ᠮᠤᠩᠭᠤᠯ ᠬᠠᠭᠠᠨᠳᠤ ᠣᠯᠤᠰ ᠠᠴᠠ ᠡᠮᠦᠨᠡᠬᠢ ᠬᠠᠳᠣᠳ
ᠨᠡᠶᠢᠲᠡᠯᠡᠭᠰᠡᠨ ᠴᠠᠭ᠄
2023/4/23
                                     1. ᠭᠤᠸ᠎ᠠ ᠮᠠᠷᠠᠯ᠄ ᠴᠢᠩᠭᠢᠰ ᠬᠠᠭᠠᠨ ᠤ ᠲᠡᠭᠡᠳᠤ ᠡᠪᠦᠭᠡ ᠪᠦᠷᠳᠡ ᠴᠢᠨ᠋ᠸ᠎ᠡ ᠶᠢᠨ ᠭᠡᠷᠭᠡᠢ᠃         2. ᠮᠤᠩᠭᠤᠯᠵᠢᠨ ᠭᠤᠸ᠎ᠠ᠄ ᠪᠦᠷᠳᠡ ᠴᠢᠨ᠋ᠸ᠎ᠠ ᠶᠢᠨ10᠎ ᠳᠠᠬᠢ ᠦᠶ᠎ᠡ ᠬᠤᠶᠢᠴᠢᠰ ᠤᠨ ᠬᠠᠳᠣᠭᠳᠠᠢ᠂ ᠪᠤᠷᠵᠢᠭᠢᠳᠠᠢ ᠮᠡᠷᠭᠡᠨ ᠤ ᠭᠡᠷᠭᠡᠢ᠃         3. ᠪᠤᠷᠤᠭᠴᠢᠨ ᠭᠤᠸ᠎ᠠ᠄ ᠲᠣᠷᠭᠤᠯᠵᠢᠨ ᠪᠠᠶᠠᠨ ᠤ ᠭᠡᠷᠭᠡᠢ ᠲᠣᠸᠠ ᠰᠣᠬᠤᠷ᠂ ᠲᠤᠪᠤ ᠮᠡᠷᠭᠡᠨ ᠬᠤᠶᠠᠷ ᠬᠦᠪᠡᠭᠦᠨ ᠲᠦᠷᠦᠭᠰᠡᠨ᠂ ᠪᠤᠷᠤᠯᠳᠠᠢ ᠰᠣᠶᠠᠯᠪᠢ ᠭᠡᠳᠡᠭ ᠵᠠᠯᠠᠭᠤ ᠵᠠᠷᠤᠴᠠ ᠲᠠᠢ᠂ ᠳ᠋ᠠᠶᠢᠷ᠂ ᠪᠣᠷᠤ ᠬᠤᠶᠠᠷ ᠬᠦᠯᠦᠭ ᠮᠣᠷᠢ ᠲᠠᠢ ᠪᠦᠯᠦᠭᠡ᠃          4. ᠪᠠᠷᠭᠤᠵᠢᠨ ᠭᠤᠸ᠎ᠠ᠄ ᠬᠤᠷᠢᠯᠠᠷᠳᠠᠢ ᠮᠡᠷᠭᠡᠨ ᠤ ᠭᠡᠷᠭᠡᠢ᠃ ᠪᠠᠷᠭᠤᠵᠢᠨ ᠲᠦᠬᠦᠮ ᠤᠨ ᠡᠵᠡᠨ ᠪᠠᠷᠭᠤᠳᠠᠢ ᠮᠡᠷᠭᠡᠨ ᠦᠬᠢᠨ ᠪᠤᠯᠤᠨ᠎ᠠ᠃ ᠠᠯᠤᠨ ᠭᠤᠸ᠎ᠠ ᠨᠡᠷᠡᠳᠤ ᠦᠬᠢᠨ ᠲᠦᠷᠦᠭᠦᠯᠪᠡ᠃        5. ᠠᠯᠤᠨ ᠭᠤᠸ᠎ᠠ ᠬᠠᠳᠤᠨ᠄ ᠲᠤᠪᠤ ᠮᠡᠷᠭᠡᠨ ᠤ ᠭᠡᠷᠭᠡᠢ᠃ ᠪᠦᠬᠦᠨᠦᠳᠡᠢ᠂ ᠪᠡᠯᠬᠦᠨᠦᠳᠡᠢ ᠭᠡᠳᠡᠭ ᠨᠡᠷ᠎ᠡ ᠲᠠᠢ ᠬᠤᠶᠠᠷ ᠬᠦᠪᠡᠭᠦᠨ ᠲᠦᠷᠦᠭᠦᠯᠪᠡ᠃ ᠲᠤᠪᠤ ᠮᠡᠷᠭᠡᠨ ᠦᠭᠡᠢ ᠪᠤᠯᠤᠭᠰᠠ ᠤ ᠲᠠᠷᠠᠭ᠎ᠠ ᠪᠣᠭᠤ ᠬᠠᠳᠠᠬᠢ᠂ ᠪᠤᠬᠠᠳᠤ ᠰᠠᠯᠵᠢ ᠪᠣᠳᠣᠨᠴᠠᠷ ᠮᠤᠩᠬᠠᠭ ᠭᠡᠳᠡᠭ ᠭᠤᠷᠪᠠᠨ ᠬᠦᠪᠡᠭᠦᠨ ᠲᠦᠷᠦᠭᠦᠯᠵᠡᠢ᠃         6. ᠪᠤᠳᠣᠨᠴᠠᠷ ᠤᠨ ᠠᠪᠠᠯᠠᠢ ᠡᠬᠡᠨᠡᠷ᠄ ᠪᠣᠳᠠᠨᠴᠢᠷ ᠬᠡᠳᠦᠨ ᠬᠠᠳᠤᠨ ᠲᠠᠢ ᠪᠠᠶᠢᠭᠰᠠᠨ ᠪᠦᠭᠡᠳ ᠣᠯᠠᠨ ᠲᠦᠷᠦᠯ ᠣᠪᠤᠭ ᠪᠤᠯᠵᠤ ᠰᠠᠯᠪᠤᠷᠢᠯᠠᠭᠰᠠᠨ᠃          7. ᠨᠤᠮᠤᠯᠤᠨ ᠡᠬᠡ᠄ ᠠᠯᠳᠠᠨ ᠣᠷᠤᠭᠳᠠᠨ ᠤ ᠬᠤᠶᠢᠴᠢᠰ ᠬᠠᠴᠢ ᠬᠦᠯᠦᠭ ᠤᠨ ᠬᠠᠳᠤᠨ ᠪᠤᠯᠤᠨ᠎ᠠ᠃         8. ᠣᠷᠪᠠᠢ᠂ ᠰᠣᠬᠠᠳᠠᠢ ᠬᠤᠶᠠᠷ ᠬᠠᠳᠤᠨ᠄ ᠠᠯᠳᠠᠨ ᠣᠷᠤᠭᠳᠠᠨ ᠠᠮᠪᠠᠭᠠᠢ ᠬᠠᠭᠠᠨ ᠤ ᠬᠤᠶᠠᠷ ᠬᠠᠳᠤᠨ᠃          9. ᠬᠤᠷᠢᠴᠢᠨ ᠬᠠᠳᠤᠨ᠂ ᠬᠤᠭᠤᠷᠴᠢᠨ ᠬᠠᠳᠤᠨ᠄ ᠬᠤᠶᠠᠷ ᠬᠠᠳᠤᠨ ᠠᠯᠳᠠᠨ ᠣᠷᠤᠭᠳᠠᠨ ᠤ ᠢᠵᠠᠭᠤᠷᠳᠠᠨ ᠤ ᠬᠠᠳᠤᠳ ᠴᠤᠬᠤᠮ ᠬᠡᠨ ᠤ ᠬᠠᠳᠤᠨ ᠪᠤᠯᠬᠤ ᠶᠢ ᠪᠢᠴᠢᠭᠰᠡᠨ ᠦᠭᠡᠢ᠃ ᠵᠠᠷᠢᠮ ᠨᠤᠮ ᠳᠤ᠂ ᠰᠡᠴᠡ ᠪᠠᠬᠢ ᠶᠢᠨ ᠭᠡᠷᠭᠡᠢ ᠭᠡᠵᠤ ᠪᠤᠢ᠃         10. ᠡᠪᠡᠭᠡᠢ ᠬᠠᠳᠤᠨ᠄ ᠨᠢᠭᠤᠴᠠ ᠲᠤᠪᠴᠢᠶᠠᠨ ᠳᠤ ᠲᠣᠷᠠᠳᠤᠭᠰᠠᠨ ᠢ ᠦᠨᠳᠦᠰᠦᠯᠡᠪᠡᠯ ᠰᠡᠴᠡ ᠪᠠᠬᠢ ᠶᠢᠨ ᠭᠡᠷᠭᠡᠢ᠃    
ᠢᠷᠡᠯᠲᠡ᠄ ᠬᠤᠯᠪᠤᠭ᠎ᠠ ᠰᠦᠯᠵᠢᠶ᠎ᠡ