ᠬᠤᠷᠣᠭᠠᠨᠴᠠᠶᠢᠳᠠᠮ ᠭᠡᠮᠡᠬᠦ ᠨᠡᠷ᠎ᠡ ᠶᠢᠨ ᠢᠷᠡᠯᠲᠡ
ᠨᠡᠶᠢᠲᠡᠯᠡᠭᠰᠡᠨ ᠴᠠᠭ᠄
2023/5/24
    ᠬᠤᠷᠤᠭᠠᠠᠴᠠᠶᠢᠳᠠᠮ ᠰᠤᠮᠤᠨ ᠤ ᠳᠦᠪ ᠰᠠᠭᠤᠭ᠎ᠠ ᠬᠤᠷᠤᠭᠠᠨ ᠵᠤᠤ ᠠᠴᠠ ᠡᠮᠦᠨᠡᠰᠢ ᠪᠠᠨ ᠳᠠᠪᠤᠨ ᠭᠠᠵᠠᠷ ᠤᠨ ᠵᠠᠶᠢᠳᠠᠢ ᠨᠢᠬᠡᠨ ᠴᠠᠶᠢᠳᠠᠮ ᠪᠠᠶᠢᠳᠠᠭ᠃ ᠬᠤᠶᠠᠷ ᠨᠤᠮᠤᠭᠤ ᠶᠢᠨ ᠤᠷᠤᠢ ᠶᠢᠨ ᠬᠤᠶᠢᠳᠤ ᠪᠡᠶ᠎ᠡ ᠳᠠᠬᠢ ᠬᠠᠳᠠᠨ ᠡᠩᠬᠡᠷ ᠠᠴᠠ ᠡᠬᠢ ᠠᠪᠴᠤ ᠬᠤᠶᠢᠰᠢ ᠪᠠᠨ ᠦᠷᠬᠦᠯᠵᠢᠯᠡᠨ ᠬᠤᠷᠤᠭᠠᠨ ᠵᠤᠤ ᠶᠢᠨ ᠡᠮᠦᠨ᠎ᠡ ᠬᠦᠷᠴᠦ ᠡᠷᠬᠢᠬᠡᠳ ᠪᠠᠷᠠᠭᠤᠨᠰᠢ ᠪᠠᠨ ᠭᠤᠷᠪᠠᠨ ᠤᠯᠠᠭᠠᠨ ᠰᠡᠬᠡᠷ ᠤᠨ ᠠᠷᠤ ᠪᠠᠷ ᠪᠤᠷᠤᠳᠤᠯᠤᠭᠠᠢ ᠶᠢᠨ ᠤᠷᠢᠳᠤ ᠬᠦᠪᠡᠭᠡ ᠶᠢ ᠲᠠᠭᠠᠨ᠂ ᠬᠦᠬᠡ ᠳᠠᠯ᠎ᠠ ᠶᠢᠨ ᠵᠡᠬᠦᠨᠳᠡᠢ ᠬᠦᠷᠦᠭᠰᠡᠨ ᠴᠠᠶᠢᠳᠠᠮ ᠢ ᠪᠠᠶᠠᠨ ᠴᠠᠶᠢᠳᠠᠮ ᠬᠡᠳᠡᠭ᠃ ᠡᠨᠡᠬᠦ ᠴᠠᠶᠢᠳᠠᠮ ᠤᠨ ᠵᠡᠬᠦᠨ ᠬᠡᠰᠡᠭ ᠤᠨ ᠳᠤᠮᠳᠠᠭᠤᠷ ᠨᠢ ᠰᠠᠳᠠᠭ ᠤᠨ ᠭᠤᠤᠯ ᠤᠷᠤᠰᠴᠤ ᠬᠤᠶᠢᠰᠢ ᠪᠠᠨ ᠤᠯᠠᠭᠠᠨ ᠳᠤᠭᠤᠷᠢᠮ ᠳᠤ ᠴᠢᠳᠬᠤᠵᠤ ᠪᠠᠶᠢᠳᠠᠭ᠃ ᠭᠤᠤᠯ ᠤᠨ ᠳᠤᠮᠳᠠ ᠬᠡᠰᠡᠭ ᠪᠠ ᠵᠠᠷᠢᠮ ᠭᠠᠵᠠᠷ ᠲᠤᠨᠢ ᠳᠡᠮᠡᠭᠡᠨ ᠴᠦᠬᠦᠷᠦᠮ᠂ ᠮᠤᠷᠢᠨ ᠴᠦᠬᠦᠷᠦᠮ ᠬᠡᠬᠦ ᠬᠦᠨ ᠤᠰᠤ ᠲᠠᠢ ᠪᠤᠯᠤᠩ ᠳᠤᠬᠤᠢ ᠪᠤᠢ᠃ ᠪᠠᠶᠠᠨ ᠴᠠᠶᠢᠳᠠᠮ ᠤᠨ ᠡᠮᠦᠨᠡᠬᠢ ᠭᠤᠷᠪᠠᠨ ᠰᠡᠬᠡᠷ ᠤᠨ ᠠᠰ ᠬᠤᠶᠢᠰᠢ ᠵᠦᠭ ᠲᠤ ᠬᠤᠷᠤᠭᠠᠨ ᠵᠤᠤ ᠶᠢᠨ ᠪᠠᠷᠠᠭᠤᠨ ᠪᠡᠶ᠎ᠡ ᠪᠠᠷ ᠠᠷᠤᠰᠢ ᠪᠠᠨ ᠤᠯᠠᠭᠠᠨ ᠳᠤᠭᠤᠷᠢᠮ ᠬᠦᠷᠦᠭᠰᠡᠨ ᠴᠠᠶᠢᠳᠠᠮ ᠢ ᠦᠬᠡᠬᠦ ᠶᠢᠨ ᠴᠠᠶᠢᠳᠠᠮ ᠬᠡᠳᠡᠭ᠃ ᠬᠤᠷᠤᠭᠠᠨ ᠵᠤᠤ ᠶᠢᠨ ᠪᠠᠷᠠᠭᠤᠨ ᠬᠤᠶᠢᠳᠤ ᠪᠡᠶ᠎ᠡ ᠪᠠᠷ ᠳᠠᠪᠤ ᠵᠢᠷᠭᠤᠭᠠᠨ ᠭᠠᠵᠠᠷ ᠤᠨ ᠵᠠᠶᠢᠳᠠᠢ ᠦᠬᠡᠬᠦ ᠶᠢᠨ ᠴᠠᠶᠢᠳᠠᠮ ᠠᠴᠠ ᠡᠬᠢ ᠠᠪᠴᠤ ᠵᠡᠬᠦᠨᠰᠢ᠂ ᠵᠡᠬᠦᠨ ᠤᠷᠤᠭᠰᠢ ᠪᠠᠨ ᠦᠷᠬᠦᠯᠵᠢᠯᠡᠭᠰᠡᠨ ᠴᠠᠶᠢᠳᠠᠮ ᠢ ᠦᠡᠭᠬᠦᠯᠴᠡᠭ ᠤᠨ ᠴᠠᠶᠢᠳᠠᠮ ᠬᠡᠳᠡᠭ᠃ ᠬᠦᠬᠡ ᠳᠠᠯ᠎ᠠ ᠶᠢᠨ ᠵᠡᠬᠦᠨ ᠪᠡᠶ᠎ᠡ ᠳᠤ ᠬᠦᠷᠦᠭᠰᠡᠨ ᠪᠠᠶᠠᠨ ᠴᠠᠶᠢᠳᠠᠮ ᠠᠴᠠ ᠤᠷᠤᠭᠰᠢ ᠪᠠᠨ ᠵᠠᠯᠭᠠᠯᠳᠤᠵᠤ᠂ ᠡᠷᠬᠢᠨ ᠳᠤᠭᠤᠷᠢᠨ ᠢᠶᠠᠷ ᠢᠶᠠᠨ ᠡᠬᠡᠬᠡ ᠯᠡ ᠬᠤᠷᠤᠭ᠎ᠠ ᠬᠠᠰᠢᠶ᠎ᠠ ᠮᠡᠳᠦ ᠪᠠᠶᠢᠷᠢᠯᠠᠵᠤ ᠪᠠᠶᠢᠳᠠᠭ ᠠᠴᠠ ᠪᠠᠨ ᠬᠦᠮᠦᠰ ᠭᠤᠷᠪᠠᠨ ᠴᠠᠶᠢᠳᠠᠮ ᠢ ᠨᠡᠶᠢᠯᠡᠬᠦᠯᠦᠬᠡᠳ ᠶᠡᠷᠦᠩᠬᠡᠶᠢᠯᠡᠨ ᠬᠤᠷᠤᠭᠠᠠᠴᠠᠶᠢᠳᠠᠮ ᠬᠡᠵᠦ ᠨᠡᠷᠡᠯᠡᠨ ᠳᠠᠭᠤᠳᠠᠳᠠᠭ ᠪᠤᠯᠤᠭᠰᠠᠨ ᠬᠡᠨ᠎ᠡ᠃ ᠴᠢᠯᠦᠬᠡᠯᠡᠭᠳᠡᠬᠦ ᠦᠶ᠎ᠡ ᠳᠤ ᠰᠤᠮᠤᠨ ᠤ ᠵᠠᠰᠠᠭ ᠵᠠᠬᠢᠷᠭᠠᠨ ᠤ ᠨᠡᠷ᠎ᠡ ᠪᠤᠯᠵᠤ ᠠᠯᠳᠠᠷᠰᠢᠭᠰᠠᠨ ᠪᠠᠶᠢᠨ᠎ᠠ᠃     ᠴᠢᠯᠦᠬᠡᠯᠡᠭᠳᠡᠬᠦ ᠶᠢᠨ ᠤᠷᠢᠳᠤ ᠬᠡᠳᠦᠨ ᠵᠢᠯ ᠳᠤ ᠮᠦᠡᠭᠬᠡᠨᠠᠰᠤᠨ ᠬᠡᠭᠴᠢ ᠵᠠᠯᠠᠭᠤ ᠬᠠᠨᠭ᠍ᠬᠢᠨ ᠤ ᠴᠡᠷᠢᠭ ᠤᠨ ᠠᠯᠪᠠ ᠬᠠᠭᠠᠵᠤ ᠪᠠᠶᠢᠭᠠᠳ ᠬᠠᠨᠭ᠍ᠬᠢᠨ ᠶᠠᠮᠤᠨ ᠤ ᠳᠤᠮᠢᠯᠠᠭ᠎ᠠ ᠪᠠᠷ ᠳᠦᠷᠪᠡᠨ ᠵᠠᠯᠠᠭᠤ ᠶᠢ ᠰᠦᠢᠶᠦᠸᠡᠨ ︵ᠬᠦᠬᠡᠬᠤᠳᠠ︶ ᠳᠤ ᠴᠡᠷᠢᠭ ᠤᠨ ᠪᠦᠷᠢᠶᠡᠴᠢᠨ ᠰᠤᠷᠭᠠᠬᠤ ᠪᠠᠷ ᠶᠠᠪᠤᠭᠤᠯᠬᠤ ᠳᠤ ᠳᠡᠳᠡᠨ ᠤ ᠨᠢᠬᠡ ᠨᠢ ᠪᠤᠯᠵᠤ ᠶᠠᠪᠤᠵᠠᠢ᠃ ᠬᠡᠳᠦᠨ ᠰᠠᠷ᠎ᠠ ᠶᠢᠨ ᠪᠤᠯᠪᠠᠰᠤᠷᠠᠯ ᠢᠶᠠᠷ ᠳᠠᠮᠵᠢᠭᠠᠳ ᠮᠦᠡᠭᠬᠡᠨᠠᠰᠤᠨ ᠶᠡᠭᠡ ᠰᠠᠶᠢᠨ ᠪᠦᠷᠢᠶᠡᠴᠢᠨ ᠪᠤᠯᠤᠭᠰᠠᠨ ᠪᠠᠶᠢᠵᠠᠢ᠃ ᠬᠡᠪᠡᠴᠦ ᠡᠪᠡᠳᠴᠢᠨ ᠳᠠᠬᠤᠯ ᠤᠷᠤᠵᠤ ᠵᠠᠰᠠᠷᠠᠵᠤ ᠳᠡᠶᠢᠯᠦᠭᠰᠡᠨ ᠦᠭᠡᠢ ᠪᠠᠷ ᠪᠤᠰᠤᠳ ᠲᠠᠢ ᠬᠠᠮᠳᠤ ᠬᠠᠷᠢᠵᠤ ᠢᠷᠡᠵᠦ ᠳᠡᠶᠢᠯᠦᠭᠰᠡᠨ ᠦᠭᠡᠢ ᠬᠦᠮᠦᠨ ᠤ ᠭᠠᠵᠠᠷ ᠦᠬᠡᠳᠡ ᠪᠤᠯᠤᠭᠰᠠᠨ ᠪᠠᠶᠢᠪᠠ᠃ ᠮᠦᠡᠭᠬᠡᠨᠠᠰᠤᠨ ᠬᠠᠷᠠᠬᠠᠨ ᠪᠠᠭ᠎ᠠ ᠠᠴᠠ ᠪᠠᠨ ᠰᠡᠴᠡᠨ ᠰᠡᠷᠬᠦᠯᠡᠩ᠂ ᠳᠠᠭᠤᠯᠠᠵᠤ ᠬᠦᠭᠵᠢᠮᠳᠡᠬᠦ ᠳᠡᠭᠡᠨ ᠠᠪᠢᠶᠠᠰ ᠲᠠᠢ ᠬᠦᠮᠦᠨ ᠪᠠᠶᠢᠵᠠᠢ᠃ ᠳᠡᠬᠡᠬᠡᠳ ᠬᠠᠮᠳᠤ ᠶᠠᠪᠤᠭ᠎ᠠ ᠬᠦᠮᠦᠰ ᠳᠡᠭᠡᠨ ᠳᠠᠭᠤᠤ ᠵᠤᠬᠢᠶᠠᠵᠤ ᠬᠡᠷ ᠨᠤᠳᠤᠭ᠂ ᠠᠪᠤ ᠡᠵᠢ ᠪᠠᠨ ᠰᠠᠨᠠᠭᠠᠯᠵᠠᠭᠰᠠᠨ ᠢᠶᠠᠨ ᠢᠯᠡᠳᠬᠡᠵᠦ ᠪᠢᠴᠢᠭᠰᠡᠨ ︽ᠬᠤᠷᠤᠭᠠᠨ ᠴᠠᠶᠢᠳᠠᠮ︾ ᠬᠡᠮᠡᠬᠦ ᠳᠠᠭᠤᠤ ᠨᠢ ᠬᠤᠯᠠ ᠤᠶᠢᠷ᠎ᠠ ᠳᠤ ᠠᠯᠳᠠᠷᠰᠢᠨ ᠳᠡᠯᠬᠡᠷᠡᠭᠰᠡᠨ ᠪᠠᠶᠢᠪᠠ᠃     ᠬᠤᠷᠤᠭᠠᠠᠴᠠᠶᠢᠳᠠᠮ ᠨᠤᠳᠤᠭ ᠲᠠᠢ ᠯᠠ ᠶᠤᠮ     ᠬᠤᠶᠠᠷ ᠦᠨᠳᠦᠷ ᠨᠤᠮᠤᠭᠠᠨ ᠲᠠᠢ ᠯᠠ ᠶᠤᠮ     ᠬᠤᠷᠤᠭᠠᠨ ᠵᠤᠤ ᠶᠢᠨ ᠡᠬᠦᠳᠡᠨ ᠳᠤ     ᠬᠤᠶᠠᠷ ᠮᠤᠳᠤ ᠲᠠᠢ ᠠᠶᠢᠯ ᠪᠠᠶᠢᠯ᠎ᠠ ᠬᠦ᠋ ᠁ ᠬᠡᠵᠤ ᠳᠠᠭᠤᠯᠠᠨ ᠵᠤᠬᠢᠶᠠᠭᠰᠠᠨ ᠳᠠᠭᠤᠤ ᠨᠢ ᠡᠳᠦᠬᠡ ᠴᠦ ᠬᠡᠳ ᠠᠷᠠᠳ ᠤᠨ ᠳᠤᠮᠳᠠ ᠤᠯᠠᠮᠵᠢᠯᠠᠭᠳᠠᠨ ᠳᠠᠭᠤᠯᠠᠭᠳᠠᠭᠰᠠᠭᠠᠷ ᠪᠠᠶᠢᠳᠠᠭ᠃ ᠮᠦᠡᠭᠬᠡᠨᠠᠰᠤᠨ ᠤ ᠬᠡᠷ ᠨᠢ ᠳᠠᠷᠤᠢ ᠳᠠᠭᠤᠨ ᠳᠤ ᠳᠠᠭᠤᠯᠠᠭᠳᠠᠭᠰᠠᠨ ᠲᠠᠢ ᠨᠢ ᠳᠡᠷᠡ ᠶᠤᠰᠤᠭᠠᠷ ᠬᠤᠷᠤᠭᠠᠨ ᠵᠤᠤ ᠰᠦᠮ᠎ᠡ ᠶᠢᠨ ᠡᠬᠦᠳᠡᠨ ︵ᠡᠮᠦᠨ᠎ᠡ ᠨᠢ︶ ᠳᠤ ᠨᠠᠢᠮᠠ ᠶᠢᠰᠦᠨ ᠭᠠᠵᠠᠷ ᠤᠨ ᠵᠠᠶᠢᠳᠠᠢ ᠬᠤᠶᠠᠷ ᠬᠠᠶᠢᠯᠠᠰᠤᠨ ᠮᠤᠳᠤ ᠲᠠᠢ ᠠᠶᠢᠯ ᠪᠤᠯ ᠶᠠᠭ ᠳᠡᠬᠦᠨ ᠤ ᠬᠡᠷ ᠨᠢ ᠪᠤᠯᠬᠤ ᠶᠤᠮ᠃ ᠴᠢᠯᠦᠬᠡᠯᠡᠭᠳᠡᠭᠰᠡᠨ ᠤ ᠳᠠᠷᠠᠭ᠎ᠠ ᠰᠤᠮᠤ᠂ ᠪᠠᠷᠢᠭᠠᠳᠠ ᠬᠡᠵᠦ ᠪᠠᠶᠢᠭᠤᠯᠤᠭᠳᠠᠭᠰᠠᠨ ᠤ ᠳᠠᠷᠠᠭ᠎ᠠ ᠴᠠᠶᠢᠳᠠᠮ ᠶᠡᠭᠡ ᠪᠠᠷᠢᠭᠠᠳᠠ ᠶᠢᠨ ᠵᠦᠪᠯᠡᠯ ᠶᠠᠭ ᠰᠠᠶᠢᠬᠠᠨ ᠮᠦᠡᠭᠬᠡᠨᠠᠰᠤᠨ ᠤ ᠬᠡᠷ ᠤᠨ ᠪᠠᠭᠤᠷᠢ ᠳᠡᠬᠡᠷ᠎ᠡ ᠠᠯᠪᠠ ᠬᠢᠵᠦ ᠪᠠᠶᠢᠪᠠ᠃ ᠡᠳᠦᠬᠡ ᠬᠤᠶᠠᠷ ᠬᠠᠶᠢᠯᠠᠰᠤᠨ ᠮᠤᠳᠤᠨ ᠤ ᠨᠢᠬᠡ ᠨᠢ ᠦᠭᠡᠢ ᠪᠤᠯᠴᠢᠬᠠᠵᠠᠢ᠂ ᠨᠢᠬᠡ ᠨᠢ ᠪᠠᠶᠢᠵᠤ ᠪᠠᠶᠢᠭᠰᠠᠨ ᠢᠶᠠᠨ ᠡᠳᠦᠬᠡ ᠰᠠᠭᠤᠭ᠎ᠠ ᠠᠶᠢᠯ ᠤᠨ ᠭᠠᠷ ᠦᠵᠦᠬᠦᠷ ᠤᠨ ᠪᠡᠯᠡ ᠪᠤᠯᠵᠤ ᠳᠠᠭᠠᠷᠢᠭᠳᠠᠭᠰᠠᠨ ᠪᠠᠶᠢᠯ᠎ᠠ᠃
ᠢᠷᠡᠯᠲᠡ᠄ ᠣᠷᠳᠣᠰ ᠤᠨ ᠡᠳᠦᠷ ᠤᠨ ᠰᠤᠨᠢᠨ