ᠵᠡᠷᠭᠡ ᠶᠢ ᠴᠢᠨ ᠤ ᠠᠰᠬᠠᠨ ᠵᠠᠮ ᠤᠨ ᠴᠡᠷᠢᠭ ᠤᠨ ᠶᠠᠪᠤᠳᠠᠯ ᠳᠤ ᠣᠨᠴᠠᠭᠠᠶᠢᠯᠠᠨ ᠵᠤᠷᠢᠭᠤᠯᠵᠤ ᠲᠥᠯᠥᠪᠯᠡᠵᠡᠢ᠃ ᠡᠳᠡᠭᠡᠷ ᠲᠥᠬᠦᠭᠡᠷᠦᠮᠵᠢ ᠨᠢ ᠴᠡᠷᠢᠭ | ᠲᠠᠶᠢᠨ ᠤ ᠪᠠᠶᠢᠳᠠᠯ ᠢ ᠳᠠᠮᠵᠢᠭᠤᠯᠵᠤ᠂ ᠭᠠᠳᠠᠭᠠᠳᠤ ᠶᠢᠨ ᠲᠦᠷᠢᠮᠡᠬᠡᠶᠢᠯᠡᠯ ᠢ ᠡᠰᠡᠷᠭᠦᠴᠡᠨ᠂ ᠬᠢᠯᠢ ᠶᠢᠨ ᠬᠠᠮᠠᠭᠠᠯᠠᠯᠲᠠ ᠶᠢ ᠪᠠᠬᠢᠵᠢᠭᠦᠯᠬᠦ ᠳᠤ ᠲᠥᠬᠦᠮ ᠨᠥᠬᠦᠴᠡᠯ | ᠬᠠᠩᠭᠠᠭᠰᠠᠨ ᠪᠠᠶᠢᠨ᠎ᠠ᠃ | ᠬᠥᠮᠦᠨ ᠠᠮᠠ ᠤᠯᠠᠰᠢᠷᠠᠬᠤ ᠲᠤᠳᠤᠮ᠂ ᠴᠢᠨ ᠤ ᠠᠰᠬᠠᠨ ᠵᠠᠮ ᠤᠨ ᠬᠤᠶᠠᠷ ᠬᠠᠵᠠᠭᠤ ᠪᠠᠷ ᠬᠢ ᠵᠠᠷᠢᠮ ᠤᠯᠠᠭ᠎ᠠ ᠥᠷᠲᠡᠭᠡ ᠨᠢ ᠠᠭᠠᠵᠢᠮ ᠢᠶᠠᠷ ᠬᠤᠲᠠ | ᠪᠠᠯᠭᠠᠰᠤ ᠪᠣᠯᠤᠨ ᠬᠥᠭᠵᠢᠵᠦ᠂ ᠡᠮᠦᠨ᠎ᠠ ᠤᠮᠠᠷ᠎ᠠ ᠶᠢᠨ ᠠᠷᠠᠯᠵᠢᠶ᠎ᠠ ᠬᠤᠳᠠᠯᠳᠤᠭᠠᠨ ᠤ ᠶᠠᠪᠤᠯᠴᠠᠭ᠎ᠠ᠂ ᠠᠵᠤ ᠠᠬᠤᠶ ᠶᠢᠨ ᠰᠣᠯᠢᠯᠴᠠᠭᠠᠨ ᠤ ᠨᠢᠭᠡᠨ ᠴᠢᠬᠤᠯᠠ ᠵᠠᠮ | ᠱᠤᠭᠤᠮ ᠪᠤᠯᠵᠦ᠂ ᠴᠠᠢ᠂ ᠲᠣᠷᠭ᠎ᠠ᠂ ᠱᠠᠭᠠᠵᠠᠩ᠂ ᠲᠡᠮᠦᠷ ᠢ ᠡ᠊ᠨᠳᠡ ᠶᠡᠭᠡ ᠬᠡᠮᠵᠢᠶ᠎ᠠ ᠪᠠᠷ ᠠᠷᠠᠯᠵᠢᠶᠠᠯᠠᠵᠦ᠂ ᠦᠨᠳᠦᠰᠦᠲᠡᠨ ᠨᠦᠭᠦᠳ ᠤᠨ ᠬᠤᠭᠤᠷᠤᠨᠳᠤᠬᠢ | ᠶᠠᠪᠤᠯᠴᠠᠭ᠎ᠠ ᠰᠣᠯᠢᠯᠴᠠᠭᠠᠨ ᠳᠤ ᠴᠢᠬᠤᠯᠠ ᠦᠢᠯᠡᠳᠦᠯ ᠦᠵᠡᠬᠦᠯᠵᠡᠢ᠃ | ᠬᠡᠳᠦᠨ ᠠᠷᠪᠠᠨ ᠵᠢᠯ ᠤᠨ ᠲᠤᠷᠰᠢ᠂ ᠴᠢᠨ ᠤ ᠠᠰᠬᠠᠨ ᠵᠠᠮ ᠤᠨ ᠬᠠᠮᠢᠶ᠎ᠠ ᠪᠦᠬᠦᠢ ᠰᠤᠳᠤᠯᠭᠠᠨ᠂ ᠬᠠᠮᠠᠭᠠᠯᠠᠯᠳᠠ᠂ ᠨᠡᠭᠡᠭᠡᠨ ᠬᠥᠭᠵᠢᠭᠦᠯᠦᠯᠳᠡ ᠶᠢᠨ ᠠᠵᠢᠯ | ᠶᠡᠷᠦ ᠠᠴᠠ ᠲᠠᠰᠤᠯᠳᠠᠭᠰᠠᠨ ᠥᠬᠡᠶ᠃ 1996 ᠣᠨ ᠤ 5 ᠰᠠᠷ᠎ᠠ ᠳᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ | ᠣᠷᠳᠣᠨ ᠠᠴᠠ ᠴᠢᠨ ᠤ ᠠᠰᠬᠠᠨ ᠵᠠᠮ ᠤᠨ ᠪᠠᠭᠤᠷᠢ ︵ᠳ᠋ᠦᠩᠱᠧᠩ ᠤᠨ ᠬᠡᠰᠡᠭ︶ ᠶᠢ ᠲᠡᠤᠬᠡ ᠶᠢᠨ ᠲᠤᠷᠠᠰᠬᠠᠯᠳᠤ ᠵᠦᠢᠯ ᠤᠨ ᠬᠠᠮᠠᠭᠠᠯᠠᠯᠲᠠ ᠶᠢᠨ ᠨᠢᠭᠡᠴᠢ ᠳᠤ | ᠵᠢᠭᠰᠠᠭᠠᠪᠠ︔ 2006 ᠣᠨ ᠤ 5 ᠰᠠᠷ᠎ᠠ ᠳᠤ᠂ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠴᠢᠨ ᠤ ᠠᠰᠬᠠᠨ ᠵᠠᠮ ᠤᠨ ᠪᠠᠭᠤᠷᠢ ︵ ᠳ᠋ᠦᠩᠱᠧᠩ ᠤᠨ ᠬᠡᠰᠡᠭ︶ ᠶᠢ | ᠵᠢᠷᠭᠤᠳᠤᠭᠠᠷ ᠪᠦᠯᠦᠭ ᠤᠨ ᠪᠥᠬᠦ ᠤᠯᠤᠰ ᠤᠨ ᠭᠤᠤᠯᠳᠠᠯᠭ᠎ᠠ ᠲᠠᠢ ᠲᠡᠤᠬᠡ ᠶᠢᠨ ᠳᠤᠷᠠᠰᠬᠠᠯᠲᠤ ᠵᠦᠢᠯ ᠤᠨᠬᠠᠮᠠᠭᠠᠯᠠᠯᠲᠠ ᠶᠢᠨ ᠨᠢᠬᠡᠴᠢ ᠪᠠᠷ ᠨᠡᠶᠢᠳᠡᠯᠡᠭᠰᠡᠨ ᠪᠠᠶᠢᠨ᠎ᠠ᠃ | 2009 ᠣᠨ ᠳᠤ ᠴᠢᠨ ᠤ ᠠᠰᠬᠠᠨ ᠵᠠᠮ ᠤᠨ ᠪᠠᠭᠤᠷᠢ ᠶᠢᠨ ᠰᠤᠳᠤᠯᠭᠠᠨ ᠢ ᠬᠠᠮᠠᠭᠠᠯᠠᠨ ᠬᠥᠭᠵᠢᠭᠦᠯᠬᠦ ᠲᠥᠪ ᠢ ᠪᠠᠶᠢᠭᠤᠯᠵᠦ᠂ ᠴᠢᠨ ᠤ ᠠᠰᠬᠠᠨ ᠵᠠᠮ ᠤᠨ | ᠪᠠᠭᠤᠷᠢ ᠶᠢᠨ ᠳ᠋ᠦᠩᠱᠧᠩ ᠤᠨ ᠬᠡᠰᠡᠭ ᠢ ᠰᠤᠳᠤᠯᠤᠨ ᠬᠠᠮᠠᠭᠠᠯᠠᠵᠦ ᠠᠰᠢᠭᠯᠠᠨ᠂ ᠤᠷᠢᠳ ᠬᠤᠵᠢᠳ ᠴᠢᠨ ᠤ ᠠᠰᠬᠠᠨ ᠵᠠᠮ ᠤᠨ ᠪᠠᠭᠤᠷᠢ ︵ᠳ᠋ᠦᠩᠱᠧᠩ ᠤᠨ ᠬᠡᠰᠡᠭ︶ | ᠶᠢᠨ 17.5 ᠺᠢᠯᠣᠮᠧᠲᠷ ᠤᠨ ᠪᠦᠬᠦ ᠤᠷᠳᠤ ᠶᠢ ᠬᠠᠮᠠᠭᠠᠯᠠᠬᠤ ᠬᠡᠪᠴᠢᠶ᠎ᠡ ᠵᠢᠴᠢ ᠡᠵᠡᠮᠰᠢᠨ ᠬᠠᠮᠠᠭᠠᠯᠠᠬᠤ ᠬᠡᠪᠴᠢᠶᠠᠨ ᠲᠤᠳᠤᠷ᠎ᠠ 2000 ᠭᠠᠷᠤᠶ | ᠬᠠᠮᠠᠭᠠᠯᠠᠯᠲᠠ ᠶᠢᠨ ᠵᠠᠭᠠᠭ ᠤᠨ ᠱᠣᠩ ᠢ ᠰᠠᠯᠪᠢᠨ ᠵᠠᠰᠠᠵᠦ᠂ 5 ᠬᠠᠮᠠᠭᠠᠯᠠᠯᠲᠠ ᠶᠢᠨ ᠬᠥᠰᠢᠶ᠎ᠡ ᠪᠤᠰᠠᠬᠠᠵᠦ᠂ ᠴᠢᠨ ᠤ ᠠᠰᠬᠠᠨ ᠵᠠᠮ ᠤᠨ ᠡᠷᠭᠢᠨ ᠲᠣᠭᠤᠷᠢᠨ ᠤ ᠴᠸᠡᠭ | ᠯᠢᠶᠠᠩ ᠡᠷᠲᠡᠨ ᠤ ᠬᠤᠲᠠ ᠵᠢᠴᠢ ᠮᠢᠶᠣᠣ ᠴᠢ ᠭᠧ ᠵᠢᠶᠠᠨ ᠡᠷᠲᠡᠨ ᠤ ᠬᠤᠲᠠ ᠳᠤ 2000 ᠭᠠᠷᠤᠶ ᠮᠧᠲᠷ ᠤᠨ ᠬᠠᠮᠠᠭᠠᠯᠠᠯᠲᠠ ᠶᠢᠨ ᠴᠢᠨᠠᠷᠲᠠᠶ ᠲᠣᠣᠷ ᠬᠦᠷᠢᠶ᠎ᠡ ᠶᠢ | ᠰᠠᠯᠪᠢᠨ ᠵᠠᠰᠠᠪᠠ᠃ 2010 ᠣᠨ ᠳᠤ᠂ ᠳ᠋ᠦᠩᠱᠧᠩ ᠲᠣᠭᠤᠷᠢᠭ ᠤᠨ ᠴᠢᠨ ᠤ ᠠᠰᠬᠠᠨ ᠵᠠᠮ ᠤᠨ ᠪᠠᠭᠤᠷᠢ ᠶᠢ ᠰᠤᠳᠤᠯᠤᠨ ᠬᠠᠮᠠᠭᠠᠯᠠᠵᠦ ᠬᠦᠭᠵᠢᠬᠦᠯᠬᠦ ᠲᠥᠪ ︽ | ᠴᠢᠨ ᠤ ᠠᠰᠬᠠᠨ ᠵᠠᠮ ᠤᠨ ᠪᠠᠭᠤᠷᠢ ︵ᠳ᠋ᠦᠩᠱᠧᠩ ᠤᠨ ᠬᠡᠰᠡᠭ︶ ᠶᠢ ᠬᠠᠮᠠᠭᠠᠯᠠᠬᠤ ᠲᠥᠯᠥᠪᠵᠢᠭᠦᠯᠭᠡ︾ ︵2012 — 2030︶ ᠶᠢ ᠰᠢᠨ᠎ᠡ ᠪᠠᠷ | ᠨᠠᠶᠢᠷᠠᠭᠤᠯᠤᠨ ᠵᠣᠬᠢᠶᠠᠪᠠ᠃ | ︽ᠴᠢᠨ ᠤ ᠠᠰᠬᠠᠨ ᠵᠠᠮ ᠪᠣᠯ ᠨᠢᠬᠡ ᠢᠵᠢ ᠲᠡᠦᠬᠡᠨ ᠪᠢᠴᠢᠭ ᠠᠳᠠᠯᠢ᠂ ᠲᠡᠦᠬᠡ ᠶᠢᠨ ᠤᠯᠠᠷᠢᠯ ᠬᠤᠪᠢᠰᠤᠯ᠂ ᠴᠠᠭ ᠦᠶ᠎ᠡ ᠶᠢᠨ ᠠᠯᠬᠤᠭ᠎ᠠ ᠶᠢ ᠲᠡᠮᠳᠡᠭᠯᠡᠵᠦ᠂ | ᠵᠦᠩᠶᠤᠸᠠᠨ ᠣᠷᠣᠨ ᠪᠠ ᠤᠮᠠᠷᠠᠲᠤ ᠣᠷᠣᠨ ᠤ ᠠᠭᠠᠵᠢᠮ ᠢᠶᠠᠷ ᠨᠡᠶᠢᠯᠡᠵᠦ ᠨᠡᠪᠳᠡᠷᠡᠯᠴᠡᠭᠰᠡᠨ ᠲᠡᠦᠬᠡᠨ ᠶᠠᠪᠤᠴᠠ ᠶᠢ ᠭᠡᠷᠡᠴᠢᠯᠡᠵᠤ᠂ ᠤᠮᠠᠷᠠᠲᠤ ᠣᠷᠣᠨ ᠤ ᠠᠵᠤ | ᠠᠬᠤᠶ ᠨᠡᠶᠢᠭᠡᠮ ᠤᠨ ᠲᠤᠭᠳᠠᠭᠤᠨ ᠬᠦᠭᠵᠢᠯᠳᠠ ᠶᠢ ᠬᠦᠴᠦᠲᠡᠶ ᠠᠬᠢᠭᠤᠯᠵᠡᠢ︾ ᠭᠡᠵᠦ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ | ᠳᠤᠷᠠᠰᠬᠠᠯᠲᠤ ᠵᠦᠢᠯ ᠤᠨ ᠬᠠᠭᠤᠴᠢ ᠰᠤᠳᠤᠯᠤᠯ ᠤᠨ ᠰᠤᠳᠤᠯᠭᠠᠨ ᠤ ᠬᠦᠷᠢᠶᠡᠯᠡᠩ ᠤᠨ ᠰᠤᠳᠤᠯᠭᠠᠳᠠᠨ ᠭᠠᠢ ᡁᠢ ᠶᠦᠩ ᠬᠡᠯᠡᠨ᠎ᠠ | ︵ᠡᠭᠡ ᠪᠢᠴᠢᠭ ᠢ ︽ᠥᠪᠥᠷ ᠮᠣᠩᠭᠤᠯ ᠤᠨ ᠡᠳᠦᠷ ᠤᠨ ᠰᠣᠨᠢᠨ︾ ᠠᠴᠠ ᠤᠷᠴᠢᠭᠤᠯᠤᠨ ᠨᠠᠶᠢᠷᠠᠭᠤᠯᠪᠠ᠂ ᠬᠡᠷᠡᠯ ᠵᠢᠷᠤᠭ ᠢ ᠣᠷᠳᠣᠰ ᠮᠦᠽᠧᠶ ᠶᠢᠨ | ᠬᠦᠷᠢᠶᠠᠯᠠᠩ ᠠᠴᠠ ᠬᠠᠩᠭᠠᠪᠠ︶ | ᠠᠰᠢᠬᠯᠠᠬᠰᠠᠨ ᠮᠠᠲ᠋ᠧᠷᠢᠶᠠᠯ᠄ | 1. ︽ᠤᠷᠳᠤᠰ ᠰᠤᠳᠤᠯᠤᠯ ᠤᠨ ᠰᠤᠳᠤᠯᠭᠠᠨ︾᠂ 2020 ᠣᠨ᠂ ᠵᠧᠨ ᠽᠢ ᠮᠢᠩ | 2. ︽ᠰᠤᠳᠤᠷ ᠲᠡᠮᠳᠡᠭᠯᠡᠯ · ᠴᠢᠨ ᠱᠢ ᠬᠤᠸᠠᠩ ᠤᠨ ᠴᠠᠳᠢᠭ︾᠃ | 3. ︽ᠰᠤᠳᠤᠷ ᠲᠡᠮᠳᠡᠭᠯᠡᠯ · ᠮᠸᠡᠭ ᠲᠢᠶᠠᠨ ᠤ ᠰᠤᠯᠠ ᠨᠠᠮᠲᠠᠷ︾᠂ ︽ᠭᠠᠵᠠᠷ ᠤᠨ ᠬᠤᠷᠢᠶᠠᠩᠭᠤᠢ ᠦᠢᠯᠠᠯᠭ᠎ᠠ︾᠃ | 4. ᠲᠣᠮᠣ ᠬᠡᠯᠪᠡᠷᠢ ᠶᠢᠨ ᠴᠤᠪᠤᠷᠠᠯ ᠪᠢᠴᠢᠭ ︽ᠴᠢᠨ ᠤ ᠠᠰᠬᠠᠨ ᠵᠠᠮ︾ ᠤᠨ ︽ᠴᠢᠨ ᠤ ᠠᠰᠬᠠᠨ ᠵᠠᠮ ᠤᠨ ᠪᠠᠶᠢᠴᠠᠭᠠᠯᠲᠠ ᠶᠢᠨ ᠠᠶᠠᠯᠠᠯ ᠤᠨ ᠲᠡᠮᠳᠡᠭᠯᠡᠯ︾᠂ | ︽ᠴᠢᠨ ᠤ ᠠᠰᠬᠠᠨ ᠵᠠᠮ ᠤᠨ ᠵᠠᠮ ᠱᠤᠭᠤᠮ ᠤᠨ ᠴᠢᠭᠯᠡᠯ ᠪᠠ ᠰᠤᠶᠤᠯ ᠤᠨ ᠨᠦᠯᠦᠬᠡ︾᠂ ᠰᠢᠤᠢ ᠵᠢᠶᠦ᠋ᠨ ᠹᠧᠩ᠃ | | | |