​ ᠵᠢᠷᠤᠬᠡ ᠶᠢᠨ ᠭᠤᠤᠯ ᠤᠨ ᠪᠠᠭᠤᠷᠢ᠄ ᠤᠮᠠᠷᠠᠲᠤ ᠤᠷᠤᠨ ᠤ ᠨᠡᠶᠢᠭᠡᠮ ᠤᠨ ᠨᠢᠭᠡ ᠤᠳᠠᠭᠠᠨ ᠤ ᠥᠭᠡᠷᠡᠴᠢᠯᠡᠯᠲᠡ ᠶᠢᠨ ᠴᠢᠨᠠᠷᠲᠠᠶ ᠠᠵᠢᠯ ᠤᠨ ᠬᠤᠪᠢᠶᠠᠷᠢᠯᠠᠯ ᠤᠨ ᠭᠡᠷᠡᠴᠢ
ᠨᠡᠶᠢᠲᠡᠯᠡᠭᠰᠡᠨ ᠴᠠᠭ᠄
2023/4/21
ᠤᠳᠤᠷᠢᠳᠤᠮᠵᠢ ᠶᠢᠨ ᠦᠬᠡ᠄         ᠵᠢᠷᠤᠬᠡ ᠶᠢᠨ ᠭᠤᠤ ᠶᠢᠨ ᠪᠠᠭᠤᠷᠢ ᠶᠢᠨ ᠢᠯᠡᠷᠡᠬᠦᠯᠦᠯᠳᠠ ᠨᠢ ᠥᠪᠥᠷ ᠮᠣᠩᠭᠤᠯ ᠤᠨ ᠲᠤᠮᠳᠠᠳᠤ ᠡᠮᠦᠨᠡᠲᠦ ᠬᠡᠰᠡᠭ ᠤᠨ ᠭᠠᠵᠠᠷ ᠣᠷᠣᠨ ᠤ ᠡᠷᠳᠡᠨ ᠤ ᠬᠦᠷᠡᠯ ᠰᠣᠶᠣᠯ ᠤᠨ ᠳᠦᠷᠰᠦ ᠪᠠᠶᠢᠳᠠᠯ ᠢ ᠠᠩᠬ᠎ᠠ ᠤᠳᠠᠭ᠎ᠠ ᠢᠯᠭᠠᠨ ᠲᠠᠨᠢᠭᠤᠯᠵᠤ᠂ ᠯᠦᠩᠱᠠᠨ ᠤ ᠰᠤᠶᠤᠯ ᠪᠡ ᠡᠷᠳᠡᠨ ᠤ ᠬᠦᠷᠡᠯ ᠪᠠᠭᠠᠵᠢ ᠶᠢᠨ ᠰᠤᠶᠤᠯ ᠤᠨ ᠬᠤᠭᠤᠷᠤᠨᠳᠤᠬᠢ ᠰᠢᠯᠵᠢᠯᠳᠡ ᠶᠢᠨ ᠦᠶ᠎ᠡ ᠶᠢᠨ ᠬᠤᠭᠤᠰᠤᠨ ᠢ ᠨᠦᠬᠦᠪᠤᠷᠢᠯᠡᠵᠡᠢ᠃         ᠪᠠᠶᠢᠭᠠᠯᠢ ᠶᠢᠨ ᠣᠷᠴᠢᠨ ᠲᠣᠭᠤᠷᠢᠨ ᠤ ᠨᠦᠯᠦᠭᠡ ᠪᠠᠷ᠂ ᠵᠢᠷᠤᠬᠡ ᠶᠢᠨ ᠭᠤᠤᠯ ᠤᠨ ᠭᠠᠵᠠᠷ ᠤᠷᠤᠨ ᠤ ᠬᠥᠮᠤᠰ ᠭᠠᠵᠠᠷ ᠰᠢᠷᠣᠶ ᠶᠢ ᠠᠰᠢᠬᠯᠠᠬᠤ ᠬᠡᠯᠪᠡᠷᠢ ᠪᠠ ᠠᠵᠤ ᠠᠬᠤᠶ ᠶᠢᠨ ᠪᠦᠲᠦᠴᠡ ᠳᠡᠭᠡᠨ ᠲᠤᠬᠢᠷᠠᠭᠤᠯᠤᠯᠳᠡ ᠬᠢᠵᠤ᠂ ᠨᠡᠶᠢᠭᠡᠮ ᠤᠨ ᠠᠵᠤ ᠠᠬᠤᠶ ᠪᠠᠨ ᠲᠠᠷᠢᠶᠠᠯᠠᠬᠤ ᠠᠴᠠ ᠮᠠᠯᠵᠢᠬᠤ ᠪᠤᠶᠤ ᠬᠠᠭᠠᠰ ᠲᠠᠷᠢᠶᠠᠯᠠᠬᠤ ᠬᠠᠭᠠᠰ ᠮᠠᠯᠵᠢᠬᠤ ᠪᠣᠯᠭᠠᠨ ᠬᠤᠪᠢᠷᠠᠭᠠᠵᠦ᠂ ᠳᠤᠮᠳᠠᠳᠤ ᠤᠯᠤᠰ ᠤᠨ ᠤᠮᠠᠷᠠᠲᠤ ᠶᠢᠨ ᠮᠠᠯ ᠠᠵᠤ ᠠᠬᠤᠢ ᠶᠢᠨ ᠰᠣᠶᠣᠯ ᠤᠨ ᠠᠩᠬᠠᠨ ᠤ ᠳᠦᠷᠰᠦ ᠪᠠᠶᠢᠳᠠᠯ ᠢ ᠪᠦᠷᠢᠯᠳᠦᠭᠦᠯᠵᠦ᠂ ᠠᠩᠬᠠᠳᠤᠭᠠᠷ ᠤᠳᠠᠭᠠᠨ ᠤ ᠨᠡᠶᠢᠭᠡᠮ ᠤᠨ ᠠᠵᠢᠯ ᠤᠨ ᠲᠤᠮᠤ ᠬᠤᠪᠢᠶᠠᠷᠢᠯᠠᠯᠳᠠ ᠶᠢ ᠪᠡᠶᠡᠯᠡᠭᠦᠯᠵᠡᠢ᠂ ᠡᠨᠡ ᠨᠢ ᠳᠤᠮᠳᠠᠳᠤ ᠤᠯᠤᠰ ᠤᠨ ᠡᠷᠲᠡᠨ ᠤ ᠨᠡᠶᠢᠭᠡᠮ ᠤᠨ ᠬᠥᠭᠵᠢᠯᠲᠡ ᠳᠤ ᠴᠠᠭ ᠦᠶ᠎ᠡ ᠶᠢ ᠵᠠᠭᠠᠭᠯᠠᠭᠰᠠᠨ ᠠᠴᠢ ᠬᠤᠯᠪᠤᠬᠳᠠᠯ ᠲᠠᠢ ᠶᠤᠮ᠃            ᠵᠢᠷᠤᠬᠡ ᠶᠢᠨ ᠭᠤᠤᠯ ᠤᠨ ᠰᠣᠶᠣᠯ ᠨᠢ ᠳᠤᠮᠳᠠᠳᠤ ᠤᠯᠤᠰ ᠤᠨ ᠤᠮᠠᠷᠠᠲᠤ ᠶᠢᠨ ᠮᠠᠯ ᠠᠵᠤ ᠠᠬᠤᠶ ᠶᠢᠨ ᠡᠭᠦᠰᠦᠯ ᠪᠠ ᠬᠥᠭᠵᠢᠯᠲᠡ ᠶᠢᠨ ᠠᠬᠢᠴᠠ ᠶᠢ ᠬᠠᠶᠢᠨ ᠰᠦᠪᠡᠭᠴᠢᠯᠡᠬᠦ ᠳᠤ ᠮᠠᠰᠢ ᠬᠤᠪᠤᠷ ᠮᠡᠳᠡᠭᠡ ᠵᠠᠩᠭᠢ ᠶᠢ ᠬᠠᠩᠭᠠᠭᠰᠠᠨ ᠪᠠᠶᠢᠨ᠎ᠠ᠃                 1. ᠵᠢᠵᠢᠭᠬᠡᠨ ᠠᠭᠤᠯᠠᠨ ᠭᠤᠤ ᠳᠠᠬᠢ ᠬᠠᠭᠤᠴᠢ ᠰᠤᠳᠤᠯᠤᠯ ᠤᠨ ᠴᠢᠬᠤᠯᠠ ᠶᠡᠭᠡ ᠢᠯᠡᠷᠡᠭᠦᠯᠦᠯᠲᠡ          ᠵᠢᠷᠤᠬᠡ ᠶᠢᠨ ᠭᠤᠤᠯ ᠤᠨ ᠪᠠᠭᠤᠷᠢ ᠮᠠᠨ ᠤ ᠬᠤᠳᠠ ᠶᠢᠨ ᠡᠵᠡᠨ ᠬᠤᠷᠤᠭ᠎ᠠ ᠬᠤᠰᠢᠭᠤᠨ ᠤ ᠨᠠᠷᠢᠨᠳᠤᠬᠤᠢ ᠪᠠᠯᠭᠠᠰᠤᠨ ᠤ ᠵᠢᠷᠤᠬᠡ ᠶᠢᠨ ᠠᠶᠢᠯ ᠳᠤ ᠪᠠᠶᠢᠷᠢᠰᠢᠵᠤ ᠪᠤᠢ᠃ ᠵᠢᠷᠤᠬᠡ ᠶᠢᠨ ᠠᠶᠢᠯ ᠣᠷᠳᠣᠰ ᠤᠨ ᠥᠨᠳᠦᠷᠯᠢᠭ ᠤᠨ ᠳᠤᠮᠳᠠ ᠵᠡᠭᠦᠨ ᠬᠡᠰᠡᠭ ᠢᠶᠠᠷ ᠪᠠᠶᠢᠷᠢᠯᠠᠵᠤ᠂ ᠵᠢᠷᠤᠬᠡ ᠶᠢᠨ ᠭᠤᠤ ᠶᠢᠨ ᠤᠷᠤᠰᠬᠠᠯ ᠨᠢ ᠵᠡᠭᠦᠨ ᠬᠤᠶᠢᠨ᠎ᠠ ᠠᠴᠠ ᠪᠠᠷᠠᠭᠤᠨ ᠡᠮᠦᠨᠡᠰᠢ ᠪᠠᠨ ᠤᠷᠤᠰᠴᠤ᠂ ᠨᠠᠷᠢᠨᠳᠤᠬᠤᠢ ᠪᠠᠷ ᠰᠢᠬᠤᠢ ᠶᠢᠨ ᠴᠠᠶᠢᠳᠠᠮ ᠤᠷᠤᠭᠤ ᠴᠢᠳᠬᠤᠭᠠᠳ᠂  ᠲᠠᠬᠢᠨ ᠡᠮᠤᠨᠡᠰᠢᠯᠡᠵᠤ ᠪᠤᠬ᠎ᠠ  ᠶᠢᠨ ᠭᠤᠤᠯ᠂  ᠶᠤᠤ ᠶᠧ ᠭᠤᠤᠯ ᠢᠶᠠᠷ ᠤᠷᠤᠰᠤᠨ ᠦᠡᠭᠭᠡᠷᠡᠭᠡᠳ ᠬᠠᠳᠤᠨ ᠭᠤᠤᠯ ᠤᠨ ᠤᠷᠤᠰᠬᠠᠯ ᠲᠠᠢ ᠨᠡᠶᠢᠯᠡᠨ᠎ᠡ᠃ ᠵᠢᠷᠤᠬᠡ ᠶᠢᠨ ᠭᠤᠤ ᠶᠢᠨ ᠪᠠᠭᠤᠷᠢ ᠨᠢ ᠭᠤᠤ ᠭᠠᠩᠭ᠎ᠠ ᠬᠥᠨᠳᠡᠯᠡᠨ ᠭᠤᠯᠳᠤ ᠰᠦᠯᠵᠢᠯᠳᠦᠭᠰᠡᠨ ᠵᠢᠷᠤᠬᠡ ᠶᠢᠨ ᠭᠤᠤ ᠲᠤᠳᠤᠷ᠎ᠠ ᠪᠠᠶᠢᠳᠠᠭ᠃ ᠵᠡᠭᠦᠨᠰᠢ ᠪᠠᠷᠠᠭᠤᠨᠰᠢ ᠪᠠᠨ ᠪᠠᠷᠤᠭ 2 ᠺᠢᠯᠦᠮᠧᠲᠷ ᠤᠷᠳᠤ᠂ ᠡᠮᠦᠨᠡᠰᠢ ᠤᠮᠠᠷᠠᠰᠢ ᠪᠠᠨ ᠪᠠᠷᠤᠭ 1 ᠺᠢᠯᠦᠮᠧᠲᠷ ᠥᠷᠭᠡᠨ ᠵᠠᠢ ᠳᠤ ᠰᠢᠨ᠎ᠡ ᠴᠢᠯᠠᠭᠤᠨ ᠵᠡᠪᠰᠡᠭ ᠤᠨ ᠦᠶ᠎ᠡ ᠠᠴᠠ ᠬᠦᠷᠡᠯ ᠪᠠᠭᠠᠵᠢ ᠶᠢᠨ ᠴᠠᠭ ᠦᠶ᠎ᠡ ᠬᠦᠷᠳᠡᠯᠡᠬᠢ ᠦᠯᠡᠳᠡᠭᠳᠡᠯ  ᠤᠳ ᠬᠡᠰᠡᠭ ᠪᠤᠰᠠᠭ ᠲᠠᠷᠬᠠᠵᠤ ᠪᠤᠢ᠃            1974 ᠣᠨ ᠤ ᠵᠤᠨ᠂ ᠥᠪᠥᠷ ᠮᠣᠩᠭᠤᠯ ᠤᠨ ᠲᠡᠤᠬᠡ ᠶᠢᠨ ᠳᠤᠷᠠᠰᠬᠠᠯᠲᠤ ᠵᠦᠢᠯ ᠤᠨ ᠠᠵᠢᠯᠯᠠᠬᠤ ᠠᠩᠭᠢ ᠶᠢᠨ ᠲᠢᠶᠠᠨ ᠭᠤᠸᠠᠩ ᠶᠢᠨ ︵1938 — 2006︶ ᠶᠡᠭᠡ ᠵᠤᠤ ᠠᠶᠢᠮᠠᠭ ︵ᠤᠳᠤ ᠶᠢᠨ ᠣᠷᠳᠣᠰ ᠬᠤᠲᠠ︶ ᠲᠤ ᠲᠡᠤᠬᠡ ᠶᠢᠨ ᠳᠤᠷᠠᠰᠬᠠᠯᠲᠤ ᠵᠦᠢᠯ ᠤᠨ ᠺᠠᠳ᠋ᠷᠴᠤᠳ ᠤᠨ ᠪᠣᠯᠪᠠᠰᠤᠷᠠᠯ ᠤᠨ ᠠᠩᠭᠢ ᠡᠷᠭᠢᠯᠡᠬᠦ ᠦᠶ᠎ᠡ ᠳᠤ᠂  ᠠᠭᠤᠯᠨ ᠤᠰᠤ ᠶᠢ ᠭᠡᠳᠦᠯᠤᠨ᠂ ᠬᠦᠴᠢᠷ ᠪᠡᠷᠬᠡᠰᠢᠶᠡᠯ ᠢ ᠲᠠᠪᠠᠵᠦ᠂ ᠬᠥᠮᠦᠨ ᠠᠮᠢᠲᠠᠨ ᠴᠥᠭᠡᠨ᠂ ᠪᠤᠶᠢᠳᠠ ᠪᠥᠭᠯᠡᠭᠦᠦ ᠠᠭᠤᠯᠠᠨ ᠭᠤᠤ ᠠᠴᠠ ᠵᠢᠷᠤᠬᠡ ᠶᠢᠨ ᠭᠤᠤᠯ ᠤᠨ ᠪᠠᠭᠤᠷᠢ ᠶᠢ ᠢᠯᠡᠷᠡᠭᠦᠯᠪᠡ᠃ ᠡᠭᠦᠨ ᠠᠴᠠ ᠪᠤᠯᠵᠤ᠂ ᠳᠤᠮᠳᠠᠳᠤ ᠤᠯᠤᠰ ᠤᠨ ᠰᠢᠨ᠎ᠡ ᠴᠢᠯᠠᠭᠤᠨ ᠵᠡᠪᠰᠡᠭ ᠤᠨ ᠦᠶ᠎ᠡ ᠠᠴᠠ ᠬᠦᠷᠡᠯ ᠪᠠᠭᠠᠵᠢ ᠶᠢᠨ ᠦᠶ᠎ᠡ ᠬᠦᠷᠲᠡᠯᠡᠬᠢ ᠴᠢᠬᠤᠯᠠ ᠶᠡᠭᠡ ᠬᠠᠭᠤᠴᠢ ᠰᠤᠳᠤᠯᠤᠯ ᠤᠨ ᠢᠯᠡᠷᠡᠭᠦᠯᠦᠯᠲᠡ ᠪᠤᠯᠬᠤ — ᠵᠢᠷᠤᠬᠡ ᠶᠢᠨ ᠭᠤᠤᠯ ᠤᠨ ᠪᠠᠭᠤᠷᠢ ᠨᠢ ᠳᠡᠯᠡᠬᠡᠢ ᠳ᠋ᠠᠬᠢᠨ᠎ᠠ   ᠲᠠᠨᠢᠬᠳᠠᠬᠰᠡᠨ ᠪᠠᠶᠢᠨ᠎ᠠ᠃       

4.21.1.png

       

         ᠲᠢᠶᠠᠨ ᠭᠤᠸᠠᠩ ᠶᠢᠨ ᠲᠡᠭᠦᠨ ᠤ ᠪᠦᠯᠬᠦᠮ ᠲᠠᠢ ᠪᠠᠨ ᠠᠳᠡ ᠠᠴᠠ ᠬᠤᠶᠢᠰᠢ 10 ᠵᠢᠯ ᠤᠨ ᠬᠤᠭᠤᠴᠠᠭᠠᠨ ᠳᠤ᠂ ᠵᠢᠷᠤᠬᠡ ᠶᠢᠨ ᠭᠤᠤ ᠪᠠᠷ ᠳᠥᠷᠪᠠᠨᠲᠡ

ᠣᠷᠣᠵᠤ ᠭᠠᠷᠤᠨ᠂ ︽ᠵᠢᠷᠤᠬᠡ ᠶᠢᠨ ᠭᠤᠤᠯ ᠤᠨ ᠰᠣᠶᠣᠯ︾ ᠢ ᠲᠣᠭᠲᠠᠭᠠᠨ ᠨᠡᠷᠡᠯᠡᠵᠦ᠂ ︽ᠣᠷᠳᠣᠰ ᠤᠨ ᠬᠦᠷᠡᠯ   ᠪᠠᠭᠠᠵᠢ ᠨᠢ ᠤᠷᠳᠤᠰ ᠵᠢᠴᠢ ᠡᠷᠬᠢᠨ

ᠲᠣᠭᠤᠷᠢᠨ ᠤ ᠭᠠᠵᠠᠷ ᠣᠷᠣᠨ ᠠᠴᠠ ᠡᠬᠦᠰᠦᠯ ᠲᠠᠢ︾ ᠭᠡᠬᠦ ᠰᠣᠩᠭᠤᠳᠠᠭ ᠨᠤᠲᠠᠯᠠᠯᠲᠠ ᠶᠢ ᠲᠤᠷᠠᠳᠤᠨ ᠭᠠᠷᠭᠠᠵᠦ᠂ ᠴᠢᠨ ᠤᠯᠤᠰ ᠠᠴᠠ ᠡᠮᠦᠨᠡᠬᠢ ᠤᠮᠠᠷᠠᠲᠤ ᠶᠢᠨ

ᠦᠨᠳᠦᠰᠦᠲᠡᠨ ᠤ ᠬᠠᠭᠤᠴᠢ ᠰᠤᠳᠤᠯᠤᠯ ᠤᠨ ᠰᠤᠳᠤᠯᠭᠠᠨ ᠤ ᠵᠠᠮ ᠢ ᠨᠡᠬᠡᠬᠡᠵᠡᠢ᠃  

   

4.21.2.png

         20 ᠳ᠋ᠤᠭᠠᠷ ᠵᠠᠭᠤᠨ ᠤ ᠲᠠᠯᠠᠭᠠᠳ ᠣᠨ ᠤ ᠦᠶ᠎ᠠ ᠶᠢᠨ ᠵᠢᠷᠤᠬᠡ ᠶᠢᠨ ᠭᠤᠤᠯ ᠨᠢ ᠭᠤᠤ ᠭᠠᠩᠭ᠎ᠠ ᠰᠦᠯᠵᠢᠯᠳᠦᠵᠦ᠂ ᠵᠠᠮ ᠬᠠᠷᠢᠯᠴᠠᠭ᠎ᠠ ᠪᠤᠶᠢᠳᠠ

ᠪᠥᠭᠯᠡᠭᠦᠦ᠂ ᠬᠥᠮᠦᠨ ᠬᠠᠷ᠎ᠠ ᠴᠥᠭᠡᠨ᠂ ᠣᠷᠴᠢᠨ ᠲᠣᠭᠤᠷᠢᠨ ᠤ ᠨᠦᠬᠦᠴᠡᠯ ᠮᠠᠭᠤ ᠪᠤᠯᠬᠤᠷ ᠨᠡᠭᠡᠭᠡᠨ ᠮᠠᠯᠲᠠᠬᠤ ᠠᠵᠢᠯ ᠲᠦᠢᠯ ᠤᠨ ᠪᠡᠷᠬᠡ ᠬᠠᠲᠠᠭᠤᠵᠢᠯᠲᠠᠶ ᠪᠠᠶᠢᠪᠠ᠃

ᠬᠠᠭᠤᠴᠢ ᠰᠤᠳᠤᠯᠭᠠᠴᠢ ᠶᠢᠨ ᠳᠥᠷᠪᠡ ᠤᠳᠠᠭᠠᠨ ᠤ ᠨᠡᠭᠡᠭᠡᠨ ᠮᠠᠯᠲᠠᠯᠲᠠ ᠪᠠᠷ ᠳᠡᠮᠵᠢᠨ᠂ ᠨᠡᠶᠢᠲᠡ 4000 ᠲᠡᠭᠰᠢ ᠳᠥᠷᠪᠡᠯᠵᠢᠨ ᠮᠧᠲᠷ ᠲᠠᠯᠠᠪᠠᠶ ᠶᠢ ᠢᠯᠡᠷᠡᠬᠦᠯᠵᠦ

᠂ ᠮᠠᠯᠲᠠᠵᠤ ᠭᠠᠷᠭᠠᠭᠰᠠᠨ ᠲᠠᠯᠠᠪᠠᠶ ᠲᠤᠳᠤᠷ᠎ᠠ ᠠᠴᠠ ᠬᠡᠰᠡᠭ ᠬᠡᠰᠡᠭ ᠪᠠᠶᠢᠰᠢᠩ ᠪᠠ ᠪᠤᠯᠠᠰᠢᠨ ᠭᠠᠵᠠᠷ ᠢᠯᠡᠷᠡᠵᠤ᠂  ᠪᠠᠶᠢᠰᠢᠩ ᠤᠨ ᠪᠠᠭᠤᠷᠢ 83 ᠂ ᠦᠨᠡᠰᠦᠨ

ᠨᠦᠬᠡ 207 ᠂ ᠸᠠᠭᠠᠷ ᠤᠨ ᠤᠭᠤᠷᠬᠠᠢ ᠶᠢᠨ ᠪᠠᠭᠤᠷᠢ 3 ᠂ ᠡᠷᠲᠡᠨ ᠤ ᠣᠩᠭᠤᠨ 329 ᠂  ᠬᠡᠤᠬᠡᠳ ᠤᠨ ᠠᠪᠰᠠᠨ ᠤᠷᠤᠰᠢᠭᠤᠯᠭ᠎ᠠ 19 ᠶᠢ ᠢᠯᠡᠷᠡᠭᠦᠯᠪᠡ᠃

ᠠᠳᠡ ᠠᠴᠠ ᠣᠷᠳᠣᠰ ᠤᠨ ᠥᠨᠳᠦᠷᠯᠢᠭ ᠤᠨ ᠬᠠᠮᠤᠭ ᠤᠨ ᠡᠷᠳᠡᠨ ᠤ ᠸᠠᠭᠠᠷ ᠰᠠᠪᠠ ᠰᠢᠳᠠᠭᠠᠵᠤ ᠦᠢᠯᠡᠳᠴᠤ ᠪᠠᠶᠢᠬᠰᠡᠨ ᠸᠠᠭᠠᠷ ᠤᠨ ᠤᠭᠤᠷᠬᠠᠢ ᠶᠢ ᠢᠯᠡᠷᠡᠬᠦᠯᠵᠦ᠂

ᠨᠡᠶᠢᠲᠡ 640 ᠭᠠᠷᠤᠶ ᠦᠯᠡᠳᠡᠭᠳᠡᠯ ᠭᠠᠵᠠᠷ᠂ 1250 ᠭᠠᠷᠤᠶ ᠲᠡᠦᠬᠡ ᠶᠢᠨ ᠳᠤᠷᠠᠰᠬᠠᠯᠲᠤ ᠵᠦᠢᠯ ᠢ ᠮᠠᠯᠲᠠᠵᠤ ᠭᠠᠷᠭᠠᠭᠰᠠᠨ ᠪᠠᠶᠢᠨ᠎ᠠ᠃ ᠤᠨᠴᠠᠭᠠᠶᠢᠯᠠᠨ 1983

ᠣᠨ ᠤ ᠠᠭᠤᠳᠠᠯᠤᠨ ᠮᠠᠯᠲᠠᠯᠳᠠ ᠶᠢᠨ ᠶᠠᠪᠤᠴᠠ ᠳᠤᠮᠳᠠ᠂ ᠪᠠᠭᠤᠷᠢ ᠶᠢᠨ ᠰᠡᠭᠦᠯᠴᠢ ᠶᠢᠨ ᠬᠤᠭᠤᠴᠠᠭᠠᠨ ᠤ ᠪᠤᠯᠠᠰᠢᠨ ᠠᠴᠠ ᠤᠷᠳᠤᠰ ᠲᠤ ᠢᠯᠡᠷᠡᠭᠦᠯᠦᠭᠰᠡᠨ ᠴᠠᠭ

 ᠢᠶᠠᠷ ᠬᠠᠮᠤᠭ ᠤᠨ ᠡᠷᠳᠡ ᠪᠤᠯᠬᠤ ᠬᠦᠷᠡᠯ ᠣᠬᠤᠷ ᠰᠡᠯᠡᠮ᠎ᠡ᠂ ᠬᠦᠷᠡᠯ ᠬᠢᠲᠤᠭ᠎ᠠ ᠵᠢᠴᠢ ᠪᠡᠶ᠎ᠡ ᠳᠡᠭᠡᠨ ᠵᠡᠭᠦᠵᠦ ᠪᠠᠶᠢᠭᠰᠠᠨ ᠬᠦᠷᠡᠯ ᠵᠠᠰᠠᠯ ᠵᠢᠮᠰᠡᠭ ᠵᠡᠷᠭᠡ ᠶᠢ

ᠢᠯᠡᠷᠡᠬᠦᠯᠵᠡᠢ᠃ ᠪᠠᠭᠤᠷᠢ ᠶᠢᠨ ᠢᠯᠡᠷᠡᠭᠦᠯᠦᠯᠳᠠ ᠨᠢ ᠤᠮᠠᠷᠠᠲᠤ ᠣᠷᠣᠨ ᠤ ᠡᠷᠲᠡ ᠦᠶ᠎ᠡ ᠶᠢᠨ ᠬᠦᠷᠡᠯ ᠪᠠᠭᠠᠵᠢ ᠶᠢᠨ ᠰᠤᠶᠤᠯ ᠤᠨ  ᠴᠠᠳᠢᠭ᠂ ᠣᠷᠳᠣᠰ ᠤᠨ ᠬᠦᠷᠡᠯ

ᠪᠠᠭᠠᠵᠢ ᠶᠢᠨ ᠡᠭᠦᠰᠦᠯ᠂ ᠲᠠᠷᠢᠶᠠᠯᠠᠩ ᠠᠴᠠ ᠮᠠᠯ ᠠᠵᠤ ᠠᠬᠤᠢ ᠳᠤ ᠤᠯᠠᠷᠢᠬᠰᠡᠨ᠂ ᠵᠦᠡᠭᠶᠤᠸᠡᠨ ᠤᠷᠤᠨ ᠯᠤᠭ᠎ᠠ ᠶᠢᠨ ᠬᠠᠷᠢᠴᠠᠭ᠎ᠠ ᠵᠡᠷᠭᠡ ᠲᠠᠯ᠎ᠠ ᠶᠢᠨ

ᠰᠤᠳᠤᠯᠭᠠᠨ ᠳᠤ ᠲᠦᠢᠯ ᠤᠨ ᠴᠢᠬᠤᠯᠠ ᠠᠴᠢ ᠬᠤᠯᠪᠣᠭᠳᠠᠯ ᠲᠠᠢ ᠶᠤᠮ᠃

       1984 ᠣᠨ ᠳᠤ᠂ ᠰᠤ᠋ ᠪᠢᠩ ᠴᠢ ᠶᠢᠨ ᠰᠠᠨᠠᠭᠠᠴᠢᠯᠠᠭ᠎ᠠ ᠪᠠᠷ ︽ᠥᠪᠥᠷ ᠮᠣᠩᠭᠤᠯ ᠤᠨ ᠪᠠᠷᠠᠭᠤᠨ ᠣᠷᠣᠨ ᠤ ᠡᠷᠳᠠᠡ ᠤ ᠰᠤᠶᠤᠯ ᠤᠨ ᠰᠠᠭᠤᠨ

ᠶᠠᠷᠢᠯᠴᠠᠬᠤ ᠬᠤᠷᠠᠯ︾ ᠢ ᠡᠷᠬᠢᠯᠡᠵᠦ᠂  ᠰᠤ᠋ ᠪᠢᠩ ᠴᠢ᠂ ᠢᠦᠢ ᠸᠧᠶ ᠴᠤᠤ᠂ ᠵᠠᠩ ᠵᠦᠩ ᠫᠸᠢ᠂ ᠶᠠᠨ ᠸᠧᠨ ᠮᠢᠩ᠂ ᠯᠢᠦ ᠭᠤᠸᠠᠨ ᠮᠢᠨ ᠵᠡᠷᠬᠡ ᠪᠦᠬᠦ ᠤᠯᠤᠰ ᠤᠨ

ᠨᠡᠷᠡᠳᠤ ᠬᠠᠭᠤᠴᠢ ᠰᠤᠳᠤᠯᠤᠯ ᠤᠨ ᠲᠤᠰᠬᠠᠶ ᠮᠡᠷᠭᠡᠵᠢᠯᠲᠡᠨ ᠵᠢᠷᠤᠬᠡ ᠶᠢᠨ ᠭᠤᠤᠯ ᠤᠨ ᠪᠠᠭᠤᠷᠢ ᠶᠢᠨ ᠬᠠᠭᠤᠴᠢ ᠰᠤᠳᠤᠯᠤᠯ ᠤᠨ ᠮᠠᠲ᠋ᠧᠷᠢᠶᠠᠯ ᠢ ᠨᠠᠷᠢᠨ

ᠰᠤᠳᠤᠯᠵᠠᠭᠠᠵᠦ᠂ ᠵᠢᠷᠤᠬᠡ ᠶᠢᠨ ᠭᠤᠤᠯ ᠤᠨ ᠪᠠᠭᠤᠷᠢ ᠪᠠᠷ ᠲᠥᠯᠥᠭᠡᠯᠡᠭᠦᠯᠦᠭᠰᠡᠨ ᠦᠯᠡᠳᠡᠭᠳᠡᠯ ᠢ ︽ᠵᠢᠷᠤᠬᠡ ᠶᠢᠨ ᠭᠤᠤᠯ ᠤᠨ ᠰᠣᠶᠣᠯ︾ ᠭᠡᠵᠦ ᠨᠡᠷᠡᠶᠢᠳᠪᠡ᠃   

4.21.3.png

      

     

        ᠵᠢᠷᠤᠬᠡ ᠶᠢᠨ ᠭᠤᠤᠯ ᠤᠨ ᠰᠣᠶᠣᠯ ᠤᠨ ᠲᠤᠭᠳᠠᠭᠠᠬᠰᠠᠨ ᠨᠢ ᠦᠨᠦ ᠠᠴᠠ 4200 ᠵᠢᠯ ᠠᠴᠠ 3500 ᠵᠢᠯ ᠤᠨ ᠡᠮᠦᠨ᠎ᠡ᠂ ᠣᠷᠳᠣᠰ ᠢᠶᠠᠷ ᠲᠥᠪ

ᠪᠣᠯᠭᠠᠭᠰᠠᠨ ᠭᠠᠵᠠᠷ ᠣᠷᠣᠨ ᠳᠤ ᠨᠢᠭᠡ ᠰᠠᠯᠠᠭ᠎ᠠ ᠥᠪᠡᠷ ᠤᠨ ᠣᠨᠴᠠᠯᠢᠭ ᠲᠠᠢ ᠬᠥᠮᠦᠨ ᠲᠥᠷᠥᠯᠬᠢᠲᠡᠨ ᠤ ᠪᠦᠯᠦᠭᠯᠡᠯ ᠰᠠᠭᠤᠷᠢᠰᠢᠵᠦ ᠪᠠᠶᠢᠵᠡᠢ᠂  ᠲᠡᠳᠡ ᠦᠨᠦ ᠠᠴᠠ

5500 ᠵᠢᠯ ᠤᠨ ᠡᠮᠦᠨᠡᠬᠢ ᠶᠠᠩ ᠱᠣᠣ ᠶᠢᠨ ᠰᠣᠶᠣᠯ ᠤᠨ ᠰᠡᠭᠦᠯᠴᠢ ᠶᠢᠨ ᠬᠤᠭᠤᠴᠠᠭ᠎ᠠ ︵ᠬᠠᠢ ᠱᠸᠡᠭ ᠪᠥ᠋ ᠯᠠᠩ ᠤᠨ ᠰᠤᠶᠤᠯ︶ ᠲᠤᠰ ᠭᠠᠵᠠᠷ ᠣᠷᠣᠨ ᠳᠤ

ᠦᠷᠭᠦᠯᠵᠢᠯᠡᠨ ᠣᠷᠣᠰᠢᠨ ᠲᠣᠭᠲᠠᠨᠢᠵᠤ᠂ ᠬᠥᠭᠵᠢᠵᠦ ᠢᠷᠡᠭᠰᠡᠨ ᠬᠥᠮᠦᠰ ᠤᠨ ᠭᠤᠣᠯ ᠴᠣᠭᠴᠠ ᠪᠠᠷ ᠪᠦᠷᠢᠯᠳᠦᠭᠰᠡᠨ᠂ ᠬᠠᠮᠲᠤ ᠳᠤᠨᠢ ᠪᠠᠰᠠ ᠬᠡᠰᠡᠭ ᠡᠷᠭᠢᠨ

ᠲᠣᠭᠤᠷᠢᠨ ᠳᠠᠬᠢ ᠬᠡᠰᠡᠭ ᠭᠠᠵᠠᠷ ᠣᠷᠣᠨ ᠤ ᠬᠥᠮᠦᠨ ᠲᠥᠷᠥᠯᠬᠢᠲᠡᠨ ᠤ ᠪᠦᠯᠦᠭᠯᠡᠯ ᠤᠨ ᠰᠣᠶᠣᠯ ᠤᠨ ᠡᠯᠧᠮᠧᠨ᠋ᠲ ᠢ ᠰᠢᠩᠭᠡᠭᠡᠨ ᠠᠪᠴᠤ ᠤᠶᠠᠯᠳᠤᠭᠤᠯᠤᠨ᠂ ᠲᠤᠰ

ᠭᠠᠵᠠᠷ ᠣᠷᠣᠨ ᠤ ᠪᠠᠯᠠᠷ ᠡᠷᠲᠡᠨ ᠤ ᠨᠡᠶᠢᠭᠡᠮ ᠤᠨ ᠰᠡᠭᠦᠯᠴᠢ ᠦᠶ᠎ᠡ ᠶᠢᠨ ᠭᠡᠷᠡᠯ ᠰᠠᠴᠤᠷᠠᠩᠭᠤᠢ ᠲᠡᠦᠬᠡ ᠶᠢᠨ ᠬᠠᠭᠤᠳᠠᠰᠤ ᠶᠢ ᠬᠠᠮᠲᠤ ᠪᠠᠷ  ᠪᠢᠴᠢᠭᠯᠡᠵᠤ᠂ ᠡᠭᠦᠨ ᠤ

ᠬᠠᠮᠲᠤ ᠡᠷᠭᠢᠨ ᠲᠣᠭᠤᠷᠢᠨ ᠳᠠᠬᠢ ᠭᠠᠵᠠᠷ ᠣᠷᠣᠨ ᠤ ᠬᠥᠮᠦᠨ ᠲᠥᠷᠥᠯᠬᠢᠲᠡᠨ ᠤ ᠪᠦᠯᠦᠭᠯᠡᠯ ᠳᠤ ᠲᠦᠢᠯ ᠤᠨ ᠭᠦᠨ ᠭᠦᠨᠵᠡᠭᠡᠶ ᠨᠥᠯᠥᠭᠡ ᠦᠵᠡᠭᠦᠯᠵᠡᠶ ᠭᠡᠳᠡᠭ ᠢ

ᠭᠡᠷᠡᠴᠢᠯᠡᠭᠰᠡᠨ ᠪᠠᠶᠢᠨ᠎ᠠ᠃   

        ᠤᠷᠳᠤᠰ ᠬᠤᠳᠠ ᠶᠢᠨ ᠮᠦᠽᠧᠢ ᠶᠢᠨ ᠬᠦᠷᠢᠶᠡᠯᠡᠩ ᠤᠨ ᠳᠡᠳ᠋ ᠳᠠᠷᠤᠭ᠎ᠠ ᠵᠧᠨ ᠽᠢ ᠮᠢᠩ ᠤᠨ ᠲᠠᠨᠢᠯᠴᠠᠭᠤᠯᠬᠤ ᠪᠠᠷ᠂  ᠬᠠᠭᠤᠴᠢᠨ ᠴᠢᠯᠠᠭᠤᠨ ᠵᠡᠪᠰᠡᠭ

 ᠤᠨ ᠦᠶ᠎ᠡ ᠶᠢᠨ ᠡᠷᠳᠡᠨ ᠤ ᠬᠦᠮᠤᠨ ᠲᠥᠷᠥᠯᠬᠢᠲᠡᠨ ᠤ ᠮᠣᠳᠣᠨ ᠡᠭᠦᠷ ᠲᠤ ᠰᠠᠭᠤᠬᠤ᠂ ᠠᠭᠤᠢ ᠳᠤ ᠰᠠᠭᠤᠬᠤ ᠪᠠ ᠮᠠᠶᠢᠬᠠᠨ ᠪᠠᠷᠢᠵᠦ ᠰᠠᠭᠤᠬᠤ ᠠᠷᠭ᠎ᠠ ᠪᠠᠷᠢᠯ ᠤᠨ

ᠳᠠᠷᠠᠭ᠎ᠠ᠂ ᠵᠢᠷᠤᠬᠡ ᠶᠢᠨ ᠭᠤᠤᠯ ᠤᠨ ᠪᠠᠭᠤᠷᠢ ᠶᠢᠨ ᠡᠷᠲᠡᠨ ᠤ ᠰᠠᠭᠤᠭᠠᠯᠢ ᠠᠷᠠᠳ ᠨᠢᠭᠡᠨᠲᠡ ᠮᠤᠳᠤ ᠶᠠᠰᠤ ᠰᠢᠪᠠᠷ ᠬᠠᠨᠠᠨ ᠬᠡᠷᠡᠮ ᠤᠨ ᠬᠡᠯᠪᠡᠷᠢᠳᠤ ᠡᠪᠡᠰᠦᠨ

ᠣᠪᠣᠬᠠᠶ ᠶᠢᠨ ᠪᠠᠶᠢᠰᠢᠩ ᠳᠤ ᠰᠠᠭᠤᠬᠤ ᠪᠤᠯᠤᠬᠰᠡᠨ ᠪᠠᠶᠢᠨ᠎ᠠ᠃  ᠵᠢᠷᠤᠭᠡ ᠶᠢᠨ ᠭᠤᠤᠯ ᠤᠨ ᠪᠠᠭᠤᠷᠢ ᠶᠢᠨ ᠬᠠᠭᠤᠴᠢ ᠰᠤᠳᠤᠯᠤᠯ ᠢᠶᠠᠷ ᠮᠠᠯᠲᠠᠵᠤ ᠭᠠᠷᠭᠠᠭᠰᠠᠨ

ᠤᠷᠤᠨ ᠰᠠᠭᠤᠴᠠ ᠶᠢᠨ ᠪᠠᠶᠢᠰᠢᠩ ᠨᠢ ᠪᠦᠬᠦᠨ ᠢᠶᠠᠷ ᠢᠶᠠᠨ ᠳᠠᠩ ᠦᠷᠦᠭᠡᠳᠤ ᠪᠠᠷᠢᠯᠭ᠎ᠠ ᠪᠠᠶᠢᠪᠠ︔ ᠪᠠᠶᠢᠰᠢᠩ ᠤᠨ ᠤᠯᠠᠩᠬᠢ ᠨᠢ ᠬᠦᠢᠭᠡᠨ ᠨᠦᠭᠡᠨ ᠭᠡᠷ ᠮᠠᠶ᠋ᠢᠭ ᠤᠨ

ᠪᠠᠷᠢᠯᠭ᠎ᠠ ᠪᠡ ᠭᠠᠵᠠᠷ ᠲᠡᠭᠡᠷᠡᠬᠢ ᠪᠠᠷᠢᠯᠭ᠎ᠠ ᠪᠠᠶᠢᠪᠠ᠃  ᠭᠡᠷ ᠤᠨ ᠪᠠᠭᠤᠷᠢ ᠶᠢᠨ ᠬᠠᠪᠳᠠᠭᠠᠢ ᠶᠢᠨ ᠬᠡᠯᠪᠡᠷᠢ ᠨᠢ ᠮᠠᠰᠢ ᠵᠢᠭᠳᠡ᠂  ᠵᠤᠩᠬᠢᠯᠠᠬᠤ ᠨᠢ ᠲᠦᠷᠪᠡᠯᠵᠢᠨ ᠪᠤᠶᠤ

ᠤᠷᠳᠤ ᠲᠦᠷᠪᠡᠯᠵᠢᠨ ᠬᠡᠯᠪᠡᠷᠢ ᠲᠠᠢ᠃  

4.21.4.png

       

        ᠡᠭᠦᠨ ᠤ ᠬᠠᠮᠲᠤ᠂ ᠬᠠᠭᠤᠴᠢ ᠰᠤᠳᠤᠯᠭᠠᠴᠢᠳ ᠮᠠᠯᠲᠠᠵᠤ ᠭᠠᠷᠭᠠᠭᠰᠠᠨ ᠦᠯᠡᠳᠡᠭᠳᠡᠯ ᠤᠷᠤ ᠮᠦᠷ᠂ ᠡᠳ᠋ ᠦᠯᠦᠭ ᠢ ᠶᠡᠷᠦᠩᠬᠡᠢ ᠳᠤᠨᠢ ᠵᠠᠳᠠᠯᠵᠤ

ᠨᠤᠲᠠᠯᠠᠬᠰᠠᠨ ᠢᠶᠠᠷ᠂ ᠪᠠᠭᠤᠷᠢ ᠶᠢᠨ ᠴᠠᠭ ᠦᠶ᠎ᠡ ᠶᠢᠨ ᠳᠡᠭᠡᠳᠦ ᠬᠢᠵᠠᠭᠠᠷ ᠢ ᠦᠨᠦ ᠠᠴᠠ 4200 ᠵᠢᠯ ᠤᠨ ᠡᠮᠤᠨᠡᠬᠢ ᠯᠦᠩᠱᠠᠨ ᠤ ᠬᠦᠷᠡᠯ ᠪᠠᠭᠠᠵᠢ ᠶᠢᠨ ᠴᠠᠭ ᠦᠶ᠎ᠡ

