ᠡᠵᠡᠨ ᠬᠤᠷᠤᠭ᠎ᠠ ᠬᠤᠰᠢᠭᠤᠨ ᠤ ᠠᠯᠳᠠᠨᠰᠢᠷᠡᠬᠡᠳᠤ ᠪᠠᠯᠭᠠᠰᠤᠨ ᠳᠤ ᠵᠢᠶᠦ᠋ᠨ ᠸᠠᠩ ᠤᠨ ᠤᠷᠳᠤᠨ ᠬᠡᠵᠦ ᠬᠠᠭᠤᠴᠢ ᠪᠠᠷᠢᠯᠭ᠎ᠠ ᠪᠠᠶᠢᠳᠠᠭ᠃ ᠡᠨᠡ ᠤᠷᠳᠤᠨ | ᠤᠨ ᠵᠢᠯ ᠤᠨ ᠤᠷᠴᠢᠯ ᠳᠤ ᠲᠠᠪᠳᠠᠬᠳᠠᠬᠰᠠᠭᠠᠷ ᠴᠤᠷ ᠤᠨ ᠭᠠᠭᠴᠠ ︽ᠰᠤᠶᠤᠯ ᠤᠨ ᠬᠤᠪᠢᠰᠬᠠᠯ︾ ᠤᠨ ᠲᠤᠮᠳᠠ ᠨᠤᠷᠠᠭᠠᠭᠳᠠᠬᠰᠠᠨ ᠦᠬᠡᠢ ᠪᠦᠳᠦᠨ ᠬᠡᠪ ᠢᠶᠠᠷ | ᠦᠯᠡᠳᠡᠭᠰᠡᠨ ᠸᠠᠩ ᠤᠨ ᠤᠷᠳᠤᠨ ᠪᠠᠶᠢᠪᠠ᠃ ᠵᠢᠶᠦ᠋ᠨ ᠸᠠᠩ ᠤᠨ ᠤᠷᠳᠤᠨ ᠪᠤᠯ ᠵᠢᠶᠦ᠋ᠨ ᠸᠠᠩ ᠤᠨ ᠬᠤᠰᠢᠭᠤ ᠵᠠᠰᠠᠭ ᠪᠠᠷᠢᠬᠤ ᠬᠤᠪᠢ ᠶᠢᠨ ᠤᠷᠳᠤᠨ ᠮᠥᠨ᠃ | ᠲᠤᠬᠠᠢ ᠶᠢᠨ ᠦᠶ᠎ᠠ ᠳᠤ ᠬᠤᠰᠢᠭᠤᠨ ᠤ ᠨᠢᠬᠡ ᠪᠦᠯᠦᠭ ᠠᠯᠪᠠᠨ ᠪᠠᠶᠢᠭᠤᠯᠭ᠎ᠠ ᠨᠢ ᠡᠨᠡ ᠬᠦᠷᠢᠶᠠᠨ ᠲᠤᠳᠤᠷ᠎ᠠ ᠠᠯᠪᠠᠯᠠᠵᠦ ᠪᠠᠶᠢᠬᠰᠠᠨ ᠠᠴᠠ ᠬᠠᠭᠤᠴᠢᠨ ᠤ ᠦᠯᠡᠳᠡᠭᠳᠡᠯ | ᠪᠤᠯᠤᠬᠰᠠᠨ ᠬᠡᠷ ᠪᠠᠶᠢᠰᠢᠩ ᠨᠢ ᠵᠤᠯ ᠢᠶᠠᠷ ᠦᠢᠮᠡᠬᠡᠨ ᠲᠠᠪᠵᠢᠶᠠᠨ ᠤ ᠬᠦᠯ ᠠᠴᠠ ᠮᠤᠯᠳᠤᠷᠠᠵᠦ ᠭᠠᠷᠤᠬᠰᠠᠨ ᠪᠠᠶᠢᠨ᠎ᠠ᠃ ᠤᠯᠠᠨ ᠸᠠᠩ ᠨᠤᠶᠠᠳ ᠤᠨ ᠦᠶ᠎ᠠ ᠤᠯᠠᠷᠢᠨ | ᠵᠠᠯᠭᠠᠮᠵᠢᠯᠠᠬᠰᠠᠨ ᠢᠶᠠᠷ᠂ ᠸᠠᠩ ᠤᠨ ᠤᠷᠳᠤᠨ ᠴᠤ ᠤᠯᠨᠨᠳᠠ ᠨᠡᠬᠦᠵᠦ ᠪᠠᠶᠢᠵᠡᠢ᠃ ᠪᠠᠳᠠᠷᠠᠭᠤᠯᠳᠤ ᠲᠦᠷᠦ ᠶᠢᠨ ᠬᠤᠷᠢᠨ ᠨᠠᠢᠮᠠᠨ ᠤᠨ ︵1902 ᠤᠨ︶ ᠳᠤ᠂ | ᠵᠢᠶᠦ᠋ᠨ ᠸᠠᠩ ᠤᠨ ᠬᠤᠰᠢᠭᠤᠨ ᠤ ᠠᠷᠪᠠᠨ ᠲᠦᠷᠪᠡᠳᠦᠬᠡᠷ ᠦᠶ᠎ᠠ ᠶᠢᠨ ᠵᠠᠰᠠᠭᠳᠤ ᠲᠡᠬᠦᠰᠠᠠᠯᠳᠠᠨᠬᠤᠶᠠᠬᠳᠤ ᠤᠷᠤ ᠵᠠᠯᠭᠠᠮᠵᠢᠯᠠᠬᠰᠠᠨ ᠤ ᠲᠠᠷᠠᠭ᠎ᠠ᠂ ᠵᠢᠶᠦ᠋ᠨ ᠸᠠᠩ ᠤᠨ | ᠤᠷᠳᠤᠨ ᠤᠳᠤ ᠶᠢᠨ ᠪᠠᠶᠢᠭ᠎ᠠ ᠭᠠᠵᠠᠷ ᠲᠤ ᠨᠡᠬᠦᠵᠦ ᠢᠷᠡᠵᠡᠢ᠃ | ᠦᠢᠷ᠎ᠠ ᠶᠢᠨ ᠵᠢᠯ ᠳᠤ ᠡᠵᠡᠨ ᠬᠤᠷᠤᠭ᠎ᠠ ᠬᠤᠰᠢᠭᠤᠨ ᠤ ᠵᠠᠰᠠᠭ ᠤᠨ ᠤᠷᠳᠤᠨ ᠦᠯᠡᠮᠵᠢ ᠮᠦᠡᠭᠬᠦ ᠵᠤᠭᠤᠰ ᠭᠠᠷᠭᠠᠵᠦ ᠡᠨᠡ ᠸᠠᠩ ᠤᠨ ᠤᠷᠳᠤᠨ ᠤ | ᠬᠠᠭᠤᠴᠢᠨ ᠮᠠᠭᠤᠳᠠᠬᠰᠠᠨ ᠵᠢᠷᠤᠭ ᠤᠷᠠᠯᠠᠯ ᠢ ᠲᠡᠬᠢᠵᠦ ᠰᠢᠨᠡᠳᠬᠡᠨ ᠰᠢᠷᠳᠠᠵᠦ᠂ ᠬᠤᠰᠢᠭᠤᠨ ᠤ ︽ᠲᠡᠤᠬᠡᠳᠤ ᠲᠤᠷᠠᠰᠬᠠᠯ ᠤᠨ ᠮᠦᠽᠸᠢ︾ ᠪᠤᠯᠭᠠᠨ ᠭᠠᠳᠠᠭᠠᠳᠤ | ᠲᠤᠳᠤᠭᠠᠳᠤ ᠶᠢᠨ ᠰᠤᠨᠢᠷᠬᠠᠬᠴᠢᠳ ᠲᠤ ᠦᠵᠡᠮᠤᠷᠢ ᠪᠤᠯᠭᠠᠨ ᠨᠡᠬᠡᠬᠡᠭᠰᠡᠨ ᠪᠠᠶᠢᠨ᠎ᠠ᠃ ᠵᠢᠶᠦ᠋ᠨ ᠸᠠᠩ ᠤᠨ ᠤᠷᠳᠤᠨ ᠨᠢ ᠡᠷᠳᠡᠨ ᠤ ᠪᠠᠷᠢᠯᠭ᠎ᠠ ᠶᠢᠨ ᠭᠤᠴᠤ ᠰᠠᠶᠢᠬᠠᠨ | ᠲᠦᠷᠬᠦ ᠪᠠᠶᠢᠳᠠᠯ ᠢ ᠢᠯᠡᠷᠡᠬᠦᠯᠵᠦ᠂ ᠤᠯᠠᠭᠠᠨ ᠡᠬᠦᠳᠡ᠂ ᠤᠯᠠᠭᠠᠨ ᠪᠠᠭᠠᠨ᠎ᠠ᠂ ᠦᠨᠳᠦᠷ ᠲᠤᠭᠤᠰᠬᠠᠨ ᠬᠠᠶᠢᠰᠠᠩ ᠲᠠᠢ ᠬᠡᠷᠡᠮ᠂ ᠪᠡᠯᠬᠡᠳᠤ ᠬᠦᠷᠦᠬᠡᠰᠤ᠂ ᠯᠤᠤ | ᠭᠠᠷᠤᠳᠡᠢ᠂ ᠦᠡᠭᠬᠡᠳᠤ ᠲᠡᠬᠡᠪᠦᠷ ᠤᠨ ᠠᠮᠢᠳᠠᠨ ᠠᠷᠢᠶᠠᠳᠠᠨ ᠤ ᠴᠢᠮᠡᠭᠯᠡᠯ ᠤᠳ ᠨᠢ ᠠᠯᠳᠠᠨ ᠰᠢᠷᠭᠠᠯ ᠨᠠᠷᠠᠨ ᠤ ᠬᠡᠷᠡᠯ ᠳᠤ ᠲᠤᠶᠠᠭᠠᠷᠠᠨ ᠦᠡᠭᠬᠡ ᠶᠢᠨ ᠦᠵᠡᠮᠵᠢ ᠲᠠᠢ | ᠬᠠᠷᠠᠬᠳᠠᠨ᠎ᠠ᠃ ᠤᠷᠳᠤᠨ ᠤ ᠲᠤᠳᠤᠷ᠎ᠠ ᠠᠯᠬᠤᠯᠠᠬᠤ ᠳᠤ ᠬᠤᠸᠠᠷ ᠴᠡᠴᠡᠭ ᠤᠨ ᠦᠨᠦᠷ ᠰᠡᠩᠬᠢᠨᠡᠵᠦ᠂ ᠦᠷᠬᠦᠬᠡ ᠬᠡᠷ ᠨᠢ ᠤᠨᠳᠠᠬᠤ ᠠᠮᠠᠷᠠᠬᠤ ᠲᠠᠰᠤᠯᠭ᠎ᠠ᠂ | ᠵᠤᠴᠢᠯᠠᠬᠤ ᠲᠠᠰᠤᠯᠭ᠎ᠠ ᠬᠡᠳ ᠲᠤᠳᠤᠷᠬᠠᠢ ᠬᠤᠪᠢᠶᠠᠷᠢᠯᠠᠯ ᠲᠠᠢ᠂ ᠲᠤᠳᠤᠷᠠᠬᠢ ᠡᠳ᠋ᠯᠡᠯ ᠬᠡᠷᠡᠭᠰᠡᠯ ᠨᠢ ᠪᠦᠷᠢᠨ ᠲᠦᠬᠦᠷ᠂ ᠰᠢᠷᠡᠭᠡ ᠰᠠᠨᠳᠠᠯᠢ ᠠᠪᠳᠠᠷ᠎ᠠ ᠱᠦᠬᠦᠢ ᠨᠢ | ᠡᠷᠬᠢᠮ ᠸᠠᠩ ᠬᠦᠡᠭ ᠤᠨ ᠡᠳ᠋ᠯᠡᠳᠡᠭ ᠯᠤᠤ ᠶᠢᠨ ᠬᠤᠸᠡᠷ ᠲᠠᠢ᠂ ᠠᠯᠢ ᠰᠠᠶᠢᠬᠠᠨ ᠴᠢᠮᠡᠭᠯᠡᠯ ᠲᠠᠢ ᠪᠠᠶᠢᠯ᠎ᠠ᠃ | ᠸᠡᠩ ᠤᠨ ᠤᠷᠳᠤᠨ ᠤ ᠠᠷᠤ ᠡᠮᠦᠨ᠎ᠠ ᠬᠦᠷᠢᠶ᠎ᠠ ᠨᠢ ᠬᠤᠶᠠᠷ ᠬᠤᠤᠰ ᠠᠯᠳᠠ ᠭᠠᠷᠤᠢ ᠦᠨᠳᠦᠷ ᠬᠦᠬᠡ ᠲᠤᠭᠤᠰᠬ᠎ᠠ ᠪᠠᠷ ᠪᠤᠰᠬᠠᠬᠰᠠᠨ ᠬᠡᠷᠡᠮ ᠢᠶᠠᠷ | ᠵᠠᠯᠭᠠᠯᠳᠤᠵᠦ᠂ ᠬᠡᠷᠡᠮ ᠲᠡᠭᠡᠷ᠎ᠠ ᠨᠢ ᠬᠤᠳᠠ ᠶᠢᠨ ᠬᠠᠶᠢᠰᠠᠩ ᠪᠤᠰᠬᠠᠵᠦ ᠰᠡᠷᠬᠡᠶᠢᠯᠠᠨ ᠬᠠᠮᠠᠭᠠᠯᠠᠯᠳᠠ ᠬᠢᠵᠡᠢ᠃ ᠶᠡᠷᠦᠩᠬᠡᠢ ᠳᠡᠭᠡᠨ ᠲᠤᠭᠤᠰᠬ᠎ᠠ᠂ ᠮᠤᠳᠤ᠂ ᠬᠠᠳᠠ ᠪᠠᠷ | ᠲᠡᠭᠰᠢ ᠤᠷᠤᠢ ᠪᠠ ᠠᠭᠤᠯᠠ ᠶᠢᠨ ᠤᠷᠤᠢ ᠶᠢᠨ ᠬᠡᠯᠪᠡᠷᠢᠳᠡᠢ ᠪᠤᠰᠬᠠᠵᠦ᠂ ᠮᠤᠩᠭᠤᠯ᠂ ᠲᠦᠪᠡᠳ᠂ ᠬᠢᠳᠠᠳ ᠪᠠᠷᠢᠯᠭ᠎ᠠ ᠶᠢᠨ ᠤᠨᠴᠯᠠᠢᠭ ᠢ ᠨᠢᠬᠡᠳᠬᠡᠭᠰᠡᠨ ᠪᠠᠶᠢᠳᠠᠭ᠃ | ︽ᠶᠡᠭᠡ ᠵᠤᠤ ᠠᠶᠢᠮᠠᠭ ᠤᠨ ᠤᠢᠢᠯᠠᠯᠭ᠎ᠠ︾ ᠳᠤ ︽ᠵᠢᠷᠤᠬᠳᠤ ᠲᠡᠬᠡᠪᠦᠷᠢ᠂ ᠯᠤᠤ ᠶᠢᠨ ᠬᠤᠸᠠᠷᠳᠤ ᠴᠢᠮᠡᠭᠯᠡᠯ ᠢᠶᠠᠷ ᠢᠶᠠᠨ ᠡᠷᠬᠢᠮᠰᠦᠭ ᠭᠤᠶᠢᠳᠠ ᠬᠠᠷᠠᠬᠳᠠᠯ ᠲᠠᠢ᠂ ᠶᠡᠭᠡ | ᠵᠤᠤ ᠶᠢᠨ ᠬᠠᠮᠤᠭ ᠤᠨ ᠰᠢᠨ᠎ᠠ ᠸᠠᠩ ᠤᠨ ᠤᠷᠳᠤᠨ ᠮᠥᠨ︾ ᠬᠡᠵᠦ ᠱᠠᠬᠰᠢᠬᠳᠠᠨ ᠪᠢᠴᠢᠭᠳᠡᠵᠡᠢ᠃ | ᠴᠢ ᠵᠦᠡᠭ ᠢ 1949 ᠤᠨ ᠤ 3 ᠰᠠᠷ᠎ᠠ ᠳᠤ ᠡᠵᠡᠨ ᠬᠤᠷᠤᠭ᠎ᠠ ᠬᠤᠰᠢᠭᠤᠨ ᠤ ᠬᠠᠮᠤᠭ ᠰᠡᠬᠦᠯᠴᠢ ᠶᠢᠨ ᠵᠠᠰᠠᠭ ᠸᠠᠩ ᠰᠠᠭᠤᠵᠦ᠂ 1949 ᠤᠨ ᠤ 9 | ᠰᠠᠷ᠎ᠠ ᠶᠢᠨ 19 ᠤ ᠡᠳᠦᠷ᠂ ᠲᠡᠤᠬᠡ ᠶᠢᠨ ᠶᠡᠭᠡ ᠤᠷᠤᠰᠬᠠᠯ ᠢ ᠠᠶᠡᠳᠡᠨ ᠲᠠᠭᠠᠵᠦ᠂ ᠰᠦᠢᠶᠦᠸᠡᠨ ᠤ ︽9•19︾ ᠶᠢᠨ ᠪᠤᠰᠤᠯᠭ᠎ᠠ ᠳᠤ ᠤᠷᠤᠯᠴᠠᠵᠡᠢ᠃ | ᠰᠡᠬᠦᠯᠡᠷ ᠨᠢ ᠡᠵᠡᠨ ᠬᠤᠷᠤᠭ᠎ᠠ ᠬᠤᠰᠢᠭᠤᠨ ᠤ ᠬᠤᠰᠢᠭᠤᠨ ᠲᠠᠷᠤᠭ᠎ᠠ ᠶᠢᠨ ᠲᠤᠰᠢᠶᠠᠯ ᠢ ᠬᠠᠷᠢᠭᠤᠴᠠᠪᠠ᠃ 1954 ᠤᠨ ᠳᠤ ᠴᠢᠩᠬᠢᠰ ᠬᠠᠭᠠᠨ ᠤ ᠤᠩᠭᠤᠨ ᠢ | ᠤᠬᠳᠤᠨ ᠠᠪᠴᠢᠷᠠᠬᠤ ᠲᠦᠯᠦᠬᠡᠯᠡᠭᠴᠢᠳ ᠤᠨ ᠬᠡᠰᠢᠬᠦᠨ ᠤ ᠬᠤᠪᠢ ᠪᠠᠷ ᠬᠦᠬᠡᠨᠠᠭᠤᠷ ᠮᠤᠵᠢ ᠶᠢᠨ ᠬᠦᠮᠪᠤᠨ ᠬᠡᠶᠢᠳ ᠲᠤ ᠬᠦᠷᠴᠤ᠂ ᠨᠡᠬᠦᠯᠬᠡᠨ ᠠᠪᠴᠢᠷᠠᠬᠤ | ᠶᠤᠰᠤᠯᠠᠯ ᠳᠤ ᠤᠷᠤᠯᠴᠠᠨ᠂ ᠴᠢᠩᠬᠢᠰ ᠤᠨ ᠤᠡᠭᠭᠤᠨ ᠢ ᠤᠭ ᠨᠤᠳᠤᠭ ᠲᠤᠨᠢ ᠬᠠᠮᠠᠭᠠᠯᠠᠨ ᠬᠦᠷᠬᠡᠵᠡᠢ᠃ ᠲᠡᠷᠡ ᠪᠤᠯ ᠴᠢᠩᠬᠢᠰ ᠬᠠᠭᠠᠨ ᠤ 34 ᠦᠶ᠎ᠠ ᠶᠢᠨ ᠬᠤᠶᠢᠴᠢ | ᠮᠥᠨ᠃ 1956 ᠤᠨ ᠳᠤ ᠶᠡᠭᠡ ᠵᠤᠤ ᠠᠶᠢᠮᠠᠭ ᠤᠨ ᠲᠡᠳ᠋ ᠲᠠᠷᠤᠭ᠎ᠠ ᠶᠢᠨ ᠲᠤᠰᠢᠶᠠᠯ ᠢ ᠬᠠᠷᠢᠭᠤᠴᠠᠵᠦ ᠪᠠᠶᠢᠪᠠ᠃ ᠤᠷᠠᠨ ᠵᠤᠬᠢᠶᠠᠯ᠂ ᠲᠡᠤᠬᠡ ᠰᠤᠳᠤᠯᠤᠯ ᠵᠡᠷᠬᠡ | ᠤᠯᠠᠨ ᠰᠠᠶᠢᠬᠠᠨ ᠪᠦᠳᠦᠬᠡᠯ ᠲᠠᠢ ᠪᠢᠯᠡ᠃ | | |