ᠲᠤᠳᠤᠢ ᠳᠤᠰᠠᠯᠠᠭᠴᠢ ᠮᠤᠭᠠᠢ ᠬᠤᠪᠢᠯᠤᠭᠰᠠᠠ ᠳᠤᠮᠤᠭ
ᠨᠡᠶᠢᠲᠡᠯᠡᠭᠰᠡᠨ ᠴᠠᠭ᠄
2023/6/12
      ᠶᠡᠭᠡ ᠵᠤᠤ ᠶᠢᠨ ᠴᠢᠭᠤᠯᠭᠠᠨ ᠤ ᠪᠠᠷᠠᠭᠤᠨ ᠭᠠᠷᠤᠨ ᠡᠮᠦᠨᠡᠳᠦ ᠬᠤᠰᠢᠭᠤ ᠪᠤᠶᠤ ᠦᠤᠰᠢᠨ ᠪᠠᠶᠢᠯᠡ ᠶᠢᠨ ᠬᠤᠰᠢᠭᠤᠨ ᠤ ᠵᠡᠭᠦᠨ ᠳᠤᠰᠠᠯᠠᠭᠴᠢ ᠠᠭᠰᠠᠠ ᠲᠤᠳᠤᠰᠡᠷᠭᠦᠯᠡᠩ ᠭᠡᠭᠴᠢ ᠰᠠᠴᠡᠨ ᠮᠡᠷᠭᠡᠨ ᠳᠦᠰᠢᠮᠡᠯ ᠪᠠᠶᠢᠵᠠᠢ᠃ ᠬᠦᠮᠦᠰ ᠶᠡᠷᠦ ᠳᠡᠭᠡᠨ ︽ᠳᠤᠳᠤᠢ ᠳᠤᠰᠠᠯᠠᠭᠴᠢ︾ ᠭᠡᠮᠡᠨ ᠬᠦᠨᠳᠦᠳᠭᠡᠨ ᠳᠠᠭᠤᠳᠠᠳᠠᠭ᠃ ᠲᠡᠷᠡ ᠪᠠᠷ ᠨᠤᠳᠤᠭ ᠤᠰᠤ ᠪᠠᠨ ᠬᠠᠶᠢᠷᠠᠯᠠᠭᠰᠠᠠ ᠠᠯᠢ ᠤᠯᠠᠨ ᠠᠵᠢᠯᠯᠠᠭ᠎ᠠ ᠪᠠ ᠨᠤᠳᠤᠭ ᠤᠷᠤᠨ ᠤ ᠪᠤᠷᠬᠠᠨ ᠱᠠᠰᠢᠨ ᠤ ᠠᠵᠢᠯᠯᠠᠭ᠎ᠠ ᠳᠤ ᠢᠳᠡᠪᠬᠡᠶᠢᠯᠡᠨ ᠰᠢᠭᠤᠷᠬᠠᠶᠢᠯᠠᠵᠤ᠂ ᠮᠦᠡᠭᠬᠡᠵᠤᠤ ᠠᠴᠠ ᠠᠷᠪᠠᠨ ᠵᠤᠤ ᠪᠤᠷᠬᠠᠨ ᠪᠠ ᠨᠢᠭᠡ ᠪᠠᠨᠴᠢᠨ ᠪᠤᠷᠬᠠᠨ ᠵᠠᠯᠠᠵᠤ ᠠᠪᠴᠢᠷᠠᠭᠰᠠᠠ ᠪᠦᠭᠡᠳ ᠳᠡᠭᠡᠳᠦᠰ ᠴᠢᠩᠬᠢᠰ ᠬᠠᠭᠠᠨ᠂ ᠬᠤᠳᠤᠭᠳᠠᠢ ᠰᠠᠴᠡᠨ ᠬᠤᠨᠭ᠌ ᠲᠠᠶᠢᠵᠢ ᠪᠠ ᠰᠠᠭᠠᠡᠭ ᠡᠷᠭᠡ ᠰᠡᠴᠡᠨ ᠬᠤᠨᠭ᠌ ᠲᠠᠶᠢᠵᠢ ᠶᠢ ᠲᠠᠯᠠᠢ ᠪᠤᠭᠳᠠ ᠪᠠᠷ ᠠᠮᠢᠯᠠᠭᠤᠯᠤᠨ ︽ᠤᠯᠠᠭᠠᠨ ᠡᠵᠡᠨ︾ ᠭᠡᠭᠴᠢ ᠳᠤᠭᠰᠢᠨ ᠳᠦᠷᠢ ᠶᠢ ᠪᠦᠳᠦᠭᠡᠯᠭᠡᠵᠦ᠂ ᠶᠡᠭᠡ ᠪᠤᠳᠤᠩ ᠬᠡᠬᠦ ᠭᠠᠵᠠᠷ ᠬᠤᠳᠤᠭᠳᠠᠢ ᠰᠠᠴᠡᠨ ᠬᠤᠨᠭ᠌ ᠲᠠᠶᠢᠵᠢ ᠶᠢᠨ ᠤᠡᠭᠭᠤᠨ ᠳᠤ ᠡᠷᠬᠡᠰᠢᠭᠦᠯᠦᠨ ᠳᠠᠬᠢᠪᠠ᠃ ᠵᠠᠯᠠᠵᠤ ᠠᠪᠴᠢᠷᠠᠭᠰᠠᠠ ᠠᠷᠪᠠᠨ ᠵᠤᠤ ᠪᠤᠷᠬᠠᠨ ᠢ ᠤᠷᠳᠤᠰ ᠤᠨ ᠡᠯ᠎ᠡ ᠬᠤᠰᠢᠭᠤᠳ ᠤᠨ ᠰᠦᠮ᠎ᠡ ᠳᠤ ᠤᠷᠤᠰᠢᠭᠤᠯᠤᠨ ᠳᠠᠬᠢᠵᠤ᠂ ᠨᠢᠭᠡ ᠪᠠᠨᠴᠢᠨ ᠪᠤᠷᠬᠠᠨ ᠢ ᠦᠪᠡᠷ ᠤᠨ ᠭᠡᠷ ᠠᠯᠳᠠᠨ ᠳᠡᠪᠰᠢ ᠶᠢᠨ ᠪᠠᠷᠠᠭᠤᠨᠰᠢ ᠬᠠᠨᠳᠤᠭᠰᠠᠠ ᠬᠠᠪᠢᠷᠭ᠎ᠠ ᠳᠡᠭᠡᠷ᠎ᠡ ᠪᠠᠨᠴᠢᠨ ᠰᠦᠮ᠎ᠡ ᠪᠠᠶᠢᠭᠤᠯᠵᠤ᠂ ᠰᠢᠳᠦᠭᠡᠨ ᠰᠦᠮ᠎ᠡ ᠪᠤᠯᠭᠠᠨ ᠳᠠᠬᠢᠭᠰᠠᠠ ᠢᠶᠠᠷ ᠶᠡᠬᠡᠳᠡ ᠠᠯᠳᠠᠷᠰᠢᠪᠠ᠃ ᠨᠠᠰᠤᠨ ᠳᠤᠷᠰᠢ ᠪᠤᠶᠠᠨ ᠨᠤᠮ ᠤᠨ ᠤᠶᠢᠯᠡᠰ ᠲᠤ ᠵᠢᠳᠬᠦᠭᠰᠡᠡ ᠲᠤᠳᠤᠢ ᠳᠤᠰᠠᠯᠠᠭᠴᠢ ᠨᠠᠰᠤ ᠡᠴᠦᠰᠯᠡᠬᠦ ᠳᠡᠭᠡᠨ ᠬᠠᠵᠠᠭᠤ ᠶᠢᠨ ᠬᠦᠮᠦᠰ ᠲᠡᠭᠡᠨ᠄ ︽ᠨᠠᠮ᠎ᠠ ᠶᠢ ᠦᠭᠡᠢ ᠪᠤᠯᠤᠭᠰᠠᠠ ᠤ ᠳᠠᠷᠠᠭ᠎ᠠ ᠨᠢᠭᠡ ᠵᠠᠭᠤᠨ ᠪᠤᠷᠭᠠᠰᠤᠨ ᠤ ᠦᠨᠳᠦᠰᠦ ᠪᠠᠷ ᠠᠷᠤᠭ ᠭᠦᠷᠦᠭᠡᠳ ᠪᠤᠯᠠᠵᠤ᠂ ᠠᠯᠳᠠᠨ ᠳᠡᠪᠰᠢ ᠪᠤᠶᠤ ᠲᠦᠷᠦᠭᠰᠡᠡ ᠨᠤᠳᠤᠭ ᠲᠤ ᠮᠢᠨᠢ ᠤᠷᠤᠰᠢᠭᠤᠯᠤᠭᠠᠳ᠂ ᠵᠠᠭᠤᠨ ᠬᠤᠨᠤᠭ ᠤᠨ ᠳᠠᠷᠠᠭ᠎ᠠ ᠭᠠᠷᠭᠠᠵᠤ ᠠᠪᠤᠭᠠᠷᠠᠢ︕︾ ᠭᠡᠮᠡᠨ ᠵᠠᠬᠢᠭᠰᠠᠠ ᠭᠡᠨ᠎ᠡ᠃ ᠡᠨᠡ ᠤᠴᠢᠷ ᠢ ᠨᠢ ᠢᠷᠭᠡᠳ ᠤᠯᠵᠤ ᠮᠡᠳᠡᠭᠡᠳ ᠶᠡᠷᠡ ᠶᠢᠰᠦᠨ ᠡᠳᠦᠷ ᠳᠡᠭᠡᠷ᠎ᠡ ᠨᠢ ᠠᠮᠵᠢᠵᠤ ᠮᠠᠯᠳᠠᠵᠤ ᠭᠡᠨ᠎ᠡ᠃ ᠮᠠᠯᠳᠠᠭᠠᠳ ᠭᠠᠷᠭᠠᠬᠤ ᠪᠠᠷ ᠨᠢᠭᠡ ᠵᠠᠭᠤᠨ ᠪᠤᠷᠭᠠᠰᠤᠨ ᠤ ᠦᠨᠳᠦᠰᠦ ᠪᠤᠯᠭᠠᠨ ᠨᠢ ᠠᠮᠢᠳᠤ ᠮᠤᠭᠠᠢ ᠪᠦᠳᠦᠵᠦ᠂ ᠡᠭᠦᠷ ᠳᠦᠭᠦᠷᠡᠩ ᠮᠤᠭᠠᠢ ᠪᠠᠶᠢᠬᠤ ᠪᠠᠷ ᠨᠢ ᠢᠷᠭᠡᠳ ᠪᠦᠭᠦᠳᠡ ᠶᠢ ᠴᠠᠪᠴᠢᠨ ᠠᠯᠠᠵᠤ ᠭᠡᠨ᠎ᠡ᠃ ᠮᠠᠷᠭᠠᠰᠢ ᠦᠷᠯᠦᠭᠡ ᠨᠢ ᠢᠷᠭᠡᠳ ᠪᠤᠴᠠᠨ ᠢᠷᠡᠵᠦ ᠪᠠᠶᠢᠴᠠᠭᠠᠨ ᠦᠵᠡᠬᠦᠯᠡᠷ ᠰᠢᠷᠬᠠᠳᠤᠭᠰᠠᠠ ᠨᠢᠭᠡ ᠵᠢᠭᠠᠬᠠᠨ ᠮᠤᠭᠠᠢ ᠨᠢ ᠠᠮᠢᠳᠤ ᠦᠯᠡᠳᠡᠵᠦ᠂ ᠬᠤᠶᠢᠰᠢ ᠬᠠᠨᠳᠤᠭᠠᠳ ᠶᠠᠪᠤᠭᠰᠠᠠ ᠮᠦᠷ ᠢ ᠨᠢ ᠮᠦᠰᠬᠢᠪᠠᠯ ᠵᠠᠯᠠᠭ᠎ᠠ ᠶᠢᠨ ᠴᠠᠶᠢᠳᠠᠮ ᠤᠨ ᠸᠴᠢᠷ ᠭᠡᠰᠡᠨ ᠠᠶᠢᠯ ᠤᠨ ᠲᠦᠯᠡᠭᠡᠨ ᠳᠤᠤᠷ᠎ᠠ ᠤᠷᠤᠭᠠᠳ ᠤᠷᠤ ᠰᠤᠷᠠᠭ ᠦᠭᠡᠢ ᠪᠤᠯᠵᠤ ᠭᠡᠨ᠎ᠡ᠃ ᠡᠨᠡ ᠬᠦ ᠸᠴᠢᠷ ᠭᠡᠮᠡᠭᠴᠢ ᠠᠶᠢᠯ ᠳᠠᠷᠠᠭ᠎ᠠ ᠵᠢᠯ ᠨᠢ ᠨᠢᠭᠡ ᠬᠦᠦ ᠲᠦᠷᠦᠵᠦ᠂ ᠦᠯᠵᠠᠶᠢᠵᠢᠷᠭᠠᠯ ᠬᠡᠬᠦ ᠨᠡᠷ᠎ᠡ ᠦᠭᠴᠡᠢ᠃ ᠡᠨᠡ ᠬᠦᠮᠦᠨ ᠪᠤᠯ ᠬᠤᠵᠢᠮ ᠤᠨ ︽ᠰᠢᠨᠡᠯᠠᠮ᠎ᠠ︾ ᠪᠤᠯᠤᠨ᠎ᠠ᠃ ᠶᠠᠭ ᠲᠡᠷᠡ ᠡᠴᠡᠩᠭᠡᠷ ᠵᠢᠭᠠᠬᠠᠨ ᠮᠤᠭᠠᠢ ᠲᠠᠢ ᠠᠳᠠᠯᠢ ᠪᠠᠷ ᠰᠢᠨᠡᠯᠠᠮ᠎ᠠ ᠭᠡᠵᠦ ᠪᠤᠭᠤᠨᠢᠬᠠᠨ ᠪᠡᠶ᠎ᠡ ᠲᠠᠢ ᠡᠴᠡᠩᠭᠡᠷ ᠬᠦᠮᠦᠨ ᠪᠠᠶᠢᠭᠰᠠᠠ ᠭᠡᠳᠡᠭ᠃ ᠨᠤᠳᠤᠭ ᠤᠨ ᠬᠦᠮᠦᠰ ᠤᠨ ᠳᠤᠮᠤᠭᠯᠠᠨ ᠬᠠᠭᠤᠴᠢᠯᠠᠬᠤ ᠪᠠᠷ ᠨᠢᠭᠡ ᠵᠢᠭᠠᠬᠠᠨ ᠮᠤᠭᠠᠢ ᠨᠢ ᠴᠤ ᠰᠢᠨᠡᠯᠠᠮ᠎ᠠ ᠰᠢᠭ᠋ ᠪᠠᠭᠠᠳᠤᠷ ᠡᠷ᠎ᠡ ᠬᠤᠪᠢᠯᠤᠨ ᠲᠦᠷᠦᠭᠰᠡᠡ ᠶᠤᠮ ᠴᠢᠨᠢ ᠵᠠᠭᠤᠨ ᠮᠤᠭᠠᠢ ᠪᠦᠭᠦᠳᠡ ᠶᠠᠭᠤᠮ᠎ᠠ ᠪᠦᠳᠦᠭᠰᠡᠡ ᠪᠤᠯ ᠲᠡᠤᠬᠡ ᠴᠤ ᠪᠠᠰᠠ ᠨᠢᠭᠡᠨ ᠶᠠᠩᠵᠤ ᠪᠠᠷ ᠪᠢᠴᠢᠭᠳᠡᠬᠦ ᠪᠠᠶᠢᠭᠰᠠᠠ ᠪᠠᠶᠢᠬ᠎ᠠ ᠭᠡᠵᠡᠭᠡᠳᠡᠭ᠃
ᠢᠷᠡᠯᠲᠡ᠄ ᠬᠤᠯᠪᠤᠭ᠎ᠠ ᠰᠦᠯᠵᠢᠶ᠎ᠡ