 ᠶᠢᠨ ᠡᠬᠢᠨ ᠳᠤ᠂ ᠳᠣᠤᠷᠠᠳᠤ ᠬᠢᠵᠠᠭᠠᠷ ᠢ ᠨᠢ ᠬᠡᠪᠡᠯ ᠦᠨᠦ ᠠᠴᠠ 3500 ᠵᠢᠯ ᠤᠨ ᠡᠮᠤᠨᠡᠬᠢ ᠱᠠᠩ ᠤᠯᠤᠰ ᠤᠨ ᠡᠬᠢᠨ ᠤ ᠦᠶ᠎ᠡ ᠳᠤ ᠬᠦᠷᠭᠡᠵᠤ᠂ ᠤᠷᠢᠳ

ᠬᠤᠵᠢᠳ ᠪᠠᠷᠤᠭ 800 ᠵᠢᠯ ᠦᠷᠭᠦᠯᠵᠢᠯᠡᠵᠡᠶ ᠬᠡᠪᠡ᠃ 

        ᠥᠪᠥᠷ ᠮᠣᠩᠭᠤᠯ ᠳᠤ ᠢᠯᠡᠷᠡᠭᠦᠯᠦᠭᠰᠡᠨ ᠲᠤᠮᠤᠬᠠᠨ ᠬᠡᠪᠴᠢᠶᠡᠨ ᠤ ᠤᠷᠤᠨ ᠰᠠᠭᠤᠴᠨ ᠶᠢᠨ ᠪᠠᠭᠤᠷᠢ ᠨᠡᠯᠢᠶᠡᠳ ᠴᠥᠭᠡᠨ ᠪᠠᠶᠢᠳᠠᠭ᠂ ᠡᠶᠢᠮᠤ ᠠᠴᠠ ᠲᠡᠭᠦᠨ

 ᠤ ᠪᠠᠶᠢᠭᠤᠯᠤᠬᠰᠠᠨ ᠠᠷᠭ᠎ᠠ ᠮᠠᠶ᠋ᠢᠭ ᠪᠠ ᠪᠠᠶᠢᠷᠢᠰᠢᠭᠤᠯᠤᠯᠲᠠ ᠨᠢ ᠲᠤᠬᠠᠶ ᠶᠢᠨ ᠦᠶ᠎ᠡ ᠶᠢᠨ ᠬᠥᠮᠦᠰ ᠤᠨ ᠠᠮᠢᠳᠤᠷᠠᠯ ᠤᠨ ᠠᠷᠭ᠎ᠠ ᠮᠠᠶ᠋ᠢᠭ ᠢ ᠰᠤᠳᠤᠯᠬᠤ ᠳᠤ ᠮᠠᠰᠢ

ᠴᠢᠬᠤᠯᠠ ᠪᠣᠳᠠᠲᠤ ᠪᠣᠳᠠᠰ ᠤᠨ ᠮᠠᠲ᠋ᠧᠷᠢᠶᠠᠯ ᠬᠠᠩᠭᠠᠵᠠᠢ᠃ ︽ᠭᠠᠵᠠᠷ ᠠᠴᠠ ᠮᠠᠯᠳᠠᠵᠦ ᠣᠯᠳᠠᠭᠰᠠᠨ ᠣᠷᠣᠨ ᠰᠠᠭᠤᠴᠠ ᠨᠢ ᠵᠢᠷᠤᠬᠡ ᠶᠢᠨ ᠭᠤᠤᠯ ᠳᠤ ᠡᠷᠲᠡᠨ ᠤ

ᠬᠥᠮᠦᠨ ᠲᠥᠷᠥᠯᠬᠢᠲᠡᠨ ᠰᠠᠭᠤᠷᠢᠰᠢᠨ ᠠᠮᠢᠳᠤᠷᠠᠵᠤ ᠡᠬᠢᠯᠡᠭᠰᠡᠨ ᠭᠡᠳᠡᠭ ᠢ ᠬᠠᠷᠠᠭᠤᠯᠵᠤ ᠪᠠᠶᠢᠨ᠎ᠠ︾ ᠭᠡᠵᠦ ᠵᠧᠨ ᠽᠢ ᠮᠢᠩ ᠬᠡᠯᠡᠨ᠎ᠠ᠃  

4.21.5.png

       

        ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠣᠨᠴᠠ ᠤᠷᠢᠭᠰᠠᠨ ᠫᠷᠤᠹᠧᠰᠰᠤᠷ᠂ ᠳ᠋ᠣᠺᠲ᠋ᠣᠷᠠᠨᠲ ᠤᠨ ᠵᠢᠯᠣᠭᠤᠳᠣᠭᠴᠢ ᠪᠠᠭᠰᠢ᠂ ᠬᠢᠯᠢ

ᠬᠢᠵᠠᠭᠠᠷ ᠤᠨ ᠬᠠᠭᠤᠴᠢ ᠰᠤᠳᠤᠯᠤᠯ ᠤᠨ ᠬᠦᠷᠢᠶᠡᠯᠡᠩ ᠤᠨ ᠲᠠᠷᠤᠭ᠎ᠠ ᠴᠠᠩ ᠸᠧᠶ ᠵᠢᠶᠠᠨ ︽ᠵᠢᠷᠤᠬᠡ ᠶᠢᠨ ᠭᠤᠤᠯ ᠤᠨ ᠰᠣᠶᠣᠯ ᠤᠨ ᠲᠤᠬᠠᠶ ᠲᠤᠷᠰᠢᠨ ᠦᠭᠦᠯᠡᠬᠦ ᠨᠢ

︾ ᠭᠡᠬᠦ ᠵᠣᠬᠢᠶᠠᠯ ᠳᠠᠭᠠᠨ ᠲᠠᠨᠢᠯᠴᠠᠭᠤᠯᠤᠭᠰᠠᠨ ᠨᠢ᠂ ᠵᠢᠷᠤᠬᠡ ᠶᠢᠨ ᠭᠤᠤᠯ ᠤᠨ ᠪᠠᠭᠤᠷᠢ ᠠᠴᠠ ᠣᠯᠳᠠᠭᠰᠠᠨ ᠦᠯᠡᠳᠡᠭᠳᠡᠯ ᠨᠢ ᠪᠠᠶᠠᠯᠢᠭ ᠠᠭᠤᠯᠬᠤᠨ ᠲᠠᠢ᠂ ᠣᠨ

ᠵᠢᠯ ᠤᠨ ᠠᠯᠭᠠᠰᠠᠯ ᠶᠡᠭᠡ᠂ ᠸᠠᠭᠠᠷ ᠰᠠᠪᠠ ᠶᠢᠨ ᠰᠦᠷᠦᠭᠵᠢᠯ ᠨᠢ ᠦᠵᠡᠬᠦ ᠳᠤ ᠠᠳᠠᠯᠢ ᠪᠤᠰᠤ ᠣᠨᠴᠠᠯᠢᠭ ᠲᠠᠢ ᠰᠠᠪᠠ ᠬᠡᠷᠡᠭᠰᠡᠯ ᠤᠨ ᠴᠤᠬᠯᠠᠷᠠᠯ ᠢ ᠠᠭᠤᠯᠵᠤ ᠪᠠᠶᠢᠳᠠᠭ

᠃ ᠨᠠᠷᠢᠪᠴᠢᠯᠠᠨ ᠰᠢᠨᠵᠢᠯᠡᠪᠡᠯ᠂ ᠠᠳᠠᠯᠢ ᠪᠤᠰᠤ ᠸᠠᠭᠠᠷ ᠰᠠᠪᠠ ᠶᠢᠨ ᠴᠤᠬᠯᠠᠷᠠᠯ ᠨᠢ ᠬᠤᠭᠤᠷᠣᠨᠳᠣ ᠪᠠᠨ ᠨᠢᠭᠲᠠ ᠬᠤᠯᠪᠤᠯᠳᠤᠬᠰᠠᠨ ᠬᠠᠷᠢᠴᠠᠭ᠎ᠠ ᠲᠠᠢ ᠪᠠᠶᠢᠵᠦ᠂

ᠲᠡᠭᠦᠨ ᠤ ᠢᠯᠡᠷᠡᠭᠦᠯᠦᠯᠳᠠ ᠨᠢ ᠠᠳᠠᠯᠢ ᠨᠢᠭᠡᠨ ᠬᠠᠭᠤᠴᠢ ᠰᠤᠳᠤᠯᠤᠯ ᠤᠨ ᠰᠣᠶᠣᠯ ᠢ ᠢᠯᠡᠷᠡᠭᠦᠯᠵᠤ ᠪᠠᠶᠢᠬᠤ ᠶᠣᠰᠣᠲᠠᠢ᠂ ᠡᠨᠡ ᠨᠢ ᠪᠠᠰᠠ ᠵᠢᠷᠤᠬᠡ ᠶᠢᠨ ᠭᠤᠤᠯ ᠤᠨ

ᠪᠠᠭᠤᠷᠢ ᠶᠢᠨ ᠬᠠᠮᠤᠭ ᠤᠨ ᠦᠪᠡᠷᠮᠢᠴᠠ ᠣᠨᠴᠠᠯᠢᠭ ᠲᠠᠢ ᠰᠣᠶᠣᠯ ᠤᠨ ᠠᠭᠤᠯᠬᠤᠨ ᠤ ᠨᠢᠭᠡ ᠮᠦᠨ ᠬᠡᠪᠡ᠃  

        2. ᠮᠠᠨ ᠤ ᠤᠯᠤᠰ ᠠᠴᠠ ᠤᠳᠤᠬᠠᠨ ᠪᠤᠯᠳᠠᠯ᠎ᠠ ᠢᠯᠡᠷᠡᠭᠦᠯᠦᠭᠰᠡᠨ ᠬᠠᠮᠤᠭ ᠡᠷᠲᠡᠨ ᠤ ᠬᠦᠷᠡᠯ ᠰᠡᠯᠡᠮ᠎ᠡ    

        ᠵᠢᠷᠤᠬᠡ ᠶᠢᠨ ᠭᠤᠤᠯ ᠤᠨ ᠪᠠᠭᠤᠷᠢ ᠠᠴᠠ ᠣᠯᠳᠠᠭᠰᠠᠨ ᠬᠦᠷᠡᠯ ᠵᠡᠪᠰᠡᠭ ᠤᠨ ᠲᠥᠷᠥᠯ ᠵᠦᠢᠯ ᠨᠢ ᠤᠯᠠᠨ᠂ ᠬᠦᠷᠡᠯ ᠵᠡᠪᠰᠡᠭ᠂ ᠬᠦᠷᠡᠯ ᠢᠯᠳᠦ᠂ ᠣᠬᠤᠷ

ᠰᠡᠯᠡᠮ᠎ᠡ ᠵᠡᠷᠭᠡ ᠪᠤᠢ᠃ ᠬᠤᠳᠤᠶᠢᠬᠰᠡᠨ ᠬᠤᠪᠢᠯ ᠲᠠᠢ ᠬᠦᠷᠡᠯ ᠣᠬᠤᠷ ᠰᠡᠯᠡᠮ᠎ᠡ ᠪᠣᠯ ᠦᠨᠦ ᠪᠣᠯᠲᠠᠯ᠎ᠠ ᠮᠠᠨ ᠤ ᠤᠯᠤᠰ ᠠᠴᠠ ᠣᠯᠳᠠᠭᠰᠠᠨ ᠬᠠᠮᠤᠭ ᠡᠷᠲᠡᠨ ᠤ ᠬᠦᠷᠡᠯ

ᠰᠡᠯᠡᠮ᠎ᠡ ᠪᠠᠶᠢᠵᠦ᠂ ᠡᠨᠡ ᠬᠦ ᠬᠦᠷᠡᠯ ᠰᠡᠯᠡᠮ᠎ᠡ ᠶᠢ ︽ᠳᠤᠮᠳᠠᠳᠤ ᠤᠯᠤᠰ ᠤᠨ ᠠᠩᠬᠠᠨ ᠤ ᠰᠡᠯᠡᠮ᠎ᠡ︾ ᠭᠡᠵᠦ ᠶᠠᠷᠢᠳᠠᠭ᠃  

      

4.21.6.png

       

        ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠤᠬᠡ ᠶᠢᠨ ᠲᠤᠷᠠᠰᠬᠠᠯᠳᠤ ᠵᠦᠢᠯ ᠪᠡ ᠬᠠᠭᠤᠴᠢ ᠰᠤᠳᠤᠯᠤᠯ ᠤᠨ ᠭᠠᠵᠠᠷ  ᠤᠨ ᠰᠤᠳᠤᠯᠭᠠᠳᠡᠨ

ᠳ᠋ᠠᠩ ᠢᠦᠶ ᠶᠢᠨ ᠲᠠᠨᠢᠯᠴᠠᠭᠤᠯᠬᠤ ᠪᠠᠷ᠂ ᠵᠦᠡᠭᠶᠤᠸᠡᠨ ᠣᠷᠣᠨ ᠤ ᠬᠦᠷᠡᠯ ᠪᠠᠭᠠᠵᠢ ᠪᠣᠯ ᠶᠣᠰᠣᠯᠠᠯ ᠤᠨ ᠪᠠᠭᠠᠵᠢ ᠪᠠᠷ ᠭᠤᠤᠯᠯᠠᠵᠤ᠂ ᠬᠠᠷᠢᠨ ᠤᠮᠠᠷᠠᠲᠤ ᠣᠷᠣᠨ ᠤ

ᠬᠦᠷᠡᠯ ᠪᠠᠭᠠᠵᠢ ᠨᠢ ᠵᠡᠷ ᠵᠡᠪᠰᠡᠭ ᠪᠠ ᠴᠢᠮᠡᠭᠯᠡᠯ ᠤᠨ ᠡᠳ᠋ ᠪᠠᠷ ᠭᠤᠤᠯᠯᠠᠵᠤ ᠪᠠᠶᠢᠳᠠᠭ᠃ ᠬᠦᠷᠡᠯ ᠪᠠᠭᠠᠵᠢ ᠶᠢᠨ ᠦᠶ᠎ᠡ ᠠᠴᠠ ᠲᠡᠮᠤᠷ ᠪᠠᠭᠠᠵᠢ ᠶᠢᠨ ᠡᠬᠢᠨ ᠤ ᠦᠶ᠎ᠡ

ᠬᠦᠷᠲᠡᠯ᠎ᠡ᠂ ᠤᠷᠳᠤ ᠴᠠᠭᠠᠨ ᠬᠡᠷᠡᠮ ᠳᠠᠭᠠᠤ ᠣᠷᠣᠨ ᠤ ᠡᠯ᠎ᠡ ᠰᠣᠶᠣᠯ ᠤᠨ ᠬᠤᠭᠤᠷᠣᠨᠳᠣᠬᠢ ᠰᠣᠯᠢᠯᠴᠠᠭ᠎ᠠ ᠥᠷᠭᠡᠨ ᠳᠡᠯᠭᠡᠷ ᠪᠠᠶᠢᠵᠤ᠂ ᠴᠢᠨᠠᠭᠰᠢᠯᠠᠨ ᠲᠥᠪ ᠠᠽᠢᠶ᠎ᠠ

