​︽ᠬᠡᠬᠡᠨ ᠰᠠᠷᠠᠭᠤᠯ ᠢᠷᠡᠬᠡᠳᠤᠢ ᠶᠢ ᠴᠤᠭᠴᠠᠯᠠᠶ᠎ᠠ︾ ᠥᠳᠡᠰᠢᠯᠡᠭᠡ ᠡᠵᠡᠨ ᠬᠤᠷᠤᠭ᠎ᠠ ᠬᠤᠰᠢᠭᠤᠨ ᠤ ᠳᠤᠮᠤ ᠲᠢᠶᠠᠲᠷ ᠲᠤ ᠶᠠᠪᠤᠭᠳᠠᠪᠠ
ᠨᠡᠶᠢᠲᠡᠯᠡᠭᠰᠡᠨ ᠴᠠᠭ᠄
2023/4/23
       ᠥᠢᠷ᠎ᠠ ᠳᠤ᠂ ︽ᠬᠡᠬᠡᠨ ᠰᠠᠷᠠᠭᠤᠯ ᠢᠷᠡᠬᠡᠳᠤᠢ ᠶᠢ ᠴᠤᠭᠴᠠᠯᠠᠶ᠎ᠠ︾ — ᠡᠵᠡᠨ ᠬᠤᠷᠤᠭ᠎ᠠ ᠬᠤᠰᠢᠭᠤᠨ ᠤ ᠬᠤᠳᠠ ᠶᠢ ᠬᠥᠴᠤᠨ ᠳᠤᠰᠬᠠᠢ ᠰᠡᠳᠤᠪᠳᠤ ᠥᠳᠡᠰᠢᠯᠡᠭᠡ ᠡᠵᠡᠨ ᠬᠤᠷᠤᠭ᠎ᠠ ᠬᠤᠰᠢᠭᠤᠨ ᠤ ᠳᠤᠮᠤ ᠲᠢᠶᠠᠲᠷ ᠲᠤ ᠶᠠᠪᠤᠭᠳᠠᠵᠠᠢ᠃       ᠥᠳᠡᠰᠢᠯᠡᠭᠡ ᠨᠢ ᠬᠤᠳᠠ ᠶᠢ ᠵᠤᠷᠢᠭ ᠰᠠᠨᠠᠭ᠎ᠠ ᠪᠠᠷ ᠰᠢᠵᠢᠮᠯᠠᠵᠤ᠂ ᠳᠠᠭᠤᠤ ᠭᠥᠭᠵᠢᠮ᠂ ᠪᠥᠵᠢᠭ᠂ ᠤᠷᠠᠨ ᠤᠡᠭᠰᠢᠯᠭ᠎ᠠ᠂ ᠭᠥᠭᠵᠢᠮᠳᠡᠬᠦᠷ ᠭᠥᠭᠵᠢᠮ ᠤᠨ ᠳᠤᠭᠯᠠᠯᠳᠠ ᠵᠡᠷᠭᠡ ᠤᠯᠠᠨ ᠬᠡᠯᠪᠡᠷᠢ ᠶᠢ ᠳᠤᠭᠯᠠᠯᠳᠠ ᠪᠠᠷ ᠳᠠᠮᠵᠢᠭᠤᠯᠤᠨ 2022 ᠤᠨ ᠤ ᠡᠵᠡᠨ ᠬᠤᠷᠤᠭ᠎ᠠ ᠬᠤᠰᠢᠭᠤᠨ ᠤ ᠬᠤᠳᠠ ᠶᠢ ᠭᠥᠭᠵᠢᠯᠳᠠ᠂ ᠠᠷᠠᠳ ᠤᠨ ᠠᠮᠢᠳᠤᠷᠠᠯ ᠤᠨ ᠪᠤᠶᠠᠨ ᠵᠢᠷᠭᠠᠯ᠂ ᠬᠤᠳᠠᠯᠳᠤᠭ᠎ᠠ ᠡᠷᠬᠢᠯᠡᠬᠦ ᠤᠷᠴᠢᠨ ᠨᠥᠬᠦᠴᠡᠯ᠂ ᠬᠢᠵᠢᠭ ᠲᠠᠢ ᠳᠡᠮᠡᠴᠡᠭᠰᠡᠨ ᠵᠤᠷᠢᠭ ᠰᠠᠨᠠᠭ᠎ᠠ᠂ ᠪᠤᠯᠪᠠᠰᠤᠨ ᠬᠤᠳᠠ ᠶᠢᠨ ᠪᠠᠶᠢᠭᠤᠯᠤᠯᠳᠠ ᠵᠡᠷᠭᠡ ᠳᠠᠯ᠎ᠠ ᠳᠤ ᠤᠯᠤᠭᠰᠠᠨ ᠰᠢᠯᠢᠳᠡᠭ ᠠᠮᠵᠢᠯᠳᠠ ᠪᠥᠳᠤᠮᠵᠢ ᠶᠢ ᠳᠡᠯᠬᠡᠨ ᠥᠵᠡᠬᠦᠯᠬᠦ ᠶᠢᠨ ᠬᠠᠮᠳᠤ 2023 ᠤᠨ ᠤ ᠡᠵᠡᠨ ᠬᠤᠷᠤᠭ᠎ᠠ ᠬᠤᠰᠢᠭᠤᠨ ᠤ ᠬᠡᠬᠡᠨ ᠰᠠᠷᠠᠭᠤᠯ ᠢᠷᠡᠬᠡᠳᠤᠢ ᠶᠢ ᠵᠢᠷᠤᠬᠯᠠᠨ᠂ ᠪᠥᠭᠦ ᠬᠤᠰᠢᠭᠤᠨ ᠤ ᠥᠨᠳᠥᠰᠥᠳᠡᠨ ᠨᠦᠭᠦᠳ ᠤᠨ ᠠᠷᠠᠳ ᠲᠥᠮᠡᠨ ᠤ ᠡᠷᠴᠢ ᠵᠤᠷᠢᠭ ᠢᠶᠠᠨ ᠬᠥᠪᠴᠢᠯᠡᠨ ᠡᠷᠡᠯᠬᠡᠭᠯᠡᠨ ᠤᠷᠤᠭᠰᠢᠯᠠᠬᠤ ᠴᠤᠭ ᠰᠥᠯᠳᠡ ᠶᠢ ᠬᠥᠢᠴᠡᠳ ᠢᠯᠡᠷᠡᠬᠦᠯᠪᠡ᠃     
ᠢᠷᠡᠯᠲᠡ᠄ ᠤᠷᠳᠣᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