ᠮᠤᠩᠭᠤᠯᠴᠣᠳ ᠤᠨ ᠨᠠᠢᠮᠠᠨ ᠶᠡᠭᠡ ᠴᠡᠭᠡᠷ ᠶᠣᠰᠤᠨ
ᠨᠡᠶᠢᠲᠡᠯᠡᠭᠰᠡᠨ ᠴᠠᠭ᠄
2023/4/23
                                       1. ᠭᠠᠯ ᠤᠨ ᠲᠤᠬᠠᠢ ᠴᠡᠭᠡᠷ ᠶᠣᠰᠤᠨ᠄ ᠮᠤᠩᠭᠤᠯᠴᠣᠳ ᠭᠠᠢ ᠤᠨ ᠪᠤᠷᠬᠠᠨ᠂ ᠭᠤᠯᠤᠮᠳᠠ ᠲᠤᠯᠭ᠎ᠠ ᠪᠠᠨ ᠲᠡᠭᠡᠳᠦᠯᠡᠨ ᠰᠢᠳᠦᠵᠤ᠂ ᠭᠠᠯ ᠢ ᠠᠯᠢᠪᠠ ᠮᠠᠭᠤ ᠮᠠᠭᠤᠬᠠᠢ ᠶᠠᠭᠤᠮ᠎ᠠ᠂ ᠭᠠᠢ ᠪᠠᠷᠴᠢᠳ ᠢ ᠵᠠᠶᠢᠯᠠᠭᠤᠯᠳᠠᠭ ᠭᠡᠵᠤ ᠦᠵᠡᠳᠡᠭ᠃ ᠡᠶᠢᠮᠤ ᠠᠴᠠ ᠮᠤᠩᠭᠤᠯ ᠭᠡᠷ ᠲᠤ ᠣᠷᠤᠭᠰᠠᠨ ᠤ ᠳᠠᠷᠠᠭ᠎ᠠ᠂ ᠲᠣᠯᠭ᠎ᠠ ᠶᠢᠨ ᠳᠡᠭᠡᠷ᠎ᠡ ᠬᠦᠯ ᠢᠶᠠᠨ ᠰᠢᠷᠠᠬᠤ ᠶᠢ ᠴᠡᠭᠡᠷᠯᠡᠬᠦ ᠪᠦᠭᠡᠳ ᠭᠠᠯ ᠲᠣᠯᠭ᠎ᠠ ᠶᠢᠨ ᠬᠠᠵᠠᠭᠤ ᠳᠤ   ᠨᠤᠶᠢᠳᠠᠨ ᠭᠤᠳᠤᠯ ᠱᠠᠬᠠᠢ ᠪᠠᠨ ᠡᠭᠡᠭᠡᠵᠤ ᠬᠠᠳᠠᠭᠠᠬᠤ ᠶᠢ ᠨᠡᠩ ᠶᠡᠭᠡ ᠴᠡᠭᠡᠷᠯᠡᠳᠡᠭ᠃ ᠪᠠᠰᠠ ᠲᠤᠯᠭ᠎ᠠ ᠶᠢᠨ ᠳᠡᠭᠡᠭᠦᠷ ᠠᠯᠬᠤᠬᠤ᠂ ᠲᠤᠯᠭᠠᠨ ᠳᠡᠭᠡᠷ᠎ᠡ ᠭᠢᠰᠭᠢᠬᠦ᠂ ᠲᠠᠮᠠᠬᠢᠨ ᠭᠠᠩᠰᠠ ᠪᠠᠨ ᠲᠣᠯᠭ᠎ᠠ ᠶᠢᠨ ᠳᠡᠭᠡᠷ᠎ᠡ ᠭᠦᠪᠢᠬᠦ᠂ ᠶᠠᠭᠤᠮ᠎ᠠ ᠴᠣᠬᠢᠬᠤ᠂ ᠪᠣᠵᠠᠷ ᠪᠤᠷᠳᠠᠭ ᠶᠠᠭᠤᠮ᠎ᠠ ᠬᠢᠬᠦ ᠶᠢ ᠴᠡᠭᠡᠷᠯᠡᠳᠡᠭ᠃ ᠬᠢᠳᠤᠭ᠎ᠠ ᠪᠠᠷ ᠭᠠᠯ ᠭᠤᠴᠢᠯᠠᠬᠤ᠂ ᠬᠢᠳᠤᠭ᠎ᠠ ᠭᠠᠯ ᠳᠣᠳᠣᠷ᠎ᠠ ᠣᠷᠤᠭᠤᠯᠬᠤ᠂ ᠲᠤᠭᠤᠭᠠᠨ ᠠᠴᠠ ᠬᠢᠳᠤᠭ᠎ᠠ ᠪᠠᠷ ᠮᠢᠬ᠎ᠠ ᠠᠪᠬᠤ ᠶᠢ ᠴᠡᠭᠡᠷᠯᠡᠳᠡᠭ᠃           2. ᠣᠰᠤᠨ ᠤ ᠲᠣᠬᠠᠢ ᠴᠡᠭᠡᠷ᠄ ᠮᠤᠩᠭᠤᠯᠴᠣᠳ ᠣᠰᠤ ᠶᠢ ᠷᠠᠰᠢᠶᠠᠨ ᠤ ᠳᠡᠭᠡᠳᠤ ᠭᠡᠵᠤ ᠦᠵᠡᠳᠡᠭ᠃ ᠡᠶᠢᠮᠤ ᠠᠴᠠ ᠭᠤᠣᠯ ᠤᠨ ᠣᠰᠤᠨ ᠳᠤ ᠭᠠᠷ ᠬᠦᠯ ᠂ ᠪᠡᠶ᠎ᠡ ᠪᠠᠨ ᠤᠬᠢᠶᠠᠳᠠᠭ ᠦᠭᠡᠢ᠃ ᠨᠡᠩ ᠴᠦ ᠭᠤᠣᠯ ᠮᠦᠷᠡᠨ ᠳᠤ ᠪᠣᠵᠠᠷ ᠪᠣᠷᠳᠠᠭ ᠬᠤᠭ ᠨᠤᠪᠰᠢ ᠬᠠᠶᠠᠬᠤ ᠶᠢ ᠴᠡᠭᠡᠷᠯᠡᠳᠡᠭ ᠪᠦᠭᠡᠳ ᠭᠤᠤᠯ ᠮᠦᠷᠡᠨ ᠤ ᠬᠠᠵᠠᠭᠤ ᠎ ᠳᠤ ᠪᠡᠶ᠎ᠡ ᠪᠠᠨ ᠵᠠᠰᠠᠬᠤ ᠶᠢ ᠨᠡᠩ ᠴᠦ ᠴᠡᠭᠡᠷᠯᠡᠳᠡᠭ᠃ ᠮᠤᠩᠭᠤᠯ ᠨᠤᠳᠤᠭ ᠭᠠᠩ ᠬᠠᠭᠤᠷᠠᠢ᠂ ᠣᠰᠤᠨ ᠤ ᠡᠬᠢ ᠰᠣᠷᠪᠤᠯᠵᠢ ᠲᠣᠳᠠᠮᠠᠭ᠂ ᠣᠰᠤ ᠡᠪᠡᠰᠣ ᠪᠠᠨ ᠲᠠᠭᠠᠨ ᠨᠡᠭᠦᠳᠡᠯᠯᠡᠨ ᠮᠠᠯᠵᠢᠵᠤ ᠠᠵᠤ ᠲᠦᠷᠦᠨ ᠠᠮᠢᠳᠣᠷᠠᠳᠠᠭ ᠮᠤᠩᠭᠤᠯᠴᠣᠳ ᠲᠤ ᠠᠪᠴᠣ ᠬᠡᠯᠡᠪᠡᠯ ᠣᠰᠤ ᠪᠤᠯ ᠬᠦᠮᠦᠨ ᠮᠠᠯ ᠤᠨ ᠬᠢᠨᠢ ᠠᠮᠢ ᠨᠠᠰᠣᠨ ᠤ ᠡᠬᠢ ᠰᠣᠷᠪᠤᠯᠵᠢ ᠪᠤᠯᠳᠠᠭ ᠪᠤᠯᠬᠤᠷ ᠣᠰᠤᠨ ᠤ ᠠᠷᠢᠭᠤᠨ ᠴᠡᠪᠡᠷ ᠢ ᠬᠠᠮᠠᠭᠠᠯᠠᠵᠤ᠂ ᠠᠷᠪᠢᠯᠠᠨ ᠭᠠᠮᠨᠠᠳᠠᠭ ᠶᠤᠮ᠃ ᠲᠣᠳᠣᠷᠬᠠᠶᠢᠯᠠᠬᠤ ᠨᠢ᠄ ᠣᠰᠤ ᠶᠢ ᠠᠷᠪᠢᠯᠠᠨ ᠭᠠᠮᠨᠠᠳᠠᠭ ᠪᠤᠯᠪᠠᠴᠣ ᠬᠠᠷ᠎ᠠ ᠣᠰᠤ ᠶᠢ ᠬᠠᠷᠠᠮᠨᠠᠬᠤ ᠶᠢ ᠴᠡᠭᠡᠷᠯᠡᠳᠡᠭ᠂ ᠪᠠᠰᠠ ᠬᠠᠷ᠎ᠠ ᠣᠰᠤ ᠶᠢ ᠰᠠᠮᠤᠷᠳᠠᠭ ᠦᠭᠡᠢ ᠂ ᠬᠤᠳᠳᠤᠭ ᠠᠴᠠ ᠲᠠᠳᠠᠵᠤ ᠭᠠᠷᠭᠠᠭᠰᠠᠨ ᠬᠤᠪᠤᠭᠤ ᠲᠠᠢ ᠣᠰᠤ ᠶᠢ ᠬᠤᠳᠳᠤᠭ ᠤᠷᠤᠭᠤ ᠪᠠᠨ ᠪᠣᠴᠠᠭᠠᠵᠤ ᠬᠢᠳᠡᠭ ᠦᠭᠡᠢ ᠴᠡᠭᠡᠷ ᠶᠣᠰᠤᠨ ᠪᠤᠢ᠃ ᠠᠶᠢᠯ ᠳᠤ ᠬᠦᠮᠦᠨ ᠠᠮᠢᠳᠠᠨ ᠢᠷᠡᠬᠦ ᠦᠶ᠎ᠡ ᠳᠤ ᠬᠠᠷ᠎ᠠ ᠣᠰᠤ ᠨᠡᠷᠡᠬᠦ ︵ᠲᠣᠳᠣᠷ᠎ᠠ ᠎ ᠨᠢ ᠶᠠᠭᠤᠮ᠎ᠠ ᠬᠢᠬᠦ ᠦᠭᠡᠢ︶᠂ ᠣᠳᠠᠭᠠᠨ ᠪᠣᠴᠠᠯᠭᠠᠬᠤ ᠶᠢ ᠴᠡᠭᠡᠷᠯᠡᠳᠡᠭ᠃           3. ᠡᠪᠡᠳᠴᠢᠨ ᠤ ᠲᠣᠬᠠᠢ ᠴᠡᠭᠡᠷ ᠶᠣᠰᠤᠨ᠄ ᠠᠶᠢᠯ ᠳᠤ ᠬᠡᠷᠪᠡ ᠬᠦᠨᠳᠤ ᠡᠪᠡᠳᠴᠢᠳᠡᠨ ᠪᠤᠶᠤ ᠠᠶᠤᠯᠳᠤ ᠠᠷᠬᠠᠭ ᠲᠤ ᠨᠡᠷᠪᠡᠭᠳᠡᠭᠰᠡᠨ ᠬᠦᠮᠦᠨ ᠪᠠᠶᠢᠬᠤ ᠳᠤ ᠬᠦᠷᠪᠡᠯ᠂ ᠭᠡᠷ ᠤᠨ ᠵᠡᠭᠦᠨ ᠲᠠᠯ᠎ᠠ ᠳᠤ ᠳᠡᠭᠡᠰᠤ ᠡᠯᠭᠦᠳᠡᠭ᠃ ᠡᠨᠡ ᠨᠢ ᠠᠶᠢᠯ ᠤᠨ ᠭᠡᠷ ᠲᠤ ᠡᠪᠡᠳᠴᠢᠨ ᠲᠠᠢ ᠬᠦᠮᠦᠨ ᠪᠠᠶᠢᠭ᠎ᠠ᠂ ᠵᠤᠴᠢᠨ ᠵᠤᠴᠢᠯᠠᠬᠤ ᠲᠦᠭᠦᠮ ᠦᠭᠡᠢ ᠭᠡᠳᠡᠭ ᠢ ᠢᠯᠡᠳᠬᠡᠵᠤ ᠪᠠᠶᠢᠳᠠᠭ᠃         4. ᠲᠦᠷᠦᠵᠤ ᠮᠡᠨᠳᠦᠯᠡᠬᠦ ᠶᠢᠨ ᠴᠡᠭᠡᠷ ᠶᠣᠰᠤᠨ᠄ ᠮᠤᠩᠭᠤᠯ ᠪᠦᠰᠡᠬᠦᠶᠢᠴᠣᠳ ᠬᠡᠤᠬᠡᠳ ᠲᠦᠷᠤᠵᠤ᠂ ᠰᠠᠷ᠎ᠠ ᠳᠤ ᠰᠠᠭᠤᠭᠰᠠᠨ ᠦᠶ᠎ᠡ ᠳᠤ ᠪᠠᠨ ᠭᠠᠳᠠᠨ᠎ᠠ ᠎ ᠶᠢᠨ ᠬᠦᠮᠦᠨ ᠢ ᠣᠷᠤᠭᠤᠯᠳᠠᠭ ᠦᠭᠡᠢ᠃ ᠡᠭᠦᠳᠡᠨ ᠤ ᠳᠡᠷᠭᠡᠳᠡ ᠢᠯᠡ ᠬᠠᠷᠠᠭᠳᠠᠬᠤ ᠳᠡᠮᠳᠡᠭ ᠲᠠᠯᠪᠢᠳᠠᠭ᠃ ᠬᠡᠷᠪᠡ ᠬᠦᠪᠡᠭᠦᠨ ᠲᠦᠷᠦᠭᠰᠡᠨ ᠪᠤᠯ ᠨᠤᠮᠤ ᠰᠤᠮᠤ ᠡᠯᠭᠦᠬᠦ᠂ ᠦᠬᠢᠨ ᠲᠦᠷᠦᠭᠰᠡᠨ ᠪᠤᠯ ᠣᠯᠠᠭᠠᠨ ᠪᠦᠰ ᠣᠶᠠᠳᠠᠭ᠃ ᠵᠤᠴᠢᠨ ᠡᠨᠡᠬᠦ ᠳᠡᠮᠳᠡᠭ ᠢ ᠦᠵᠡᠪᠡᠯ ᠡᠨᠡ ᠠᠶᠢᠯ ᠤᠨ ᠪᠦᠰᠡᠬᠦᠢ ᠬᠡᠤᠬᠡᠳ ᠲᠦᠷᠦᠵᠤ᠂ ᠰᠠᠷ᠎ᠠ ᠎ ᠳᠤ ᠰᠠᠭᠤᠭᠰᠠᠨ ᠪᠠᠶᠢᠨ᠎ᠠ ᠭᠡᠵᠤ ᠮᠡᠳᠡᠭᠳ ᠭᠡᠷ ᠲᠤ ᠨᠢ ᠣᠷᠣᠳᠠᠭ ᠦᠭᠡᠢ᠃           5. ᠡᠭᠦᠳᠡᠨ ᠪᠣᠱᠤᠭᠠᠨ ᠤ ᠲᠣᠬᠠᠢ ᠴᠡᠭᠡᠷ ᠶᠣᠰᠤᠨ᠄ ᠡᠭᠦᠳᠡᠨ ᠪᠣᠱᠣᠭᠠᠨ ᠳᠡᠭᠡᠷ᠎ᠡ ᠭᠢᠰᠭᠢᠳᠡᠭ ᠦᠭᠡᠢ᠂ ᠭᠡᠷ ᠲᠤ ᠣᠷᠤᠵᠤ ᠭᠠᠷᠬᠤ ᠳᠤ ᠪᠠᠨ ᠡᠭᠦᠳᠡᠨ ᠪᠣᠱᠤᠭᠠᠨ ᠳᠡᠭᠡᠷ᠎ᠡ ᠶᠠᠭᠠᠬᠢᠭᠰᠠᠨ ᠴᠦ ᠭᠢᠰᠭᠢᠳᠡᠭ ᠦᠭᠡᠢ᠃ ᠲᠠᠷᠢᠶᠠᠯᠠᠬᠤ ᠣᠷᠤᠨ᠂ ᠬᠠᠭᠠᠰ ᠲᠠᠷᠢᠶᠠᠯᠠᠬᠤ ᠣᠷᠤᠨ ᠪᠤᠶᠤ ᠬᠠᠭᠠᠰ ᠮᠠᠯᠵᠢᠬᠤ ᠣᠷᠤᠨ ᠤ ᠮᠤᠩᠭᠤᠯᠴᠣᠳ ᠡᠨᠡᠬᠦ ᠴᠡᠭᠡᠷ ᠢ ᠶᠡᠬᠡᠳᠡ ᠡᠷᠬᠢᠮᠯᠡᠳᠡᠭ᠃ ᠡᠷᠳᠡᠨ ᠳᠤ ᠵᠠᠷᠢᠮ ᠬᠦᠮᠦᠨ ᠬᠢᠴᠢᠶᠡᠮᠵᠢ ᠦᠭᠡᠢ ᠠᠴᠠ ᠪᠤᠯᠵᠤ ᠮᠤᠩᠭᠤᠯ ᠤᠨ ᠬᠠᠭᠠᠨ ᠤ ᠣᠷᠳᠤᠨ ᠤ ᠡᠭᠦᠳᠡᠨ ᠪᠤᠱᠣᠭᠠᠨ ᠳᠡᠭᠡᠷ᠎ᠡ ᠭᠢᠰᠭᠢᠭᠰᠡᠨ ᠠᠴᠠ ᠪᠤᠯᠵᠤ ᠴᠠᠭᠠᠵᠠᠯᠠᠭᠤᠯᠤᠭᠰᠠᠨ ᠶᠠᠪᠣᠳᠠᠯ ᠪᠤᠢ᠃ ᠡᠭᠦᠳᠡᠨ ᠪᠣᠱᠤᠭ᠎ᠠ ᠶᠢᠨ ᠴᠡᠭᠡᠷ ᠶᠣᠰᠤ ᠶᠢ ᠴᠢᠩᠭᠢᠰ ᠬᠠᠭᠠᠨ ᠤ ︽ᠶᠡᠭᠡ ᠵᠠᠰᠠᠭ︾᠎ ᠲᠤ ᠲᠣᠭᠳᠠᠭᠠᠭᠰᠠᠨ ᠪᠠᠶᠢᠳᠠᠭ᠃ ᠡᠨᠡᠬᠦ ᠴᠡᠭᠡᠷ ᠶᠣᠰᠤᠨ ᠣᠳᠤ ᠪᠤᠯᠳᠠᠯ᠎ᠠ ᠣᠯᠠᠮᠵᠢᠯᠠᠭᠳᠠᠭᠰᠠᠭᠠᠷ ᠪᠠᠶᠢᠨ᠎ᠠ᠃            6. ᠲᠤᠯᠤᠭᠠᠢ ᠢᠯᠪᠢᠵᠤ ᠪᠤᠯᠳᠠᠭ ᠦᠭᠡᠢ ᠴᠡᠭᠡᠷ ᠶᠣᠰᠣᠨ᠄ ᠮᠤᠩᠭᠤᠯᠴᠣᠳ ᠤᠨ ᠲᠣᠮᠳᠠ ᠦᠯᠤ ᠲᠠᠨᠢᠬᠤ ᠬᠦᠮᠦᠨ᠂ ᠬᠡᠤᠬᠡᠳ ᠤᠨ ᠲᠣᠯᠣᠭᠠᠢ ᠶᠢ ᠢᠯᠪᠢᠵᠤ ᠪᠤᠯᠳᠠᠭ ᠦᠭᠡᠢ ᠶᠣᠰᠤᠨ ᠪᠤᠢ᠃ ᠬᠠᠭᠤᠴᠢᠨ ᠤ ᠦᠵᠡᠯᠳᠡ ᠪᠠᠷ ᠪᠤᠯ ᠦᠯᠤ ᠲᠠᠨᠢᠬᠤ ᠬᠦᠮᠦᠨ ᠤ ᠭᠠᠷ ᠪᠣᠵᠠᠷ᠂ ᠭᠠᠢ ᠪᠠᠷᠴᠢᠳ ᠲᠠᠢ ᠪᠠᠶᠢᠳᠠᠭ᠃ ᠡᠶᠢᠮᠤ ᠎ ᠠᠴᠠ ᠦᠯᠤ ᠲᠠᠨᠢᠬᠤ ᠬᠦᠮᠦᠨ ᠬᠡᠤᠬᠡᠳ ᠤᠨ ᠲᠣᠯᠤᠭᠠᠢ ᠶᠢ ᠢᠯᠪᠢᠪᠠᠯ ᠬᠡᠤᠬᠡᠳ ᠤᠨ ᠡᠷᠡᠭᠦᠯ ᠮᠡᠨᠳᠣ ᠳᠤ ᠠᠰᠢᠭ ᠦᠭᠡᠢ ᠭᠡᠵᠤ ᠦᠵᠡᠳᠡᠭ᠃          7. ᠨᠤᠬᠠᠢ ᠴᠣᠬᠢᠳᠠᠭ ᠦᠭᠡᠢ ᠴᠡᠭᠡᠷ ᠶᠣᠰᠤᠨ᠄ ᠮᠠᠯᠴᠢᠨ ᠠᠶᠢᠯ ᠳᠤ ᠣᠴᠢᠬᠤ ᠳᠤ ᠪᠠᠨ ᠠᠶᠢᠯ ᠤᠨ ᠭᠡᠷ ᠤᠨ ᠭᠠᠳᠠᠨ᠎ᠠ ᠠᠭᠠᠵᠢᠭᠤ ᠬᠦᠷᠴᠤ ᠠᠨᠢᠷ ᠴᠢᠮᠡᠭᠡ ᠦᠭᠴᠤ᠂ ᠭᠡᠷ ᠤᠨ ᠡᠵᠡᠨ ᠭᠠᠷᠴᠣ ᠢᠷᠡᠭᠡᠳ ᠣᠭᠳᠣᠬᠤ ᠶᠢ ᠬᠦᠯᠢᠶᠡᠬᠦ ᠶᠢᠨ ᠬᠠᠮᠳᠤ ᠨᠣᠬᠠᠢ ᠶᠢᠨ ᠪᠠᠶᠢᠳᠠᠯ ᠢ ᠰᠠᠶᠢᠳᠣᠷ ᠠᠩᠬᠠᠷᠤᠭᠰᠠᠨ ᠳᠠᠷᠠᠭ᠎ᠠ ᠰᠠᠶ᠋ᠢ ᠤᠨᠤᠭᠠᠨ ᠠᠴᠠ ᠪᠠᠨ ᠪᠠᠭᠤᠳᠠᠭ᠃ ᠡᠨᠡ ᠨᠢ ᠠᠶᠢᠯ ᠤᠨ ᠨᠤᠬᠠᠢ ᠳᠤ ᠬᠠᠵᠠᠭᠳᠠᠬᠤ ᠠᠴᠠ ᠰᠡᠷᠭᠡᠶᠢᠯᠡᠵᠤ ᠪᠠᠶᠢᠭ᠎ᠠ ᠶᠢᠨ ᠬᠡᠷᠡᠭ ᠪᠢᠯᠡ᠃ ᠠᠶᠢᠯ ᠤᠨ ᠨᠤᠬᠠᠢ ᠶᠢ ᠵᠤᠳᠤᠵᠤ ᠴᠣᠬᠢᠬᠤ ᠪᠤᠶᠤ ᠬᠠᠷᠢᠶᠠᠵᠤ ᠵᠦᠬᠡᠬᠦ ᠶᠢ ᠴᠡᠭᠡᠷᠯᠡᠳᠡᠭ᠃ ᠣᠴᠢᠷ ᠨᠢ ᠮᠤᠩᠭᠤᠯᠴᠣᠳ ᠨᠤᠬᠠᠢ ᠶᠢ ᠨᠦᠬᠦᠷ ᠢᠶᠠᠨ ᠭᠡᠵᠤ ᠦᠵᠡᠳᠡᠭ ᠪᠦᠭᠡᠳ ᠡᠷᠳᠡᠨ ᠳᠤ ᠨᠤᠬᠠᠢ ᠶᠢ ᠠᠶᠢᠯ ᠤᠨ ᠨᠢᠭᠡ ᠪᠦᠯᠢ ᠪᠠᠷ ᠪᠣᠳᠣᠳᠠᠭ ᠪᠠᠶᠢᠭᠰᠡᠨ ᠭᠡᠳᠡᠭ᠃         8. ᠵᠤᠴᠢᠯᠠᠭᠤᠯᠬᠤ ᠴᠡᠭᠡᠷ ᠶᠣᠰᠤᠨ᠄ ᠵᠤᠴᠢᠨ ᠭᠡᠷ ᠲᠤ ᠣᠷᠤᠬᠤ ᠦᠶ᠎ᠡ ᠳᠤ ᠲᠡᠪᠡᠯ ᠬᠤᠪᠴᠠᠰᠣ ᠪᠠᠨ ᠠᠩᠬᠠᠷᠴᠤ ᠲᠡᠷᠢ ᠲᠡᠭᠰᠢ ᠪᠠᠶᠢᠯᠭᠠᠬᠤ᠂ ᠠᠶᠢᠯ ᠤᠨ ᠭᠡᠷ ᠲᠤ ᠲᠠᠰᠢᠭᠤᠷ ᠰᠢᠯᠪᠡᠭᠦᠷ᠂ ᠲᠡᠭᠡᠰᠤ ᠠᠪᠴᠤ ᠣᠷᠣᠳᠠᠭ ᠦᠭᠡᠢ᠂ ᠲᠠᠰᠢᠭᠤᠷ ᠢᠶᠠᠨ ᠠᠶᠢᠯ ᠤᠨ ᠭᠡᠷ ᠤᠨ ᠪᠠᠷᠠᠭᠤᠨ ᠲᠠᠯ᠎ᠠ ᠳᠤ ᠭᠡᠷ ᠲᠦᠰᠢᠭᠦᠯᠦᠨ ᠪᠣᠰᠤᠭ᠎ᠠ ᠲᠠᠯᠪᠢᠳᠠᠭ᠃ ᠭᠡᠷ ᠲᠤ ᠣᠷᠤᠭᠰᠠᠨ ᠳᠠᠷᠠᠭ᠎ᠠ ᠪᠤᠷᠬᠠᠨ ᠤ ᠬᠢᠨᠢ ᠡᠮᠦᠨ᠎ᠡ ᠰᠠᠭᠤᠳᠠᠭ ᠦᠭᠡᠢ᠂ ᠪᠠᠷᠠᠭᠤᠨ ᠲᠠᠯ᠎ᠠ ᠳᠤ ᠨᠢ ᠰᠠᠭᠤᠳᠠᠭ᠃ ᠬᠡᠷᠪᠡ ᠴᠡᠭᠡᠷ ᠶᠣᠰᠤ ᠶᠢ ᠲᠠᠭᠠᠬᠤ ᠦᠭᠡᠢ ᠪᠤᠯ ᠠᠶᠢᠯ ᠤᠨ ᠬᠦᠮᠦᠨ ᠢ ᠬᠦᠨᠳᠦᠳᠬᠡᠵᠤ ᠦᠭᠡᠢ ᠳᠤ ᠲᠣᠭᠠᠴᠢᠭᠳᠠᠨ᠎ᠠ᠃    
ᠢᠷᠡᠯᠲᠡ᠄ ᠬᠤᠯᠪᠤᠭ᠎ᠠ ᠰᠦᠯᠵᠢᠶ᠎ᠡ