ᠳᠠᠶᠢᠵᠢ ᠶᠢᠨ ᠢᠷᠡᠯᠳᠡ
ᠨᠡᠶᠢᠲᠡᠯᠡᠭᠰᠡᠨ ᠴᠠᠭ᠄
2023/4/23
                           ᠴᠢᠩᠭᠢᠰ ᠬᠠᠭᠠᠨ 1206 ᠣᠨ ᠳᠤ ᠶᠡᠭᠡ ᠮᠤᠩᠭᠤᠯ ᠬᠠᠭᠠᠨᠳᠤ ᠤᠯᠤᠰ ᠢ ᠪᠠᠶᠢᠭᠤᠯᠤᠭᠰᠠᠨ ᠤ ᠳᠠᠷᠠᠭ᠎ᠠ᠂ ᠳᠡᠬᠦᠨ ᠤ ᠦᠷᠡᠰ ᠪᠤᠷᠵᠢᠬᠢᠨ ᠠᠶᠢᠮᠠᠭ ᠤᠨ ᠪᠠᠶᠢᠷᠢ ᠰᠠᠭᠤᠷᠢ ᠶᠢ ᠤᠨᠴᠠᠭᠠᠶᠢᠯᠠᠨ ᠦᠨᠳᠡᠷᠵᠢᠬᠦᠯᠬᠦ ᠶᠢᠨ ᠲᠦᠯᠦᠬᠡ ︽ᠪᠠᠭ᠎ᠠ ᠬᠠᠳ︾ ᠭᠡᠮᠡᠵᠦ ᠪᠠᠶᠢᠭᠰᠠᠨ ᠢᠶᠠᠨ ᠪᠤᠯᠢᠭᠠᠳ ︽ᠳᠠᠶᠢᠵᠢ︾ ᠬᠡᠮᠡᠵᠦ ᠳᠠᠭᠤᠳᠠᠬᠤ ᠪᠤᠯᠪᠠ᠃ ᠡᠨᠡ ᠨᠢ ᠬᠢᠳᠡᠳ ᠬᠠᠭᠠᠳ ᠤᠨ ᠵᠠᠯᠭᠠᠮᠵᠢᠯᠠᠭᠴᠢ ᠬᠦᠪᠡᠬᠦᠨ ᠢᠶᠠᠨ ︽ᠳᠠᠶᠢᠽᠢ︾ ︵太子︶ ᠭᠡᠳᠡᠭ ᠦᠬᠡ ᠠᠴᠠ ᠤᠯᠠᠷᠢᠨ ᠢᠷᠡᠵᠦ᠂ ᠬᠤᠶᠢᠨ᠎ᠠ ᠎ ᠨᠢ ︽ᠳᠠᠶᠢᠵᠢ︾ ᠬᠡᠮᠡᠨ ᠳᠠᠭᠤᠳᠠᠬᠤ ᠪᠤᠯᠪᠠ᠃ ᠢᠡᠭᠭᠢᠭᠡᠳ ᠬᠠᠮᠤᠭ ᠰᠡᠬᠦᠯᠡᠷ ᠨᠢ ᠬᠠᠭᠠᠨ ᠢᠵᠠᠭᠤᠷᠳᠠᠨ ᠤ ᠤᠳᠬ᠎ᠠ ᠪᠦᠬᠦᠢ ᠦᠬᠡ ᠪᠤᠯᠵᠤ ᠬᠤᠪᠢᠷᠠᠭᠰᠠᠨ ᠪᠠᠶᠢᠯ᠎ᠠ᠃       ᠴᠢᠩᠭᠢᠰ ᠬᠠᠭᠠᠨ ᠪᠠ ᠳᠡᠬᠦᠨ ᠤ ᠳᠡᠬᠦᠦ ᠨᠠᠷ ᠤᠨ ᠦᠷᠡᠰ ᠢ ᠴᠦᠮ ︽ᠳᠠᠶᠢᠵᠢ︾ ᠬᠡᠮᠡᠵᠦ ᠳᠠᠭᠤᠳᠠᠳᠠᠭ ᠶᠤᠮ᠃        ᠡᠶᠢᠮᠤ ᠠᠴᠠ ︽ᠳᠠᠶᠢᠵᠢ︾ ᠪᠦᠬᠦᠨ ᠨᠢ ᠪᠤᠭᠳᠠ ᠡᠵᠡᠨ ᠴᠢᠩᠭᠢᠰ ᠬᠠᠭᠠᠨ ᠪᠠ ᠳᠡᠬᠦᠨ ᠤ ᠳᠡᠬᠦᠦ ᠬᠠᠪᠤᠳᠤ ᠬᠠᠰᠠᠷ ᠤᠨ ᠬᠤᠶᠢᠴᠢ ᠦᠷᠡᠰ ᠪᠤᠯᠬᠤ ᠨᠢ ᠮᠡᠳᠡᠭᠡᠵᠢ ᠶᠢᠨ ᠭᠡᠷᠡᠭ᠃    ᠭᠡᠶ᠎ᠠ᠂ ︽ᠳᠠᠶᠢᠵᠢ︾᠎ ᠶᠢᠨ ᠵᠡᠷᠭᠡ ᠳᠡᠰ ᠨᠢ ᠪᠠᠰᠠ ᠠᠳᠠᠯᠢ ᠦᠭᠡᠢ ᠪᠠᠶᠢᠳᠠᠭ᠃ ᠭᠤᠤᠯᠳᠠᠭᠤ ᠨᠢ᠄ ᠳᠡᠳᠡᠨᠤᠰ ᠤᠨ ᠡᠮᠤᠰᠴᠤ ᠪᠠᠶᠢᠭ᠎ᠠ ︽ᠤᠳᠤᠭ᠎ᠠ ᠪᠦᠬᠦᠢ ᠵᠢᠩᠰᠠ ᠵᠠᠯᠠᠭ᠎ᠠ ᠲᠠᠢ ᠲᠢᠳᠢᠮ ︵ᠮᠠᠯᠠᠭᠠᠢ︶︾᠎ ᠪᠠᠷ ᠢᠶᠠᠨ ᠬᠡᠳᠤᠳᠤᠬᠡᠷ ᠬᠡᠷᠬᠡᠮ ᠵᠡᠷᠭᠡ ᠳᠡᠰ ᠤᠨ ︽ᠳᠠᠶᠢᠵᠢ︾ ᠭᠡᠳᠡᠭ ᠢ ᠢᠯᠭᠠᠪᠤᠷᠢᠯᠠᠵᠤ ᠮᠡᠳᠡᠬᠦ ᠶᠤᠮ᠃ ᠬᠡᠷᠬᠡᠮᠳᠡᠨ ᠨᠤᠶᠠᠨ ᠪᠦᠬᠦᠢ ᠵᠡᠷᠭᠡ ᠲᠠᠢ ︽ᠳᠠᠶᠢᠵᠢ︾᠎ ᠶᠢ ᠳᠤᠳᠤᠷ᠎ᠠ ᠨᠢ ᠪᠠᠰᠠ ᠲᠦᠷᠪᠡᠨ ᠳᠡᠰ ᠠᠩᠭᠢᠯᠠᠬᠤ ᠨᠢ᠄ ᠳᠡᠷᠢᠬᠦᠨ ᠳᠠᠶᠢᠵᠢ ᠨᠢ ᠪᠤᠯ ᠳᠤᠩᠭᠠᠯᠠᠭ ᠤᠯᠠᠭᠠᠨ ᠪᠠᠳᠮᠠᠷᠠᠭ᠎ᠠ ᠵᠢᠩᠰᠠ ᠪᠦᠬᠦᠢ ᠮᠠᠯᠠᠭᠠᠢ ᠲᠠᠢ ᠨᠤᠶᠠᠨ ᠪᠤᠯᠤᠨ᠎ᠠ᠃ ᠳᠡᠳ᠋ ᠳᠠᠶᠢᠵᠢ ᠨᠢ ᠲᠦᠯᠡᠢ ᠤᠯᠠᠭᠠᠨ ᠱᠢᠷᠤ ᠶᠢᠨ ᠵᠢᠩᠰᠠ ᠪᠦᠬᠦᠢ ᠮᠠᠯᠠᠭᠠᠢ ᠎ ᠲᠠᠢ ᠨᠤᠶᠠᠨ ᠪᠤᠯᠤᠨ᠎ᠠ᠃ ᠭᠤᠳᠠᠭᠠᠷ ᠳᠠᠶᠢᠵᠢ ᠨᠢ ᠳᠤᠩᠭᠠᠯᠠᠭ ᠬᠦᠬᠡ ᠨᠤᠮᠢᠨ ᠵᠢᠩᠰᠠ ᠪᠦᠬᠦᠢ ᠮᠠᠯᠠᠭᠠᠢ ᠲᠠᠢ ᠨᠤᠶᠠᠨ ᠪᠤᠯᠬᠤ᠃ ᠲᠦᠳᠦᠬᠡᠷ ᠳᠠᠶᠢᠵᠢ ᠨᠢ ᠲᠦᠯᠡᠢ ᠬᠦᠬᠡ ᠴᠢᠯᠠᠭᠤᠨ ᠵᠢᠩᠰᠠ ᠪᠦᠬᠦᠢ ᠮᠠᠯᠠᠭᠠᠢ ᠲᠠᠢ ᠨᠤᠶᠠᠨ ᠪᠤᠯᠤᠨ᠎ᠠ᠃        ᠶᠠᠮᠠᠷ ᠴᠦ ᠤᠳᠤᠭ᠎ᠠ ᠪᠠ ᠵᠢᠩᠰᠠ ᠵᠠᠯᠠᠭ᠎ᠠ ᠪᠦᠬᠦᠢ ᠮᠠᠯᠠᠭᠠᠢ ᠦᠭᠡᠢ ᠳᠠᠶᠢᠵᠢ ᠶᠢ ᠶᠠᠷᠤᠮᠳᠡᠭ ᠳᠠᠶᠢᠵᠢ ᠭᠡᠳᠡᠭ᠃         ᠪᠢᠴᠢᠭ ᠴᠡᠷᠢᠭ ᠤᠨ ᠨᠤᠶᠠᠳ ᠪᠤᠯᠬᠤ ᠨᠢ᠂ ᠳᠡᠬᠦᠨ ᠤ ᠡᠷᠳᠡᠮ ᠴᠢᠳᠠᠪᠤᠷᠢ ᠶᠢ ᠨᠢ ᠦᠵᠡᠬᠦ ᠳᠤᠯᠠ ᠶᠠᠮᠠᠷ ᠴᠦ ᠵᠡᠷᠭᠡ ᠳᠡᠰ ᠤᠨ ᠳᠠᠶᠢᠵᠢ ᠠᠴᠠ ᠴᠦᠮ ᠰᠤᠩᠭᠤᠵᠤ ᠠᠪᠴᠤ ᠪᠤᠯᠤᠨ᠎ᠠ᠃      
ᠢᠷᠡᠯᠲᠡ᠄ ᠬᠤᠯᠪᠤᠭ᠎ᠠ ᠰᠦᠯᠵᠢᠶ᠎ᠡ