᠂ ᠪᠠᠷᠠᠭᠤᠨ ᠠᠽᠢᠶ᠎ᠠ ᠶᠢᠨ ᠭᠠᠵᠠᠷ ᠣᠷᠣᠨ ᠲᠠᠢ ᠮᠠᠰᠢ ᠣᠯᠠᠨ ᠬᠤᠯᠪᠤᠭ᠎ᠠ ᠶᠢ ᠪᠤᠢ ᠪᠣᠯᠭᠠᠵᠤ᠂ ᠲᠠᠯ᠎ᠠ ᠨᠤᠲᠤᠭ ᠤᠨ ᠲᠣᠷᠭᠠᠨ ᠵᠠᠮ ᠤᠨ ᠡᠬᠢᠨ ᠤ ᠦᠶ᠎ᠡ ᠶᠢᠨ ᠬᠦᠷᠡᠯ

ᠪᠠᠭᠠᠵᠢ ᠶᠢᠨ ᠵᠠᠮ ᠱᠤᠭᠤᠮ ᠢ ᠪᠦᠷᠢᠯᠳᠦᠭᠦᠯᠪᠡ᠃ ᠡᠭᠦᠨ ᠤ ᠳᠠᠭᠠᠤ᠂ ᠤᠷᠲᠤ ᠴᠠᠭᠠᠨ ᠬᠡᠷᠡᠮ ᠳᠠᠭᠠᠤ ᠡᠯ᠎ᠡ ᠭᠠᠵᠠᠷ ᠣᠷᠣᠨ ᠤ ᠡᠯ᠎ᠡ ᠬᠥᠮᠦᠰ ᠤᠨ ᠠᠭᠤᠰᠤᠯᠴᠠᠯ ᠢ

ᠴᠢᠩᠭᠠᠳᠬᠠᠵᠡᠢ ᠭᠡᠪᠡ᠃  

        ᠰᠦᠨ ᠶᠢᠨ ᠰᠦᠩ᠂ ᠳ᠋ᠠᠩ ᠢᠦᠢ ᠶᠢᠨ ᠲᠤᠭᠤᠷᠪᠢᠬᠰᠠᠨ ︽ᠥᠪᠥᠷ ᠮᠣᠩᠭᠤᠯ ᠤᠨ ᠬᠦᠷᠡᠯ ᠪᠠᠭᠠᠵᠢ ᠶᠢᠨ ᠦᠶ᠎ᠠ ᠶᠢᠨ ᠬᠠᠭᠤᠴᠢ ᠰᠤᠳᠤᠯᠤᠯ ᠤᠨ

ᠶᠡᠷᠦᠩᠬᠡᠶ ᠲᠤᠭᠠᠴᠠᠯᠳᠡ︾ ᠳᠤ ᠬᠡᠯᠡᠭᠰᠡᠨ ᠢᠶᠠᠷ᠂ ᠵᠢᠷᠤᠬᠡ ᠶᠢᠨ ᠭᠤᠤᠯ ᠤᠨ ᠪᠠᠭᠤᠷᠢ ᠶᠢᠨ ᠲᠤᠬᠠᠶ ᠬᠦᠨᠵᠡᠬᠡᠢ ᠰᠤᠳᠤᠯᠭᠠᠨ ᠵᠢᠴᠢ ᠡᠮᠦᠨᠡᠲᠦ ᠤᠷᠤᠰᠬᠠᠯ ᠤᠨ ᠬᠠᠲᠤᠨ

ᠭᠤᠣᠯ ᠤᠨ ᠬᠤᠶᠠᠷ ᠡᠷᠭᠢ ᠶᠢᠨ ᠭᠠᠵᠠᠷ ᠤᠨ ᠦᠯᠡᠳᠡᠭᠳᠡᠯ ᠢ ᠴᠢᠨᠠᠬᠰᠢᠳᠠ ᠭᠦᠨᠵᠡᠭᠡᠶ ᠰᠤᠳᠤᠯᠬᠤ ᠶᠢ ᠲᠠᠭᠠᠯᠳᠤᠨ᠂ ᠡᠷᠳᠡᠮ ᠰᠢᠨᠵᠢᠯᠡᠭᠡᠨ ᠤ ᠬᠢᠨ ᠦᠨᠳᠦᠰᠦᠨ ᠳᠡᠭᠡᠨ

ᠮᠣᠭᠠᠶ ᠬᠡ ᠲᠠᠢ ᠲᠤᠯᠭ᠎ᠠ ᠲᠤᠭᠤᠭ᠎ᠠ᠂ ᠲᠣᠪᠴᠢ ᠲᠠᠢ ᠲᠤᠯᠭ᠎ᠠ ᠲᠤᠭᠤᠭ᠎ᠠ᠂ ᠬᠤᠸᠠᠷᠯᠠᠬᠰᠠᠨ ᠬᠥᠪᠡᠭᠡ ᠲᠠᠢ ᠲᠤᠯᠭ᠎ᠠ ᠲᠤᠭᠤᠭ᠎ᠠ ᠪᠤᠶᠤ ᠸᠠᠭᠠᠷ ᠰᠠᠪᠠ᠂

ᠭᠠᠳᠤᠷ᠎ᠠ ᠶᠢᠨ ᠬᠡᠯᠪᠡᠷᠢ ᠲᠠᠢ ᠰᠠᠷᠠᠯᠵᠢᠳᠤ ᠲᠤᠭᠤᠭ᠎ᠠ᠂ ᠭᠤᠷᠪᠠᠨ ᠬᠥᠯ ᠲᠠᠢ ᠪᠣᠳᠣᠩ᠂ ᠣᠭᠲᠣᠯᠤᠭᠠᠰᠤ ᠨᠢ ᠲᠠᠩ ᠴᠡᠭ ᠬᠡᠯᠪᠡᠷᠢᠳᠡᠢ ᠴᠢᠯᠠᠭᠤᠨ ᠬᠢᠲᠤᠭ᠎ᠠ ᠪᠠ

ᠤᠮᠠᠷᠠᠲᠤ ᠣᠷᠣᠨ ᠤ ᠬᠦᠷᠡᠯ ᠵᠡᠪᠰᠡᠭ ᠤᠨ ᠡᠬᠢᠨ ᠤ ᠦᠶ᠎ᠡ ᠶᠢᠨ ᠬᠡᠪ ᠮᠠᠶ᠋ᠢᠭ ᠪᠦᠬᠦᠢ ᠵᠡᠪᠡ᠂ ᠣᠬᠤᠷ ᠰᠡᠯᠡᠮ᠎ᠡ᠂ ᠬᠢᠲᠤᠭ᠎ᠠ ᠵᠡᠷᠭᠡ ᠨᠡᠶᠢᠲᠡᠯᠢᠭ ᠣᠨᠴᠠᠯᠢᠭ ᠲᠠᠢ

ᠵᠢᠷᠤᠬᠡ ᠶᠢᠨ ᠭᠤᠤᠯ ᠤᠨ ᠰᠣᠶᠣᠯ ᠤᠨ ᠠᠭᠤᠯᠬᠤᠨ ᠢ ᠢᠯᠭᠠᠨ ᠲᠠᠨᠢᠬᠰᠠᠨ ᠨᠢ ᠯᠦᠩᠱᠠᠨ ᠤ ᠰᠣᠶᠣᠯ ᠠᠴᠠ ᠡᠷᠲᠡ ᠦᠶ᠎ᠡ ᠶᠢᠨ ᠬᠦᠷᠡᠯ ᠪᠠᠭᠠᠵᠢ ᠶᠢᠨ ᠰᠤᠶᠤᠯ

ᠤᠷᠤᠭᠤ ᠰᠢᠯᠵᠢᠭᠰᠡᠨ  ᠴᠠᠭ ᠦᠶ᠎ᠡ ᠶᠢᠨ ᠬᠤᠭᠤᠰᠤᠨ ᠢ ᠨᠥᠬᠦᠪᠥᠷᠢᠯᠡᠪᠡ ᠭᠡᠵᠠᠢ᠃

     

4.21.7.png

        ᠳ᠋ᠠᠩ ᠢᠦᠶ ᠪᠠᠰᠠ ᠲᠠᠨᠢᠯᠴᠠᠭᠤᠯᠬᠤ ᠳᠠᠭᠠᠨ᠂ ᠥᠪᠥᠷ ᠮᠣᠩᠭᠤᠯ ᠤᠨ ᠳᠤᠮᠳᠠ ᠡᠮᠦᠨᠡᠲᠦ ᠬᠡᠰᠡᠭ ᠤᠨ ᠭᠠᠵᠠᠷ ᠣᠷᠣᠨ ᠤ ᠵᠢᠷᠤᠬᠡ ᠵᠢᠨ‌ᠭᠤᠤᠯ ᠤᠨ ᠰᠣᠶᠣᠯ᠂

ᠰᠢ ᠴᠠ ᠶᠢᠨ ᠰᠣᠶᠣᠯ ᠤᠨ ᠴᠠᠭ ᠦᠶ᠎ᠡ ᠨᠢ ᠱᠠᠩ ᠤᠯᠤᠰ ᠠᠴᠠ ᠪᠠᠷᠠᠭᠤᠨ ᠵᠧᠤ ᠤᠯᠤᠰ ᠤᠨ ᠡᠬᠢᠨ ᠤ ᠦᠶ᠎ᠡ ᠳᠤ ᠬᠠᠷᠢᠶᠠᠯᠠᠬᠳᠠᠳᠠᠭ᠃ ᠲᠤᠰ ᠭᠠᠵᠠᠷ ᠣᠷᠣᠨ ᠨᠢ

ᠱᠠᠩ ᠵᠧᠦ ᠶᠢᠨ ᠰᠣᠶᠣᠯ ᠤᠨ ᠨᠦᠯᠦᠭᠡᠯᠡᠯ ᠢᠶᠠᠷ᠂ ᠬᠦᠢ ᠹᠠᠨᠭ᠌᠂ ᠲᠤ ᠹᠠᠨᠭ᠌ ᠤᠨ ᠬᠦᠷᠰᠢ ᠤᠯᠤᠰ ᠤᠨ ᠪᠤᠯᠪᠠᠰᠤᠨ ᠨᠤᠳᠤᠭ ᠤᠨ ᠰᠤᠶᠤᠯ ᠢᠶᠠᠷ ᠭᠤᠤᠯ ᠪᠤᠯᠭᠠᠵᠤ᠂

ᠱᠠᠩ ᠤᠨ ᠰᠤᠶᠤᠯ ᠤᠨ ᠸᠠᠭᠠᠷ ᠬᠢᠴᠨ ᠲᠠᠢ ᠲᠤᠳᠤᠷᠭᠠᠨ ᠰᠠᠪᠠ᠂ ᠬᠦᠷᠡᠯ ᠤᠴᠤᠬᠳᠤ ᠬᠤᠨᠳᠠᠭ᠎ᠠ ᠶᠢᠨ ᠬᠠᠭᠠᠷᠬᠠᠢ ᠬᠡᠯᠲᠡᠷᠬᠡᠶ᠂ ᠬᠦᠷᠡᠯ ᠰᠡᠷᠪᠡᠬᠡᠳᠤ ᠵᠢᠳᠠ᠂

ᠲᠡᠷᠬᠡᠨ ᠤ ᠬᠤᠨᠭ᠍ᠬᠤ ᠵᠡᠷᠬᠡ ᠶᠢ ᠢᠯᠡᠷᠡᠬᠦᠯᠵᠦ᠂ ᠱᠠᠨᠪᠧᠶ ᠶᠢᠨ ᠤᠮᠠᠷᠠᠳᠤ ᠬᠡᠰᠡᠭ᠂ ᠱᠠᠨ ᠰᠢ ᠶᠢᠨ ᠬᠤᠶᠢᠲᠤ ᠬᠡᠰᠡᠭ ᠠᠴᠠ ᠢᠯᠡᠷᠡᠭᠦᠯᠦᠭᠰᠡᠨ ᠯᠢ ᠵᠢᠶᠠ ᠶᠠ ᠶᠢᠨ

ᠪᠠᠭᠤᠷᠢ᠂ ᠯᠢᠦ ᠯᠢᠨ ᠤ ᠭᠤᠤ ᠬᠤᠩ ᠤᠨ ᠪᠠᠭᠤᠷᠢ ᠲᠠᠢ ᠬᠠᠮᠲᠤ ᠪᠠᠷ ᠰᠢᠶᠠ ᠱᠠᠩ ᠤᠨ ᠰᠣᠶᠣᠯ ᠤᠨ ᠲᠥᠪ ᠣᠷᠣᠨ ᠲᠠᠢ ᠲᠡᠩᠴᠡᠵᠤ  ᠪᠣᠯᠬᠤ ᠬᠦᠷᠰᠢ ᠤᠯᠤᠰ ᠤᠨ

ᠪᠣᠯᠪᠠᠰᠤᠨ ᠢ ᠪᠦᠷᠢᠯᠳᠦᠭᠦᠯᠵᠡᠢ᠃ ᠵᠢᠷᠤᠬᠡ ᠶᠢᠨ ᠭᠤᠤᠯ ᠤᠨ ᠦᠯᠡᠳᠡᠭᠳᠡᠯ ᠠᠴᠠ ᠣᠯᠳᠠᠭᠰᠠᠨ ᠬᠦᠷᠡᠯ  ᠪᠠᠭᠠᠵᠢ ᠳᠤ ᠣᠬᠤᠷ ᠰᠡᠯᠡᠮ᠎ᠡ᠂ ᠠᠰᠬᠠᠨ ᠪᠠᠷᠢᠭᠤᠯᠲᠤ

ᠬᠢᠲᠤᠭ᠎ᠠ᠂ ᠭᠠᠷ ᠪᠠᠭᠤᠤ᠂ ᠡᠭᠡᠮᠦᠭ᠂ ᠪᠦᠯᠡᠵᠡᠭ᠂ ᠵᠡᠭᠦᠦ᠂ ᠱᠣᠪᠣᠭᠤᠷ ᠵᠡᠷᠭᠡ ᠨᠡᠯᠢᠶᠡᠳ ᠡᠷᠲᠡᠨ ᠤ ᠤᠮᠠᠷᠠᠲᠤ ᠶᠢᠨ ᠬᠠᠮ ᠬᠦᠷᠡᠯ ᠪᠠᠭᠠᠵᠢ ᠨᠤᠭᠤᠳ ᠢᠯᠡᠷᠡᠵᠤ᠂

ᠳᠤᠮᠳᠠᠳᠤ ᠤᠯᠤᠰ ᠤᠨ ᠤᠮᠠᠷᠠᠲᠤ ᠶᠢᠨ ᠬᠦᠷᠡᠯ  ᠪᠠᠭᠠᠵᠢ ᠶᠢᠨ ᠡᠬᠦᠰᠦᠯ ᠪᠠ ᠬᠦᠭᠵᠢᠯᠳᠠ ᠶᠢ ᠬᠠᠶᠢᠨ ᠰᠦᠪᠡᠭᠴᠢᠯᠡᠬᠦ ᠳᠤ ᠪᠣᠳᠠᠲᠤ ᠮᠠᠲ᠋ᠧᠷᠢᠶᠠᠯ ᠬᠠᠩᠭᠠᠭᠰᠠᠨ

ᠪᠠᠶᠢᠨ᠎ᠠ᠃  

        3. ᠲᠠᠷᠢᠶᠠᠯᠠᠬᠤ ᠠᠴᠠ ᠬᠠᠭᠠᠰ ᠲᠠᠷᠢᠶᠠᠯᠠᠬᠤ ᠬᠠᠭᠠᠰ ᠮᠠᠯᠵᠢᠬᠤ ᠠᠵᠤ ᠠᠬᠤᠶ ᠵᠦᠭ ᠬᠥᠭᠵᠢᠭᠰᠡᠨ ᠨᠢ   

        ᠣᠷᠳᠣᠰ ᠬᠤᠲᠠ ᠶᠢᠨ ᠮᠦᠽᠧᠶ ᠶᠢᠨ ᠬᠦᠷᠢᠶᠠᠯᠠᠩ ᠤᠨ ᠵᠢᠷᠤᠬᠡ ᠶᠢᠨ ᠭᠤᠤᠯ ᠤᠨ ᠦᠵᠡᠭᠦᠯᠭᠡ ᠶᠢᠨ ᠲᠤᠭᠤᠷᠢᠭ ᠲᠤ᠂ ᠵᠢᠷᠤᠬᠡ ᠶᠢᠨ ᠭᠤᠤᠯ ᠤᠨ

ᠪᠠᠭᠤᠷᠢ ᠠᠴᠠ ᠮᠠᠯᠲᠠᠨ ᠭᠠᠷᠭᠠᠭᠰᠠᠨ ᠶᠡᠭᠡ ᠬᠡᠮᠵᠢᠶᠡᠨ ᠤ ᠬᠦᠷᠡᠯ ᠪᠠᠭᠠᠵᠢ᠂ ᠴᠢᠯᠠᠭᠤᠨ ᠬᠠᠳᠤᠭᠤᠷ᠂ ᠸᠠᠭᠠᠷ ᠲᠤᠯᠭ᠎ᠠ ᠲᠤᠭᠤᠭ᠎ᠠ᠂ ᠸᠠᠭᠠᠷ ᠰᠠᠷᠠᠯᠵᠢᠳᠤ ᠲᠤᠭᠤᠭ᠎ᠠ᠂

ᠭᠤᠷᠪᠠᠨ ᠬᠥᠯᠲᠦ ᠪᠣᠳᠣᠩ ᠵᠡᠷᠭᠡ ᠨᠢ ᠲᠤᠬᠠᠢ ᠶᠢᠨ ᠦᠶ᠎ᠠ ᠶᠢᠨ ᠵᠢᠷᠤᠬᠡ ᠶᠢᠨ  ᠭᠤᠤᠯ ᠤᠨ ᠬᠦᠮᠤᠰ ᠲᠠᠷᠢᠶᠠᠯᠠᠩ ᠢᠶᠠᠷ ᠭᠤᠣᠯ ᠪᠣᠯᠭᠠᠵᠤ᠂ ᠭᠡᠷ ᠤᠨ

ᠲᠡᠵᠢᠭᠡᠪᠦᠷᠢ ᠶᠢᠨ ᠦᠢᠯᠡᠰ᠂ ᠭᠠᠷ ᠦᠢᠯᠡᠳᠪᠦᠷᠢᠯᠡᠯ ᠤᠨ ᠦᠢᠯᠡᠰ᠂ ᠨᠡᠷᠡᠮᠡᠯ ᠠᠷᠢᠬᠢᠨ ᠤ ᠦᠢᠯᠡᠰ ᠲᠠᠢ ᠪᠤᠯᠵᠤ᠂ ᠰᠡᠭᠦᠯᠴᠢ ᠶᠢᠨ ᠦᠶ᠎ᠡ ᠳᠡᠭᠡᠨ ᠬᠦᠷᠡᠯ

ᠬᠠᠶᠢᠯᠤᠭᠤᠯᠬᠤ ᠮᠡᠷᠭᠡᠵᠢᠯ ᠢ ᠨᠢᠬᠡᠨᠳᠡ ᠡᠵᠡᠮᠰᠢᠭᠰᠡᠨ ᠬᠡᠳᠡᠭ ᠢ ᠬᠠᠷᠠᠭᠤᠯᠵᠡᠢ᠃  

        ᠮᠣᠭᠠᠶ ᠬᠡ ᠲᠠᠢ ᠲᠤᠯᠭ᠎ᠠ ᠲᠤᠭᠤᠭ᠎ᠠ ᠪᠤᠯ ᠵᠢᠷᠤᠬᠡ ᠶᠢᠨ ᠭᠤᠤᠯ ᠤᠨ ᠪᠠᠭᠤᠷᠢ ᠶᠢᠨ ᠥᠪᠡᠷᠮᠢᠴᠡ ᠣᠨᠴᠠᠯᠢᠭ ᠲᠠᠢ ᠪᠠᠭᠠᠵᠢ ᠬᠡᠷᠡᠭᠰᠡᠯ ᠳᠣᠲᠣᠷᠠᠬᠢ 

ᠨᠡᠶᠢᠲᠡᠯᠢᠭ ᠴᠢᠨᠠᠷ ᠲᠠᠢ ᠲᠦᠯᠦᠭᠡᠯᠡᠬᠦ ᠰᠠᠪᠠ ᠬᠡᠷᠡᠭᠰᠡᠯ ᠪᠤᠯᠤᠨ᠎ᠠ᠃ ᠰᠠᠪᠠ ᠬᠡᠷᠡᠭᠰᠡᠯ ᠨᠢ ᠨᠠᠷᠢᠨ ᠨᠢᠬᠳᠠ ᠳᠡᠭᠡᠰᠦᠨ ᠬᠡ ᠲᠠᠢ᠂ ᠳᠡᠭᠡᠰᠦᠨ ᠭᠡ ᠲᠡᠭᠡᠷ᠎ᠡ ᠰᠢᠯᠤᠭᠤᠨ

ᠱᠤᠭᠤᠮ᠂ ᠲᠠᠬᠢᠷ ᠱᠤᠭᠤᠮ ᠤᠨ ᠬᠡᠯᠪᠡᠷᠢ ᠲᠠᠢ ᠰᠢᠪᠠᠷ ᠢᠶᠠᠷ ᠭᠡ ᠶᠢ ᠴᠢᠮᠡᠭᠯᠡᠵᠤ᠂  ᠬᠠᠷᠠᠬᠤ ᠳᠤ ᠮᠦᠯᠭᠦᠭᠴᠢ ᠮᠤᠭᠠᠢ ᠲᠠᠢ ᠠᠳᠠᠯᠢᠪᠳᠤᠷ ᠪᠠᠶᠢᠨ᠎ᠠ᠃ 

        ᠣᠷᠳᠣᠰ ᠬᠤᠲᠠ ᠶᠢᠨ ᠮᠦᠽᠧᠶ ᠶᠢᠨ ᠬᠦᠷᠢᠶᠠᠯᠠᠩ ᠤᠨ ᠳᠡᠳ᠋ ᠳᠠᠷᠤᠭ᠎ᠠ ᠵᠧᠨ ᠽᠢ ᠮᠢᠩ ᠤᠨ ᠲᠠᠨᠢᠯᠴᠠᠭᠤᠯᠬᠤ ᠪᠠᠷ᠂ ᠵᠢᠷᠤᠬᠡ ᠶᠢᠨ ᠭᠤᠤᠯ ᠤᠨ ᠪᠠᠭᠤᠷᠢ

ᠪᠣᠯ ᠮᠣᠭᠠᠶ ᠬᠡ ᠲᠠᠢ ᠲᠤᠯᠭ᠎ᠠ ᠲᠤᠭᠤᠭ᠎ᠠ ᠶᠢᠨ ᠡᠭᠦᠰᠦᠯ ᠭᠠᠵᠠᠷ ᠮᠦᠨ᠂ ᠮᠣᠭᠠᠢ ᠬᠡ ᠲᠠᠢ ᠲᠤᠯᠭ᠎ᠠ ᠲᠤᠭᠤᠭ᠎ᠠ ᠨᠢ ᠭᠠᠵᠠᠷ ᠣᠷᠣᠨ ᠤ ᠣᠨᠴᠠᠯᠢᠭ ᠲᠠᠢ᠂ ᠴᠠᠭ

ᠦᠶ᠎ᠡ ᠶᠢᠨ ᠤᠨᠴᠠᠯᠢᠭ ᠲᠠᠢ᠂  ᠰᠡᠭᠦᠯᠡᠷ ᠨᠢ ᠰᠢᠪᠧᠷᠢᠶ᠎ᠠ ᠪᠠ ᠪᠠᠶᠢᠭᠠᠯ ᠨᠠᠭᠤᠷ ᠬᠦᠷᠳᠡᠯ᠎ᠡ ᠤᠯᠠᠮᠵᠢᠯᠠᠬᠳᠠᠵᠦ᠂  ᠲᠡᠷᠨ ᠪᠤᠯ ᠣᠷᠳᠣᠰ ᠤᠨ ᠲᠡᠦᠬᠡ ᠰᠣᠶᠣᠯ ᠪᠠ

ᠠᠮᠢᠳᠤᠷᠠᠯ ᠤᠨ ᠵᠠᠩ ᠳᠠᠳᠬᠠᠯ ᠢ ᠰᠤᠳᠤᠯᠬᠤ ᠴᠢᠬᠤᠯᠠ ᠪᠣᠳᠠᠲᠤ ᠮᠠᠲ᠋ᠧᠷᠢᠶᠠᠯ ᠮᠦᠨ ᠬᠡᠪᠡ᠃ 

        ᠪᠠᠭᠤᠷᠢ ᠠᠴᠠ ᠤᠷᠳᠤᠰ ᠤᠨ ᠬᠠᠮᠤᠭ ᠡᠷᠲᠡᠨ ᠤ ᠬᠠᠳᠤᠭᠤᠷ - ᠭᠢᠯᠦᠭᠡᠷ ᠬᠠᠳᠤᠭᠤᠷ ᠢ ᠮᠠᠯᠳᠠᠨ ᠭᠠᠷᠭᠠᠵᠦ᠂ 4000 ᠵᠢᠯ ᠤᠨ ᠡᠮᠦᠨᠡᠬᠢ ᠵᠢᠷᠤᠬᠡ ᠶᠢᠨ

ᠭᠤᠤᠯ ᠳᠤ ᠠᠮᠢᠳᠤᠷᠠᠵᠤ ᠪᠠᠶᠢᠬᠰᠠᠨ ᠬᠦᠮᠦᠰ ᠨᠢᠭᠡᠨᠲᠡ ᠴᠢᠯᠠᠭᠤᠨ ᠬᠠᠳᠤᠭᠤᠷ ᠢᠶᠠᠷ ᠲᠠᠷᠢᠶᠠᠯᠠᠩ ᠤᠨ ᠲᠠᠷᠢᠮᠠᠯ ᠢ ᠬᠠᠳᠤᠬᠤ ᠪᠤᠯᠵᠤ᠂ ᠲᠤᠬᠠᠶ ᠶᠢᠨ ᠦᠶ᠎ᠡ ᠶᠢᠨ

ᠲᠠᠷᠢᠶᠠᠯᠠᠩ ᠠᠵᠤ ᠠᠬᠤᠶ ᠶᠢᠨ ᠬᠥᠭᠵᠢᠯᠲᠡ ᠲᠠᠢ ᠪᠠᠶᠢᠬᠰᠠᠨ ᠢ ᠬᠠᠷᠠᠭᠤᠯᠵᠡᠢ᠃ ᠬᠠᠷᠢᠨ ᠠᠷᠢᠬᠢ ᠰᠠᠪᠠᠯᠠᠳᠠᠭ ᠸᠠᠭᠠᠷ ᠬᠤᠪᠢᠡᠭ ᠪᠠ ᠠᠷᠢᠬᠢ ᠤᠤᠭᠤᠳᠠᠭ ᠸᠠᠭᠠᠷ

ᠴᠣᠮᠣ ᠨᠢ ᠵᠢᠷᠤᠬᠡ ᠶᠢᠨ ᠭᠤᠤᠯ ᠤᠨ ᠡᠷᠲᠡᠨ ᠤ ᠬᠥᠮᠦᠨ ᠲᠦᠷᠦᠯᠬᠢᠳᠡᠨ ᠤ ᠲᠠᠷᠢᠶᠠᠯᠠᠩ ᠨᠡᠯᠢᠶᠡᠳ ᠬᠥᠭᠵᠢᠵᠦ᠂ ᠠᠮᠤ ᠪᠤᠳᠠᠭ᠎ᠠ ᠨᠢ ᠦᠨᠳᠦᠰᠦᠨ ᠳᠡᠭᠡᠨ ᠰᠠᠭᠤᠭᠠᠯᠢ

ᠠᠷᠠᠳ ᠤᠨ ᠠᠮᠢᠳᠤᠷᠠᠯ ᠤᠨ ᠬᠡᠷᠡᠭᠴᠡᠭᠡ ᠶᠢ ᠬᠠᠩᠭᠠᠵᠤ ᠲᠠᠶᠢᠯᠵᠤ᠂ ᠢᠯᠡᠭᠦᠴᠡ ᠠᠮᠤ ᠪᠤᠳᠠᠭ᠎ᠠ ᠪᠠᠷ ᠢᠶᠠᠨ ᠠᠮᠳᠠᠳᠤ ᠠᠷᠢᠬᠢ ᠨᠡᠷᠡᠵᠤ ᠪᠠᠶᠢᠬᠰᠡᠨ ᠢ ᠬᠠᠷᠠᠭᠤᠯᠤᠬᠰᠡᠨ

ᠪᠠᠶᠢᠨ᠎ᠠ᠃ 

       ᠣᠷᠳᠣᠰ ᠤᠨ ᠭᠠᠵᠠᠷ ᠤᠷᠤᠨ ᠤ ᠪᠠᠶᠢᠭᠠᠯᠢ ᠶᠢᠨ ᠠᠭᠤᠷ ᠠᠮᠢᠰᠬᠤᠯ ᠤᠨ ᠬᠤᠪᠢᠷᠠᠯᠲᠠ ᠶᠢ ᠳᠠᠭᠠᠯᠳᠤᠨ᠂ ᠡᠪᠦᠭᠡ ᠳᠡᠭᠡᠳᠦᠰ ᠮᠠᠨᠢ ᠪᠠᠶᠢᠭᠠᠯᠢ ᠶᠢᠨ ᠤᠷᠴᠢᠨ

ᠲᠤᠭᠤᠷᠢᠨ ᠤ ᠮᠠᠭᠤ ᠨᠦᠬᠦᠴᠡᠯ ᠢ ᠢᠯᠡᠵᠤ ᠴᠢᠳᠠᠬᠤ ᠦᠭᠡᠢ ᠪᠤᠯᠵᠡᠢ᠃ ᠲᠠᠷᠢᠶᠠᠯᠠᠩ ᠠᠵᠤ ᠠᠬᠤᠶ ᠶᠢᠨ ᠬᠡᠯᠪᠡᠷᠢ ᠨᠢ ᠨᠢᠭᠡᠨᠲᠡ ᠬᠥᠮᠦᠨ ᠲᠥᠷᠥᠯᠬᠢᠲᠡᠨ ᠤ ᠣᠷᠣᠰᠢᠨ

ᠲᠣᠭᠲᠠᠨᠢᠬᠤ ᠬᠡᠷᠡᠭᠴᠡᠭᠡ ᠱᠠᠭᠠᠷᠳᠠᠯᠭ᠎ᠠ ᠶᠢ ᠪᠠᠲᠤᠯᠠᠬᠤ ᠶᠢᠨ ᠠᠷᠭ᠎ᠠ ᠦᠭᠡᠢ ᠪᠤᠯᠬᠤ ᠳᠤ᠂ ᠮᠠᠯ ᠠᠵᠤ ᠠᠬᠤᠶ ᠨᠢ ᠡᠷᠡᠰ ᠲᠠᠭᠠᠭᠠᠮᠠᠭᠠᠢ ᠠᠮᠢᠵᠢᠷᠠᠯ ᠤᠨ ᠬᠦᠴᠦᠨ ᠪᠠ

ᠳᠠᠪᠠᠭᠤᠯᠢᠭ ᠴᠢᠨᠠᠷ ᠢᠶᠠᠷ ᠢᠯᠡᠷᠡᠨ ᠭᠠᠷᠪᠠ᠃ ᠠᠮᠢ ᠵᠢᠭᠤᠵᠦ ᠬᠦᠭᠵᠢᠬᠦ ᠶᠢᠨ ᠲᠥᠯᠥᠭᠡ᠂ ᠵᠢᠷᠤᠬᠡ ᠶᠢᠨ ᠭᠤᠤᠯ ᠤᠨ ᠤᠷᠴᠢᠨ ᠲᠤᠭᠤᠷᠢᠨ ᠤ ᠬᠤᠪᠢᠷᠠᠯᠲᠠ ᠳᠤ

ᠵᠣᠬᠢᠴᠠᠵᠦ᠂ ᠴᠠᠭ ᠲᠤᠬᠠᠢ ᠳᠤᠨᠢ ᠭᠠᠵᠠᠷ ᠰᠢᠷᠣᠶ ᠶᠢ ᠠᠰᠢᠭᠯᠠᠬᠤ ᠬᠡᠯᠪᠡᠷᠢ ᠪᠠ ᠤᠯᠠᠮᠵᠢᠯᠠᠯᠲᠤ ᠠᠵᠤ ᠠᠬᠤᠶ ᠶᠢᠨ ᠪᠦᠲᠦᠴᠡ ᠳᠡᠭᠡᠨ ᠲᠤᠬᠢᠷᠠᠭᠤᠯᠤᠯᠳᠠ ᠬᠢᠵᠦ᠂

ᠲᠠᠷᠢᠶᠠᠯᠠᠩ ᠠᠵᠤ ᠠᠬᠤᠶ ᠠᠴᠠ ᠬᠠᠭᠠᠰ ᠲᠠᠷᠢᠶᠠᠯᠠᠬᠤ ᠬᠠᠭᠠᠰ ᠮᠠᠯᠵᠢᠬᠤ ᠠᠵᠤ ᠠᠬᠤᠶ ᠵᠦᠭ ᠬᠥᠭᠵᠢᠵᠦ ᠡᠬᠢᠯᠡᠵᠡᠢ᠃  ᠢᠡᠭᠬᠢᠭᠡᠳ ᠵᠢᠷᠤᠭᠡ ᠶᠢᠨ ᠭᠤᠤᠯ ᠤᠨ

ᠰᠤᠶᠤᠯ ᠤᠨ ᠲᠠᠷᠢᠶᠠᠯᠠᠩ ᠦᠢᠯᠡᠳᠪᠤᠷᠢᠯᠡᠯ ᠤᠨ ᠭᠤᠣᠯᠯᠠᠬᠤ ᠪᠠᠶᠢᠷᠢ ᠰᠠᠭᠤᠷᠢ ᠡᠴᠦᠰ ᠲᠡᠭᠡᠨ ᠮᠠᠯ ᠠᠵᠤ ᠠᠬᠤᠶ ᠪᠠᠷ ᠣᠷᠣᠯᠠᠭᠳᠠᠵᠠᠶ᠃   

        ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠤᠬᠡ ᠶᠢᠨ ᠲᠤᠷᠠᠰᠬᠠᠯᠳᠤ ᠵᠦᠢᠯ ᠪᠡ ᠬᠠᠭᠤᠴᠢ ᠰᠤᠳᠤᠯᠤᠯ ᠤᠨ ᠭᠠᠵᠠᠷ ᠤᠨ ᠰᠤᠳᠤᠯᠭᠠᠳᠠᠨ

ᠭᠠᠶ ᡁᠢ ᠶᠦᠩ ᠤᠨ ᠦᠵᠡᠬᠦ ᠪᠠᠷ᠂ ᠲᠤᠮᠳᠠᠳᠤ ᠶᠢᠨ ᠤᠮᠠᠷᠠᠳᠤ ᠶᠢᠨ ᠮᠠᠯ ᠠᠵᠤ ᠠᠬᠤᠢ ᠶᠢᠨ ᠰᠤᠶᠤᠯ ᠤᠨ ᠠᠩᠬᠠᠨ ᠤ ᠳᠦᠷᠰᠦ ᠪᠤᠯ᠂ ᠬᠠᠮᠤᠭ ᠲᠡᠷᠢᠭᠦᠨ ᠳᠤ᠂

ᠣᠷᠳᠣᠰ ᠣᠷᠣᠨ ᠪᠠᠯᠠᠷ ᠡᠷᠲᠡᠨ ᠤ ᠲᠠᠷᠢᠶᠠᠯᠠᠩ ᠤᠨ ᠰᠣᠶᠣᠯ ᠠᠴᠠ ᠰᠠᠯᠵᠤ ᠭᠠᠷᠤᠭᠠᠳ ᠂ ᠨᠢᠭᠡᠳᠦᠭᠡᠷ ᠤᠳᠠᠭᠠᠨ ᠤ ᠨᠡᠶᠢᠭᠡᠮ ᠤᠨ ᠠᠵᠢᠯ ᠤᠨ ᠲᠤᠮᠤ

ᠬᠤᠪᠢᠶᠠᠷᠢᠯᠠᠯᠲᠠ ᠶᠢ ᠪᠡᠶᠡᠯᠡᠭᠦᠯᠦᠭᠰᠡᠨ ᠶᠠᠪᠤᠳᠠᠯ ᠪᠤᠯᠤᠨ᠎ᠠ᠂ ᠡᠨᠡ ᠨᠢ ᠳᠤᠮᠳᠠᠳᠤ ᠤᠯᠤᠰ ᠤᠨ ᠡᠷᠲᠡᠨ ᠤ ᠨᠡᠶᠢᠭᠡᠮ ᠤᠨ ᠬᠦᠭᠵᠢᠯᠳᠠ ᠳᠤ ᠲᠡᠦᠬᠡᠨ ᠴᠠᠭ ᠦᠶ᠎ᠡ ᠶᠢ

ᠵᠠᠭᠠᠭᠯᠠᠭᠰᠠᠨ ᠠᠴᠢ ᠬᠤᠯᠪᠤᠬᠳᠠᠯ ᠲᠠᠢ ᠬᠡᠪᠡ᠃  

        4. ᠰᠣᠶᠣᠯ ᠵᠤᠭᠠᠴᠠᠯ ᠢ ᠠᠭᠤᠰᠤᠯᠴᠠᠭᠤᠯᠵᠦ ᠪᠠᠭᠤᠷᠢ ᠶᠢ ᠠᠮᠢᠯᠠᠭᠤᠯᠪᠠ 

        ᠵᠢᠷᠤᠬᠡ ᠶᠢᠨ ᠭᠤᠤᠯ ᠤᠨ ᠰᠣᠶᠣᠯ ᠤᠨ ᠲᠠᠷᠬᠠᠯᠲᠠ ᠶᠢᠨ ᠣᠷᠣᠨ ᠨᠢ ᠤᠷᠳᠤᠰ ᠢᠶᠠᠷ ᠲᠥᠪ ᠪᠣᠯᠭᠠᠭᠰᠠᠨ ᠥᠪᠥᠷ ᠮᠣᠩᠭᠤᠯ ᠤᠨ ᠳᠤᠮᠳᠠ ᠡᠮᠦᠨᠡᠲᠦ

ᠬᠡᠰᠡᠭ ᠤᠨ ᠭᠠᠵᠠᠷ ᠣᠷᠣᠨ᠂ ᠡᠮᠦᠨᠡᠰᠢ ᠪᠠᠨ ᠯᠢᠦᠶ ᠯᠢᠶᠠᠩ ᠱᠠᠨ ᠠᠭᠤᠯᠠ ᠠᠴᠠ ᠶᠢᠨ ᠵᠦᠡᠭ ᠤᠨ ᠤᠮᠠᠷᠠᠳᠤ ᠬᠡᠰᠡᠭ ᠪᠠ ᠱᠠᠨᠰᠢ ᠶᠢᠨ ᠬᠤᠶᠢᠳᠦ ᠭᠡᠰᠡᠭ ᠲᠤ

ᠬᠦᠷᠳᠡᠭ᠂ ᠬᠤᠶᠢᠰᠢ ᠪᠠᠨ ᠮᠤᠨᠢ ᠠᠭᠤᠯᠠ ᠶᠢᠨ ᠬᠤᠷᠮᠣᠢ ᠬᠦᠷᠴᠤ᠂ ᠵᠡᠭᠦᠨ ᠬᠢᠵᠠᠭᠠᠷ ᠨᠢ ᠴᠢᠭᠤᠯᠤᠯᠳᠤ ᠬᠠᠭᠠᠯᠭ᠎ᠠ ᠬᠦᠷᠴᠤ᠂ ᠪᠠᠷᠠᠭᠤᠨᠰᠢ ᠪᠠᠨ ᠡᠾᠧ ᠯᠠᠨ ᠱᠠᠨ

ᠠᠭᠤᠯᠠ ᠶᠢᠨ ᠵᠡᠭᠦᠨ ᠬᠤᠷᠮᠣᠶ ᠳᠤ ᠬᠦᠷᠳᠡᠭ᠃    

        ᠵᠢᠷᠤᠬᠡ ᠶᠢᠨ ᠭᠤᠤᠯ ᠤᠨ ᠰᠣᠶᠣᠯ ᠤᠨ ᠲᠠᠷᠬᠠᠯᠲᠠ ᠶᠢᠨ ᠬᠡᠪᠴᠢᠶ᠎ᠡ ᠨᠢ ᠲᠡᠳᠦᠢ ᠦᠷᠬᠡᠨ ᠪᠢᠰᠢ ᠪᠤᠯᠪᠠᠴᠤ ᠡᠷᠭᠢᠨ ᠲᠣᠭᠤᠷᠢᠨ ᠤ ᠭᠠᠵᠠᠷ ᠣᠷᠣᠨ ᠳᠠᠭᠠᠨ

ᠨᠡᠪᠴᠢᠵᠦ ᠤᠷᠤᠬᠰᠠᠨ ᠨᠢ ᠮᠠᠰᠢ ᠢᠯᠡᠷᠬᠡᠢ ᠪᠠᠶᠢᠬᠤ ᠨᠢ ᠲᠤᠰ ᠠᠶᠢᠮᠠᠭ ᠤᠨ ᠪᠦᠯᠦᠭᠯᠡᠯ ᠤᠨ ᠬᠦᠴᠦᠷᠬᠡᠭ ᠶᠡᠭᠡ ᠠᠮᠢᠯᠠᠯ ᠤᠨ ᠬᠦᠴᠦᠨ ᠲᠠᠢ ᠶᠢ ᠬᠠᠷᠠᠭᠤᠯᠵᠡᠢ᠃

ᠱᠠᠩ ᠤᠯᠤᠰ ᠤᠨ ᠰᠡᠭᠦᠯᠴᠢ ᠶᠢᠨ ᠦᠶ᠎ᠡ ᠪᠣᠯᠬᠤ ᠳᠤ᠂ ᠳᠤᠮᠳᠠᠳᠤ ᠤᠯᠤᠰ ᠤᠨ ᠤᠮᠠᠷᠠᠲᠤ ᠶᠢᠨ ᠤᠷᠳᠤ ᠴᠠᠭᠠᠨ ᠬᠡᠷᠡᠮ ᠲᠠᠭᠠᠤ ᠭᠠᠵᠠᠷ ᠤᠨ ᠵᠠᠷᠢᠮ ︽ᠬᠦᠷᠰᠢ

ᠤᠯᠤᠰ︾ ᠪᠣᠯ ᠲᠡᠭᠦᠨ ᠠᠴᠠ ᠪᠤᠯᠵᠦ ᠪᠦᠷᠢᠯᠳᠦᠵᠡᠢ᠃  

        ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠤᠬᠡ ᠶᠢᠨ ᠲᠤᠷᠠᠰᠬᠠᠯᠳᠤ ᠵᠦᠢᠯ ᠪᠠ ᠬᠠᠭᠤᠴᠢ ᠰᠤᠳᠤᠯᠤᠯ ᠤᠨ ᠭᠠᠵᠠᠷ ᠤᠨ ᠲᠠᠷᠤᠭ᠎ᠠ

ᠰᠢᠨ ᠶᠢᠨ ᠰᠦᠡᠭ ᠤᠨ ᠬᠡᠯᠡᠬᠦ ᠪᠠᠷ᠂ ᠡᠷᠲᠡᠨ ᠤ ᠰᠤᠷᠪᠤᠯᠵᠢ ᠪᠢᠴᠢᠭ ᠲᠤ ᠲᠡᠮᠳᠡᠭᠯᠡᠭᠰᠡᠨ ︽ᠮᠢᠬ᠎ᠠ ᠲᠠᠢ ᠰᠢᠩᠭᠡᠨ ᠪᠤᠳᠠᠭ᠎ᠠ︾᠂ ︽ᠨᠤᠲᠤᠭ ᠤᠨ ᠵᠣᠷ︾ ᠵᠡᠷᠭᠡ ᠨᠢ

