ᠡᠵᠡᠨ ᠬᠤᠷᠤᠭᠠᠨ ᠤ ᠬᠤᠷᠢᠭ ᠭᠠᠵᠠᠷ
ᠨᠡᠶᠢᠲᠡᠯᠡᠭᠰᠡᠨ ᠴᠠᠭ᠄
2023/6/12
      ᠡᠵᠡᠨ ᠬᠤᠷᠤᠭᠠᠨ ᠤ ᠬᠤᠷᠢᠭ ᠭᠠᠵᠠᠷ ᠪᠤᠯ ᠴᠢᠩᠭᠢᠰ ᠬᠠᠭᠠᠨ ᠤ ᠴᠤᠮᠴᠤᠭ ᠤᠷᠳᠤ ᠶᠢᠨ ᠪᠠᠶᠢᠷᠢᠰᠢᠵᠤ ᠪᠠᠶᠢᠭ᠎ᠠ ᠡᠵᠡᠨ ᠬᠤᠷᠤᠭᠠᠨ ᠤ ᠨᠤᠲᠤᠭ ᠲᠠᠬᠢ ᠲᠡᠤᠬᠡᠨ ᠲᠡᠭᠡᠷ᠎ᠡ ᠪᠤᠢ ᠪᠤᠯᠤᠬᠰᠠᠨ ᠬᠤᠷᠢᠭ ᠭᠠᠵᠠᠷ ᠢ ᠵᠢᠭᠠᠵᠤ ᠪᠠᠶᠢᠨ᠎ᠠ᠃ 1649 ᠤᠨ ︵ᠡᠶᠡᠪᠡᠷ ᠵᠠᠰᠠᠬᠴᠢ ᠶᠢᠨ ᠵᠢᠷᠭᠤᠳᠤᠭᠠᠷ ᠤᠨ︶᠎ ᠳᠤ ᠴᠢᠩᠭᠢᠰ ᠬᠠᠭᠠᠨ ᠤ ᠨᠠᠢᠮᠠᠨ ᠴᠠᠭᠠᠨ ᠤᠷᠳᠤ ᠶᠢ ᠶᠡᠭᠡ ᠡᠵᠡᠨ ᠬᠤᠷᠤᠭᠠᠨ ᠳᠤ ᠨᠡᠭᠦᠯᠭᠡᠭᠰᠡᠨ ᠤ ᠲᠠᠷᠠᠭ᠎ᠠ᠂ ᠮᠤᠩᠭᠤᠯ ᠦᠨᠳᠦᠰᠦᠲᠡᠨ ᠤ ᠲᠠᠳᠬᠠᠯ ᠶᠤᠰᠤᠭᠠᠷ᠂ ᠶᠡᠭᠡ ᠡᠵᠡᠨ ᠬᠤᠷᠤᠭᠠᠨ ᠤ ᠤᠢᠢᠷ᠎ᠠ ᠬᠠᠪᠢ ᠢ ᠬᠤᠷᠢᠭ ᠭᠠᠵᠠᠷ ᠪᠤᠯᠭᠠᠪᠠ᠃ ᠬᠤᠷᠢᠭ ᠭᠠᠵᠠᠷ ᠲᠤ ᠠᠳᠠᠷ  ᠬᠠᠭᠠᠯᠪᠤᠷᠢᠯᠠᠬᠤ᠂ ᠰᠢᠪᠠᠷ ᠪᠠᠶᠢᠰᠢᠩ ᠪᠠᠷᠢᠬᠤ ᠶᠢ ᠬᠤᠷᠢᠬᠯᠠᠵᠤ᠂ ᠤᠢᠢᠷ᠎ᠠ ᠬᠠᠪᠢ ᠶᠢᠨ ᠠᠮᠢ ᠠᠬᠤᠢ ᠤᠷᠴᠢᠨ ᠲᠤᠭᠤᠷᠢᠨ ᠤ ᠤᠤᠯ ᠲᠦᠷᠬᠦ ᠶᠢ ᠬᠠᠮᠠᠭᠠᠯᠠᠨ᠂ ᠴᠢᠩᠭᠢᠰ ᠬᠠᠭᠠᠨ ᠤ ᠴᠤᠮᠴᠤᠭ ᠰᠢᠲᠦᠭᠡᠨ ᠤ ᠤᠢᠢᠷ᠎ᠠ ᠬᠠᠪᠢ ᠶᠢᠨ ᠪᠡᠯᠴᠢᠭᠡᠷ ᠨᠤᠲᠤᠭ ᠤᠨ ᠤᠤᠯ ᠬᠡᠪ ᠢ ᠨᠢ ᠪᠠᠲᠤᠯᠠᠪᠠ᠃ 1696 ᠤᠨ ︵ᠡ᠊ᠡᠭᠭᠡ ᠠᠮᠤᠭᠤᠯᠠᠩ ᠤᠨ ᠭᠤᠴᠢᠨ ᠲᠠᠪᠤᠳᠤᠭᠠᠷ ᠤᠨ︶᠎ ᠳᠤ᠂ ᠲᠠᠪᠤᠨ ᠵᠠᠭᠤᠨ ᠡᠷᠦᠬᠡ ᠰᠢᠷ᠎ᠠ ᠲᠠᠷᠬᠠᠳ ᠢ ᠲᠠᠬᠢᠨᠳᠠ ᠲᠠᠷᠬᠠᠯᠠᠵᠤ᠂ ᠶᠡᠭᠡ ᠡᠵᠡᠨ ᠬᠤᠷᠤᠭᠠᠨ ᠤ ᠤᠢᠢᠷ᠎ᠠ ᠬᠠᠪᠢ ᠳᠤ ᠰᠠᠭᠤᠯᠭᠠᠨ᠂ ︽ᠲᠠᠷᠬᠠᠳ ᠠᠶᠢᠮᠠᠭ︾᠎ ᠢ ᠪᠠᠶᠢᠭᠤᠯᠵᠤ᠂ ᠲᠡᠳᠡᠨ ᠳᠤ ᠨᠤᠲᠤᠭ ᠪᠡᠯᠴᠢᠭᠡᠷ ᠤᠯᠭᠤᠨ᠂ ᠲᠤᠲᠤᠷᠬᠠᠢ ᠬᠤᠷᠢᠭ ᠭᠠᠵᠠᠷ ᠢ ᠲᠤᠬᠲᠠᠭᠠᠪᠠ᠃ ᠬᠤᠷᠢᠭ ᠭᠠᠵᠠᠷ ᠨᠢ ︽ᠭᠤᠯᠤᠮᠲᠠ ᠶᠢᠨ ᠬᠤᠷᠢᠭ︾᠂ ︽ᠲᠤᠲᠤᠷ᠎ᠠ ᠶᠢᠨ ᠬᠠᠷ᠎ᠠ ᠬᠤᠷᠢᠭ︾᠂ ︽ᠭᠠᠳᠠᠨ᠎ᠠ ᠶᠢᠨ ᠬᠤᠷᠢᠭ ︵ᠪᠠᠢ︶︾ ᠵᠡᠷᠭᠡ ᠭᠤᠷᠪᠠᠨ ᠬᠤᠷᠢᠭ ᠢ ᠪᠠᠭᠲᠠᠭᠠᠨ᠎ᠠ᠃      ᠨᠢᠭᠡ᠂ ᠡᠵᠡᠨ ᠬᠤᠷᠤᠭᠠᠨ ᠤ ᠭᠤᠯᠤᠮᠲᠠ ᠶᠢᠨ ᠬᠤᠷᠢᠭ᠃ ᠡᠵᠡᠨ ᠬᠤᠷᠤᠭᠠᠨ ᠤ ᠭᠤᠯᠤᠮᠲᠠ ᠶᠢᠨ ᠬᠤᠷᠢᠭ ᠪᠤᠯ ᠶᠡᠭᠡ ᠡᠵᠡᠨ ᠬᠤᠷᠤᠭᠠᠨ ᠳᠠᠬᠢ ᠴᠢᠩᠭᠢᠰ ᠬᠠᠭᠠᠨ ᠤ ᠴᠤᠮᠴᠤᠭ ᠤᠷᠳᠤᠨ ᠤ ᠤᠢᠢᠷ᠎ᠠ ᠬᠠᠪᠢ ᠶᠢᠨ ᠬᠤᠷᠢᠭ ᠭᠠᠵᠠᠷ ᠢ ᠵᠢᠭᠠᠨ᠎ᠠ᠃ ᠭᠤᠯᠤᠮᠲᠠ ᠶᠢᠨ ᠬᠤᠷᠢᠭ ᠤᠨ ᠪᠠᠷᠠᠭᠤᠨ ᠦᠵᠦᠭᠦᠷ ᠨᠢ ᠭᠤᠵᠤᠭᠤᠷ ᠤᠪᠤᠭ᠎ᠠ᠂ ᠵᠡᠭᠦᠨ ᠦᠵᠦᠭᠦᠷ ᠨᠢ ᠲᠤᠭᠤᠭ᠎ᠠ ᠪᠤᠯᠠᠭ᠂ ᠡᠮᠦᠨ᠎ᠡ ᠦᠵᠦᠭᠦᠷ ᠨᠢ ᠪᠤᠷᠤ ᠲᠤᠯᠤᠭᠠᠢ᠂ ᠬᠤᠶᠢᠲᠤ ᠦᠵᠦᠭᠦᠷ ᠨᠢ ᠭᠠᠨᠳᠠᠷᠢ ᠶᠢᠨ ᠤᠪᠤᠭ᠎ᠠ ᠪᠤᠯᠤᠨ᠎ᠠ᠃ ᠭᠤᠯᠤᠮᠲᠠ ᠶᠢᠨ ᠬᠤᠷᠢᠭ ᠲᠤᠲᠤᠷ᠎ᠠ ᠲᠠᠷᠬᠠᠳ ᠬᠦᠮᠦᠰ ᠢ ᠪᠠᠭᠲᠠᠭᠠᠬᠰᠠᠨ ᠶᠠᠮᠠᠷᠪᠠ ᠬᠦᠮᠦᠨ ᠰᠠᠭᠤᠵᠤ ᠪᠤᠯᠳᠠᠭ ᠦᠭᠡᠢ᠃      ᠬᠤᠶᠠᠷ᠂ ᠡᠵᠡᠨ ᠬᠤᠷᠤᠭ᠋ ᠎ᠠ ᠬᠤᠰᠢᠭᠤᠨ ᠤ ᠳᠣᠲᠣᠷ᠎ᠠ ᠶᠢᠨ ᠬᠠᠷ᠎ᠠ ᠬᠤᠷᠢᠭ᠃ ᠡᠵᠡᠨ ᠬᠤᠷᠤᠭᠠᠨ ᠤ ᠲᠤᠲᠤᠷ᠎ᠠ ᠶᠢᠨ ᠬᠠᠷ᠎ᠠ ᠬᠤᠷᠢᠭ ᠪᠤᠯ ᠭᠤᠯᠤᠮᠲᠠ ᠶᠢᠨ ᠬᠤᠷᠢᠭ ᠢ ᠲᠤᠭᠤᠷᠢᠬᠰᠠᠨ ᠬᠡᠰᠡᠭ ᠬᠡᠪᠴᠢᠶᠡᠨ ᠤ ᠭᠠᠵᠠᠷ ᠪᠤᠯᠤᠨ᠎ᠠ᠃ ᠲᠤᠲᠤᠷ ᠎ᠠ ᠶᠢᠨ ᠬᠠᠷ᠎ᠠ ᠬᠤᠷᠢᠭ ᠤᠨ ᠪᠠᠷᠠᠭᠤᠨ ᠦᠵᠦᠭᠦᠷ ᠨᠢ  ᠪᠦᠬᠡᠷ᠎ᠡ ᠶᠢᠨ ᠬᠠᠷ᠎ᠠ ᠲᠤᠯᠤᠭᠠᠢ᠂ ᠵᠡᠭᠦᠨ ᠦᠵᠦᠭᠦᠷ ᠨᠢ ᠭᠤᠷᠪᠠᠨ ᠤᠪᠤᠭ᠎ᠠ᠂ ᠡᠮᠦᠨ᠎ᠡ ᠦᠵᠦᠭᠦᠷ ᠨᠢ  ᠬᠤᠲᠤᠭᠤᠷ ᠤᠨ ᠠᠮᠠ᠂ ᠬᠤᠶᠢᠲᠤ ᠦᠵᠦᠭᠦᠷ ᠨᠢ ᠲᠠᠯ᠎ᠠ ᠶᠢᠨ ᠤᠪᠤᠭ᠎ᠠ ᠪᠤᠯᠤᠨ᠎ᠠ᠃ ᠡᠵᠡᠨ ᠬᠤᠷᠤᠭᠠᠨ ᠤ ᠲᠤᠲᠤᠷ᠎ᠠ ᠶᠢᠨ ᠬᠤᠷᠢᠭ ᠲᠤ ᠲᠠᠶᠢᠱᠢ᠂ ᠲᠠᠶᠢᠪᠤᠤ᠂ ᠮᠠᠩᠨᠠᠢ᠂ ᠤᠰᠤᠪᠠᠨ ᠬᠡᠰᠢᠭ ᠤᠨ ᠶᠠᠮᠤᠲᠠᠳ ᠠᠴᠠ ᠪᠤᠰᠤᠳ ᠶᠠᠮᠠᠷ ᠴᠤ ᠠᠶᠢᠯ ᠰᠠᠭᠤᠵᠤ ᠪᠤᠯᠳᠠᠭ ᠦᠭᠡᠢ᠃ ᠢᠷᠭᠡᠨ ᠤᠯᠤᠰ ᠤᠨ 22 ᠤᠨ ᠤ ᠲᠡᠤᠬᠡᠨ ᠮᠠᠲ᠋ᠧᠷᠢᠶᠠᠯ ᠢ ᠦᠨᠳᠦᠰᠦᠯᠡᠪᠡᠯ ᠡᠵᠡᠨ ᠬᠤᠷᠤᠭᠠᠨ ᠤ ᠲᠤᠲᠤᠷ ᠎ᠠ ᠶᠢᠨ ᠬᠠᠷ᠎ᠠ ᠬᠤᠷᠢᠭ ᠤᠨ ᠵᠠᠭᠠᠭ ᠢ ᠰᠢᠪᠠᠷ ᠤᠨ ᠤᠪᠤᠭ᠎ᠠ ᠪᠠᠷ ᠲᠡᠮᠲᠡᠭ ᠪᠤᠯᠭᠠᠵᠤ ᠪᠠᠶᠢᠵᠠᠢ᠃       ᠭᠤᠷᠪᠠ᠂ ᠡᠵᠡᠨ ᠬᠤᠷᠤᠭᠠᠨ ᠤ ᠭᠠᠳᠠᠨ᠎ᠠ ᠶᠢᠨ ᠬᠤᠷᠢᠭ ︵ᠪᠠᠢ︶᠃ ᠡᠵᠡᠨ ᠬᠤᠷᠤᠭᠠᠨ ᠤ ᠭᠠᠳᠠᠨ᠎ᠠ ᠶᠢᠨ ᠬᠤᠷᠢᠭ ᠨᠢ ᠲᠤᠲᠤᠷ᠎ᠠ ᠶᠢᠨ ᠬᠤᠷᠢᠭ ᠢ ᠲᠤᠭᠤᠷᠢᠬᠰᠠᠨ ᠭᠠᠵᠠᠷ ᠢ ᠵᠢᠭᠠᠳᠠᠭ᠃ ᠭᠠᠳᠠᠨ᠎ᠠ ᠶᠢᠨ ᠬᠤᠷᠢᠭ ᠨᠢ ᠪᠠᠷᠠᠭᠤᠨᠰᠢ ᠪᠠᠨ ᠴᠠᠭᠠᠨ ᠴᠠᠶᠢᠳᠠᠮ᠂ ᠪᠠᠷᠠᠭᠤᠨ ᠬᠤᠶᠢᠰᠢ ᠪᠠᠨ  ᠲᠠᠶᠢᠳᠤᠬᠠᠢ ᠶᠢᠨ ᠤᠯᠠᠭᠠᠨᠲᠤᠯᠤᠭᠠᠢ᠂ ᠬᠤᠶᠢᠰᠢ ᠪᠠᠨ ᠲᠠᠤᠯᠠᠢ ᠶᠢᠨ ᠪᠤᠷᠤᠯᠵᠢᠨ᠂ ᠵᠡᠭᠦᠨ ᠬᠤᠶᠢᠰᠢ ᠪᠠᠨ ᠰᠠᠰᠠ ᠶᠢᠨ ᠤᠪᠤᠭ᠎ᠠ᠂ ᠡᠮᠦᠨᠡᠰᠢ ