ᠮᠤᠩᠭᠤᠯ ᠭᠡᠷ ᠬᠢᠭᠡᠳ ᠲᠤᠭᠠᠨ ᠤ ᠤᠬᠠᠭᠠᠨ
ᠨᠡᠶᠢᠲᠡᠯᠡᠭᠰᠡᠨ ᠴᠠᠭ᠄
2023/5/26
      ᠮᠠᠨ ᠤ ᠮᠤᠩᠭᠤᠯ ᠦᠨᠳᠦᠰᠦᠳᠡᠨ ᠠᠷᠪᠠᠨ ᠭᠤᠷᠪᠠᠳᠤᠭᠠᠷ ᠵᠠᠭᠤᠨ ᠤ ᠦᠶ᠎ᠡ ᠳᠤ ᠠᠽᠢᠶ᠎ᠠ   ᠡᠧᠦᠷᠤᠫᠠ ᠶᠢ ᠰᠤᠨᠳᠠᠯᠠᠨ ᠮᠠᠨᠳᠤᠨ ᠬᠦᠭᠵᠢᠵᠤ ᠪᠠᠶᠢᠭᠰᠠᠨ ᠦᠶ᠎ᠡ ᠳᠡᠭᠡᠨ ᠠᠷᠠᠪ ᠭᠷᠧᠭ ᠤᠨ ᠪᠤᠯᠪᠠᠰᠤᠨ ᠰᠤᠶᠤᠯ ᠢ ᠮᠠᠨ ᠤ ᠤᠯᠤᠰ ᠲᠠᠭᠠᠨ ᠠᠪᠴᠢᠷᠠᠵᠤ ᠮᠠᠨ ᠤ ᠤᠯᠤᠰ ᠤᠨ ᠢᠶᠠᠨ ᠪᠤᠯᠪᠠᠰᠤᠨ ᠲᠠᠢ ᠤᠶᠠᠯᠳᠤᠭᠤᠯᠤᠭᠠᠳ ᠭᠢᠯᠠᠯᠵᠠᠭᠰᠠᠨ ᠶᠡᠭᠡ ᠠᠮᠵᠢᠯᠳᠠ ᠤᠯᠵᠤ ᠪᠠᠶᠢᠭᠰᠠᠨ ᠨᠢ ᠲᠡᠥᠬᠡᠨ ᠬᠠᠭᠤᠳᠠᠰᠤᠨ ᠳᠤ ᠢᠯᠡᠬᠡᠨ ᠪᠠᠶᠢᠨ᠎ᠠ᠃           ᠤᠳᠤ ᠶᠠᠷᠢᠬᠤ ᠭᠡᠵᠤ ᠪᠠᠶᠢᠬᠤ ᠪᠤᠯ ᠮᠤᠩᠭᠤᠯ ᠦᠨᠳᠦᠰᠦᠳᠡᠨᠨ ᠤ ᠡᠷᠳᠡᠨ ᠠᠴᠠ ᠠᠪᠤᠭᠠᠳ ᠬᠡᠷᠡᠭᠯᠡᠭᠡᠳ ᠢᠷᠡᠭᠰᠡᠨ ᠮᠤᠩᠭᠤᠯ ᠭᠡᠷ ᠪᠤᠯᠤᠨ᠎ᠠ᠃ ᠮᠤᠩᠭᠤᠯ ᠦᠨᠳᠦᠰᠦᠳᠡᠨ ᠪᠤᠯ ᠤᠭ ᠠᠴᠠ ᠪᠠᠨ ᠮᠠᠯ ᠮᠠᠯᠵᠢᠵᠤ ᠢᠷᠡᠭᠰᠡᠨ ᠦᠨᠳᠦᠰᠦᠳᠡᠨ ᠶᠤᠮ᠃ ᠡᠶᠢᠮᠦ ᠠᠴᠠ ᠪᠡᠯᠴᠢᠭᠡᠷ ᠤᠰᠤᠨ ᠤ ᠰᠠᠶᠢᠨ ᠢ ᠲᠠᠭᠠᠵᠤ ᠨᠡᠭᠦᠳᠡᠯᠯᠡᠬᠦ ᠬᠡᠷᠡᠭᠴᠡᠭᠡ ᠠᠴᠠ ᠪᠤᠯᠵᠤ ᠮᠤᠩᠭᠤᠯ ᠭᠡᠷ ᠡᠭᠦᠰᠦᠭᠰᠡᠨ ᠪᠠᠶᠢᠨ᠎ᠠ᠃          ᠲᠤᠭᠠᠨ ᠤ ᠤᠬᠠᠭᠠᠨ ᠤ ᠦᠵᠡᠯᠳᠡ ᠪᠠᠷ ᠮᠤᠩᠭᠤᠯ ᠭᠡᠷ  ᠢ ᠰᠢᠨᠵᠢᠯᠡᠪᠡᠯ᠄           ︵1︶ ᠪᠠᠭᠤᠴᠠ —— ᠮᠤᠩᠭᠤᠯ ᠭᠡᠷ ᠢᠶᠠᠨ ᠪᠤᠰᠬᠠᠬᠤ ᠳᠠᠭᠠᠨ ᠶᠠᠭᠤᠨ ᠤ ᠡᠮᠦᠨ᠎ᠡ ᠪᠠᠭᠤᠴᠠ ᠪᠠᠨ ᠪᠡᠯᠡᠳᠭᠡᠳᠡᠭ᠃ ᠲᠡᠷᠡ ᠨᠢ ᠲᠤᠭᠤᠷᠢᠭ ᠬᠢᠭᠡᠳ ᠲᠦᠪ ᠵᠢᠷᠤᠭ ᠲᠤᠯᠠ ᠠᠳᠡ ᠵᠢᠮ ᠤᠨ ᠴᠤᠭᠯᠠᠷᠠᠯ ᠪᠠ ᠬᠠᠪᠳᠠᠭᠠᠢ ᠶᠢᠨ ᠭᠧᠥᠮᠧᠲᠷᠢ ᠶᠢᠨ ᠦᠵᠡᠯ ᠰᠠᠨᠠᠭ᠎ᠠ ᠰᠢᠩᠭᠡᠵᠡᠢ᠃           ︵2︶ ᠬᠠᠨ᠎ᠠ —— ᠨᠡᠭᠦᠳᠡᠯᠯᠡᠵᠤ ᠶᠠᠪᠤᠬᠤ ᠳᠤ ᠲᠦᠭᠦᠮ  ᠤᠨ ᠬᠡᠷᠡᠭᠴᠡᠭᠡ ᠪᠠᠷ ᠬᠠᠨ᠎ᠠ ᠪᠠᠨ ᠠᠪᠠᠴᠢᠵᠤ ᠰᠤᠩᠭᠤᠬᠤ ᠰᠢᠨᠵᠢ ᠴᠢᠨᠠᠷ ᠲᠠᠢ ᠬᠢᠵᠠᠢ᠃ ᠠᠳᠡ ᠲᠦᠷᠪᠡᠯᠵᠢᠨ ᠤ ᠲᠤᠭᠳᠠᠪᠤᠷᠢᠳᠤ ᠪᠤᠰᠤ ᠰᠢᠨᠵᠢ ᠴᠢᠨᠠᠷ ᠢ ᠬᠡᠷᠡᠭᠯᠡᠭᠰᠡᠨ ᠪᠠᠶᠢᠨ᠎ᠠ᠃           ︵3︶ ᠭᠠᠳᠠᠨ᠎ᠠ ᠬᠡᠯᠪᠡᠷᠢ —— ᠮᠤᠩᠭᠤᠯ ᠭᠡᠷ ᠤᠨ ᠭᠠᠳᠠᠨ᠎ᠠ ᠬᠡᠯᠪᠡᠷᠢ ᠨᠢ ᠪᠦᠭᠡᠷᠡᠩᠬᠡᠢ ᠪᠠᠭᠠᠨ᠎ᠠ ᠲᠡᠭᠡᠷ᠎ᠡ ᠱᠤᠷᠤᠯᠵᠢᠨ ᠲᠠᠭᠠᠡᠶᠢᠳᠠᠰᠤ ᠶᠢ ᠬᠠᠪᠰᠤᠷᠭᠠᠭᠰᠠᠨ ᠬᠡᠯᠪᠡᠷᠢ ᠲᠠᠢ᠃ ᠡᠨᠡ ᠪᠤᠯ ᠴᠢᠳᠠᠬᠤᠶᠢᠴᠠ ᠶᠡᠭᠡ ᠲᠠᠯᠠᠪᠠᠢ ᠶᠢ ᠤᠯᠭᠤᠬᠤ ᠮᠦᠷᠳᠡᠭᠡᠨ ᠪᠠᠰᠠ ᠮᠠᠲ᠋ᠧᠷᠶ᠋ᠢᠶᠠᠯ ᠳᠤ ᠠᠷᠪᠢᠳᠠᠢ᠃ ᠲᠠᠷᠤᠢ᠄           ᠲᠡᠭᠡᠪᠦᠷ —— ᠱᠤᠷᠤᠯᠵᠢᠨ ᠤ ᠲᠠᠭᠠᠷᠢᠳᠠᠰᠤ ᠶᠢᠨ ᠲᠡᠯᠭᠡᠮᠡᠯ ᠵᠢᠷᠤᠭ ᠤᠨ ᠬᠡᠯᠪᠡᠷᠢ ᠲᠠᠢ᠃           ᠲᠤᠭᠤᠷᠭ᠎ᠠ —— ᠤᠷᠳᠤ ᠲᠦᠷᠪᠡᠯᠵᠢᠨ ᠬᠡᠯᠪᠡᠷᠢᠳᠠᠢ ᠪᠠᠶᠢᠳᠠᠭ᠃           ᠲᠤᠭᠤᠨᠤ—— ᠲᠤᠭᠤᠷᠢᠭ ᠬᠡᠯᠪᠡᠷᠢᠳᠡᠢ ᠬᠢᠭᠰᠡᠨ ᠪᠢᠰᠢ᠂ ᠬᠠᠷᠢᠨ ᠪᠦᠮᠪᠦᠷᠴᠡᠭ  ᠤᠨ ᠤᠷᠤᠶᠢᠪᠴᠢ ᠭᠡᠯᠪᠡᠷᠢᠳᠡᠢ ᠬᠢᠵᠡᠢ᠃ ᠡᠨᠡ ᠨᠢ ᠮᠠᠲ᠋ᠧᠷᠢᠶᠠᠯ ᠠᠷᠪᠢᠯᠠᠭᠠᠳ ᠢᠯᠡᠭᠦᠥ ᠡᠵᠡᠯᠡᠭᠦᠨ ᠤᠯᠭᠤᠨ᠎ᠠ᠃ ᠪᠤᠳᠤᠭᠠᠳ ᠦᠵᠡᠪᠡᠯ ᠲᠠᠷᠤᠢ ᠮᠡᠳᠡᠨ᠎ᠡ᠃            ︵4︶ ᠤᠨᠢ—— ᠬᠦᠮᠦᠰ ᠲᠤ ᠰᠢᠯᠤᠭᠤᠨ ᠤ ᠰᠡᠳᠭᠢᠭᠳᠡᠯ ᠢ ᠤᠯᠭᠤᠨ᠎ᠠ᠃ ᠪᠠᠰᠠ ᠤᠨᠢ ᠶᠢ ᠲᠤᠭᠳᠠᠭᠠᠬᠤ ᠳᠠᠭᠠᠨ ᠬᠤᠶᠠᠷ ᠴᠡᠭ ᠨᠢᠭᠡ ᠰᠢᠯᠠᠭᠤᠨ ᠢ ᠲᠤᠭᠳᠠᠭᠠᠬᠤ ᠶᠤᠰᠤ ᠶᠢ ᠬᠡᠷᠡᠭᠯᠡᠵᠡᠢ᠃           ︵5︶ ᠡᠷᠦᠬᠡ —— ᠲᠡᠭᠰᠢ ᠲᠦᠷᠪᠡᠯᠵᠢᠨ ᠬᠡᠯᠪᠡᠷᠢᠳᠡᠢ ᠢᠰᠡᠭᠡᠢ ᠪᠠᠷ ᠬᠢᠵᠤ᠂ ᠭᠤᠷᠪᠠᠨ ᠤᠭᠤᠰᠤᠷ   ᠢ ᠨᠢ ᠪᠡᠬᠡᠯᠡᠨ ᠲᠤᠭᠳᠠᠭᠠᠵᠤ᠂ ᠨᠢᠭᠡ ᠤᠭᠤᠰᠤᠷ ᠢ ᠨᠢ ᠠᠮᠢᠳᠤ ᠪᠠᠶᠢᠯᠭᠠᠳᠠᠭ᠃ ᠠᠮᠢᠳᠤ ᠪᠠᠶᠢᠯᠭᠠᠬᠤ ᠶᠢᠨ ᠤᠴᠢᠷ ᠨᠢ ᠡᠳᠦᠷ ᠪᠤᠯ ᠡᠷᠦᠬᠡ ᠪᠠᠨ ᠰᠡᠬᠦᠨ ᠬᠤᠶᠢᠰᠢ ᠲᠠᠳᠠᠨ ᠭᠤᠷᠪᠠᠯᠵᠢᠨ ᠪᠤᠯᠭᠠᠳᠠᠭ᠃ ᠠᠳᠡ ᠲᠡᠭᠰᠢ ᠬᠡᠮᠳᠦ ᠴᠢᠨᠠᠷ ᠤᠨ ᠦᠵᠡᠯ ᠰᠠᠨᠠᠭ᠎ᠠ ᠰᠢᠮᠡᠳᠦᠭᠰᠡᠨ ᠪᠠᠶᠢᠨ᠎ᠠ᠃           ︵6︶ ᠡᠭᠦᠳᠡ—— ᠤᠷᠳᠤ ᠲᠦᠷᠪᠡᠯᠵᠢᠨ ᠬᠡᠯᠪᠡᠷᠢᠳᠡᠢ᠃ ᠡᠭᠦᠳᠡᠨ ᠤ ᠨᠡᠬᠡᠭᠳᠡᠵᠤ ᠬᠠᠭᠠᠭᠳᠠᠵᠤ ᠬᠦᠳᠡᠯᠡᠩᠭᠦᠢ ᠪᠠᠶᠢᠳᠠᠭ ᠨᠢ᠂ ᠬᠤᠶᠠᠷ ᠴᠡᠭ ᠨᠢᠭᠡ ᠬᠠᠪᠳᠠᠭᠠᠢ ᠶᠢ ᠲᠤᠭᠳᠠᠭᠠᠵᠤ ᠴᠢᠳᠠᠬᠤ ᠦᠭᠡᠢ ᠶᠢᠨ ᠪᠤᠳᠠᠳᠠᠢ ᠬᠡᠷᠡᠭᠯᠡᠯᠳᠡ ᠮᠦᠨ᠃ ᠬᠡᠷᠪᠡ ᠡᠭᠦᠳᠡ ᠪᠠᠨ ᠤᠨᠢᠰᠤᠯᠠᠴᠢᠬᠠᠪᠠᠯ᠂ ᠭᠧᠥᠮᠧᠲᠷᠢ ᠳᠠᠬᠢ ᠭᠤᠷᠪᠠᠨ ᠴᠡᠭ ᠨᠢᠭᠡ ᠬᠠᠪᠳᠠᠭᠠᠢ ᠶᠢ ᠲᠤᠭᠳᠠᠭᠠᠵᠤ ᠴᠢᠳᠠᠬᠤ ᠶᠢᠨ ᠪᠤᠳᠠᠳᠠᠢ ᠬᠡᠷᠡᠭᠯᠡᠯᠳᠡ ᠪᠤᠯᠤᠨ᠎ᠠ᠃           ︵7︶ ᠴᠠᠭ ᠤᠨ ᠦᠢᠯᠡᠳᠦᠯ —— ᠮᠤᠩᠭᠤᠯ ᠭᠡᠷ ᠤᠨ ᠲᠤᠭᠤᠨᠤ ᠪᠠᠷ ᠤᠷᠤᠭᠰᠠᠨ ᠨᠠᠷᠠᠨ ᠤ  ᠲᠤᠰᠬᠠᠯᠳᠠ ᠪᠠᠷ ᠴᠠᠭ ᠢ ᠬᠡᠮᠵᠢᠳᠡᠭ᠃ ᠲᠤᠭᠤᠨᠤ ᠪᠠᠷ ᠤᠷᠤᠭᠰᠠᠨ ᠨᠠᠷᠠᠨ ᠤ ᠮᠤᠩᠭᠤᠯ ᠭᠡᠷ  ᠲᠤᠳᠤᠷᠠᠬᠢ ᠲᠤᠰᠬᠠᠯᠳᠠ ᠨᠢ ᠵᠤᠨ᠂ ᠨᠠᠮᠤᠷ᠂ ᠡᠪᠦᠯ᠂ ᠬᠠᠪᠤᠷ ᠤᠨ ᠠᠳᠠᠯᠢ ᠪᠤᠰᠤ ᠤᠯᠠᠷᠢᠯ ᠳᠤ ᠠᠳᠠᠯᠢ ᠪᠤᠰᠤ ᠪᠠᠶᠢᠳᠠᠭ᠃ ᠡᠭᠦᠨ ᠳᠤ ᠮᠠᠯᠴᠢᠳ ᠭᠡᠷ ᠤᠨ ᠨᠠᠷᠠᠨ ᠭᠤᠷᠪᠠ ᠶᠢᠰᠦ ᠳᠤ ᠭᠤᠷᠪᠠᠨ ᠬᠠᠨ᠎ᠠ ᠶᠢᠨ ᠨᠢᠳᠦ ᠨᠡᠮᠡᠭᠳᠡᠨ᠎ᠡ ᠭᠡᠬᠦ ᠮᠡᠳᠦ ᠪᠠᠷ ᠶᠠᠷᠢᠳᠠᠭ᠃ ᠠᠳᠡ ᠲᠤᠰᠬᠠᠯᠳᠠ ᠪᠠ ᠭᠤᠷᠪᠠᠯᠵᠢᠨ ᠤ ᠹᠦᠩᠽ ᠤᠨ ᠦᠵᠡᠯ ᠰᠠᠨᠠᠭ᠎ᠠ ᠰᠢᠩᠭᠡᠭᠰᠡᠨ ᠪᠠᠶᠢᠨ᠎ᠠ᠃
ᠢᠷᠡᠯᠲᠡ᠄ ᠣᠷᠳᠣᠰ ᠤᠨ ᠡᠳᠦᠷ ᠤᠨ ᠰᠤᠨᠢᠨ