ᠪᠦᠷ ᠥᠪᠥᠷ ᠮᠣᠩᠭᠤᠯ ᠣᠷᠣᠨ ᠢᠶᠠᠷ ᠥᠷᠭᠡᠨ ᠲᠠᠷᠬᠠᠵᠤ ᠪᠠᠶᠢᠵᠡᠢ᠂ ᠲᠡᠷᠡ ᠨᠢ ᠳᠤᠮᠳᠠᠳᠤ ᠶᠢᠨ ᠪᠣᠯᠪᠠᠰᠤᠨ ᠤ ᠳᠡᠮᠳᠡᠭ ᠤᠨ ᠲᠤᠭᠳᠠᠯᠴᠠᠭ᠎ᠠ ᠶᠢᠨ ᠴᠢᠬᠤᠯᠠ

ᠪᠦᠷᠢᠯᠳᠦᠬᠦᠨ ᠬᠡᠰᠡᠭ ᠪᠣᠯᠵᠦ᠂ ᠵᠦᠩᠶᠤᠸᠠᠨ ᠣᠷᠣᠨ ᠤ ᠪᠣᠯᠪᠠᠰᠤᠨ ᠲᠠᠢ ᠬᠠᠮᠲᠤ ᠪᠠᠷ ᠠᠯᠤᠰ ᠬᠡᠲᠦ ᠶᠢᠨ ᠠᠴᠢ ᠬᠤᠯᠪᠤᠬᠳᠠᠯ ᠪᠦ᠋ᠬᠦᠢ ᠶᠣᠰᠣᠯᠠᠯ ᠬᠥᠭᠵᠢᠮ ᠤᠨ

ᠳᠦᠷᠢᠮ᠂ ᠤᠯᠤᠰ ᠲᠥᠷᠥ ᠶᠢᠨ ᠳᠦᠷᠢᠮ᠂ ᠰᠣᠶᠣᠯ ᠤᠨ ᠳᠦᠷᠢᠮ ᠪᠠ ᠡᠷᠲᠡ ᠤ ᠦᠶ᠎ᠡ ᠶᠢᠨ ᠳᠤᠮᠳᠠᠳᠤ ᠶᠢᠨ ᠪᠣᠯᠪᠠᠰᠤᠨ ᠤ ᠪᠠᠶᠢᠷᠢᠰᠢᠯ ᠢ ᠴᠣᠭᠴᠠᠯᠠᠵᠡᠢ ᠬᠡᠪᠡ᠃     

        2021 ᠣᠨ ᠳᠤ᠂ ᠵᠢᠷᠤᠬᠡ ᠶᠢᠨ ᠭᠤᠤᠯ ᠤᠨ ᠪᠠᠭᠤᠷᠢ ᠠᠴᠠ ᠬᠠᠭᠤᠴᠢ ᠰᠤᠳᠤᠯᠤᠯ ᠤᠨ ᠮᠠᠯᠲᠠᠯᠭ᠎ᠠ ᠬᠢᠭᠰᠡᠨ ᠰᠠᠭᠤᠷᠢᠨ ᠳᠡᠭᠡᠷ᠎ᠡ ︽ᠵᠢᠷᠤᠬᠡ ᠶᠢᠨ

ᠭᠤᠤᠯ ᠤᠨ ᠰᠣᠶᠣᠯ︾ ᠬᠡᠮᠡᠨ ᠨᠡᠷᠡᠶᠢᠳᠦᠭᠰᠡᠨ ᠲᠤᠰᠬᠠᠶ ᠰᠡᠳᠦᠪᠲᠦ ᠮᠦᠽᠧᠶ ᠶᠢ ᠪᠠᠶᠢᠭᠤᠯᠵᠠᠢ᠃ ︽ᠦᠨᠢ ᠡᠷᠳᠡᠨ ᠤ ᠲᠠᠯ᠎ᠠ ᠨᠤᠲᠤᠭ ᠤᠨ ᠭᠡᠷᠡᠯ ᠰᠠᠴᠤᠷᠠᠩᠭᠤᠢ

ᠲᠡᠤᠭᠡ ᠲᠠᠢ ᠡᠷᠲᠡᠨ ᠤ ᠪᠣᠯᠪᠠᠰᠤᠨ — ᠵᠢᠷᠤᠬᠡ ᠶᠢᠨ ᠭᠤᠤᠯ ᠤᠨ ᠪᠠᠭᠤᠷᠢ ᠶᠢᠨ ᠳᠡᠯᠭᠡᠨ ᠦᠵᠡᠭᠦᠯᠭᠡ︾ ᠨᠢ ᠭᠤᠣᠯᠳᠠᠭᠤ ᠵᠢᠷᠤᠬᠡ ᠶᠢᠨ ᠭᠤᠤᠯ ᠢ ᠬᠠᠶᠢᠭᠰᠠᠨ ᠨᠢ

— ᠪᠤᠶᠢᠳᠠ ᠪᠥᠭᠯᠡᠭᠦᠦ ᠠᠭᠤᠯᠠᠨ ᠲᠣᠰᠬᠤᠨ ᠠᠴᠠ ᠡᠷᠲᠡᠨ ᠤ ᠪᠣᠯᠪᠠᠰᠤᠨ ᠤ ᠭᠠᠶᠢᠬᠠᠮᠰᠢᠭ ᠢ ᠢᠯᠡᠷᠡᠬᠦᠯᠵᠡᠢ᠂ ᠵᠢᠷᠤᠬᠡ ᠶᠢᠨ ᠭᠤᠤᠯ ᠠᠴᠠ ᠮᠠᠯᠳᠠᠯᠭ᠎ᠠ ᠬᠢᠭᠰᠡᠨ ᠨᠢ

— ᠬᠠᠭᠤᠴᠢ ᠰᠤᠳᠤᠯᠤᠯ ᠤᠨ ᠢᠯᠡᠷᠡᠬᠦᠯᠦᠯᠳᠠ ᠨᠢ ᠨᠡᠶᠢᠬᠡᠮ ᠨᠠᠶᠢᠳᠠ ᠶᠢ ᠰᠤᠴᠢᠭᠠᠵᠡᠢ᠂ ᠵᠢᠷᠤᠬᠡ ᠶᠢᠨ ᠭᠤᠤᠯ ᠤᠨ ᠢᠷᠡᠬᠡᠳᠦᠢ ᠶᠢ ᠪᠠᠷᠠᠯᠠᠬᠤᠶ᠎ᠠ — ᠰᠠᠶᠢᠳᠤᠷ

ᠬᠠᠮᠠᠭᠠᠯᠠᠨ ᠠᠰᠢᠭᠯᠠᠵᠤ ᠰᠣᠶᠣᠯ ᠵᠤᠭᠠᠴᠠᠯ ᠢ ᠠᠬᠢᠭᠤᠯᠤᠨ᠎ᠠ ᠬᠡᠬᠦ ᠭᠤᠷᠪᠠᠨ ᠬᠡᠰᠡᠭ ᠢᠶᠠᠷ ᠪᠦᠷᠢᠯᠳᠤᠵᠡᠢ᠃  

        ᠤᠷᠳᠤᠰ ᠬᠤᠳᠠ ᠶᠢᠨ ᠮᠦᠽᠧᠢ ᠶᠢᠨ ᠬᠦᠷᠢᠶᠡᠯᠡᠩ ᠤᠨ ᠳᠡᠳ᠋ ᠳᠠᠷᠤᠭ᠎ᠠ ᠵᠧᠨ ᠽᠢ ᠮᠢᠩ ᠵᠢᠷᠤᠬᠡ ᠶᠢᠨ ᠭᠤᠤᠯ ᠤᠨ ᠰᠣᠶᠣᠯ ᠤᠨ ᠰᠤᠳᠤᠯᠭᠠᠨ ᠤ ᠠᠵᠢᠯ ᠢ

ᠣᠯᠠᠨ ᠵᠢᠯ ᠤᠨ ᠲᠤᠷᠰᠢ ᠬᠢᠵᠡᠢ᠃ ᠲᠡᠷᠡ ᠬᠡᠯᠡᠬᠦ ᠳᠡᠭᠡᠨ᠄ ︽ᠲᠢᠶᠠᠨ ᠭᠤᠸᠠᠩ ᠶᠢᠨ᠂ ᠶᠠᠩ ᠽᠧ ᠮᠧᠩ ᠵᠡᠷᠭᠡ ᠲᠤᠰᠬᠠᠶ ᠮᠡᠷᠭᠡᠵᠢᠯᠲᠡᠨ ᠪᠠ ᠡᠷᠳᠡᠮᠲᠡᠳ

ᠵᠢᠷᠤᠬᠡ ᠶᠢᠨ ᠭᠤᠤᠯ ᠤᠨ ᠪᠠᠭᠤᠷᠢ ᠶᠢᠨ ᠭᠦᠨᠵᠡᠭᠡᠢ ᠰᠤᠳᠤᠯᠭᠠᠨ ᠳᠤ ᠦᠨᠡᠨ ᠬᠦ ᠤᠶᠤᠨ ᠤᠬᠠᠭᠠᠨ ᠢᠶᠠᠨ ᠰᠢᠪᠬᠠᠵᠤ᠂ ᠦᠷ᠎ᠡ ᠪᠦᠲᠦᠭᠡᠯ ᠠᠮᠵᠢᠯᠳᠠ ᠰᠠᠶᠢᠳᠡᠢ

ᠪᠤᠯᠵᠦ᠂ ᠲᠤᠰᠬᠠᠶ ᠵᠣᠬᠢᠶᠠᠯ ᠨᠢ ᠬᠡᠳᠦᠨ ᠠᠷᠪᠠᠨ ᠳᠡᠪᠲᠡᠷ ᠢ ᠲᠠᠪᠠᠵᠦ᠂ ᠥᠭᠦᠯᠡᠯ ᠨᠢ ᠬᠡᠳᠦᠨ ᠵᠠᠭᠤ ᠳᠤ ᠬᠦᠷᠪᠡ᠃ ᠡᠳᠡᠭᠡᠷ ᠨᠢ ᠰᠤᠳᠤᠯᠭᠠᠨ ᠤ ᠦᠷᠭᠦᠯᠵᠢᠯᠡᠨ

ᠭᠦᠨᠵᠡᠭᠡᠶᠢᠷᠡᠬᠦ ᠶᠢ ᠠᠬᠢᠭᠤᠯᠤᠭᠰᠠᠨ ᠢᠶᠠᠷ ᠪᠠᠷᠠᠬᠤ ᠦᠭᠡᠢ᠂ ᠵᠢᠷᠤᠬᠡ ᠶᠢᠨ ᠭᠤᠤᠯ ᠤᠨ ᠪᠠᠭᠤᠷᠢ ᠶᠢᠨ ᠬᠠᠭᠤᠴᠢ ᠰᠤᠳᠤᠯᠤᠯ᠂ ᠲᠡᠦᠬᠡ᠂ ᠰᠣᠶᠣᠯ ᠤᠨ ᠥᠪ ᠤᠨ

ᠲᠠᠯ᠎ᠠ ᠪᠠᠷ ᠬᠢ ᠣᠷᠣᠯᠠᠭᠤᠯᠵᠤ ᠪᠣᠯᠤᠰᠢ ᠦᠭᠡᠶ ᠴᠢᠬᠤᠯᠠ ᠪᠠᠶᠢᠷᠢ ᠰᠠᠭᠤᠷᠢ ᠶᠢ ᠲᠤᠪᠤᠶᠢᠯᠭᠠᠨ ᠢᠯᠡᠷᠡᠬᠦᠯᠵᠦ᠂ ᠵᠢᠷᠤᠬᠡ ᠶᠢᠨ ᠭᠤᠤᠯ ᠨᠢ ᠤᠷᠳᠤᠰ ᠴᠢᠨᠠᠬᠰᠢᠯᠠᠨ

ᠪᠦᠬᠦ ᠤᠯᠤᠰ ᠤᠨ ᠰᠣᠶᠣᠯ ᠵᠤᠭᠠᠴᠠᠯ ᠤᠨ ᠦᠵᠡᠮᠵᠢ ᠶᠢᠨ ᠣᠷᠣᠨ ᠪᠤᠯᠵᠦ ᠪᠤᠯᠤᠨ᠎ᠠ︾ ᠭᠡᠵᠦ ᠰᠤᠷᠪᠤᠯᠵᠢᠯᠠᠬᠴᠢ ᠳᠤ ᠶᠠᠷᠢᠨ᠎ᠠ᠃  

        ᠢᠷᠡᠭᠡᠳᠦᠢ ᠳᠤ᠂ ᠵᠢᠷᠤᠬᠡ ᠶᠢᠨ ᠭᠤᠤᠯ ᠤᠨ ᠪᠠᠭᠤᠷᠢ ᠨᠢ ᠡᠵᠡᠨ ᠬᠤᠷᠤᠭ᠎ᠠ ᠬᠤᠰᠢᠭᠤ᠂ ᠴᠢᠨᠠᠭᠰᠢᠯᠠᠨ ᠪᠦᠬᠦ ᠬᠤᠲᠠ᠂ ᠪᠦᠬᠦ ᠣᠷᠣᠨ ᠂ ᠪᠦᠬᠦ

ᠤᠯᠤᠰ ᠤᠨ ᠰᠣᠶᠣᠯ ᠵᠤᠭᠠᠴᠠᠯ ᠤᠨ ᠰᠢᠨ᠎ᠡ ᠭᠠᠵᠠᠷ ᠤᠨ ᠲᠡᠮᠳᠡᠭ ᠪᠤᠯᠭᠠᠵᠦ᠂ ᠣᠷᠳᠣᠰ ᠤᠨ ᠥᠨᠳᠦᠷᠯᠢᠭ ᠲᠤ ᠰᠦᠨᠳᠡᠷᠯᠡᠨ ᠪᠤᠰᠬᠤ ᠨᠢ ᠲᠠᠮᠵᠢᠭ ᠦᠭᠡᠢ᠃              

        ︵︽ᠥᠪᠥᠷ ᠮᠣᠩᠭᠤᠯ ᠤᠨ ᠡᠳᠦᠷ ᠤᠨ ᠰᠣᠨᠢᠨ︾ ᠠᠴᠠ ᠤᠷᠴᠢᠭᠤᠯᠤᠨ ᠨᠠᠶᠢᠷᠠᠭᠤᠯᠪᠠ︶         

        ︵ᠵᠢᠷᠤᠭ ᠤᠳ ᠢ ᠤᠷᠳᠤᠰ ᠬᠤᠳᠠ ᠶᠢᠨ ᠮᠦᠽᠸᠢ ᠶᠢᠨ ᠬᠦᠷᠢᠶᠠᠯᠠᠩ ᠠᠴᠠ ᠬᠠᠨᠭ᠍ᠭᠠᠪᠠ︶  

     

ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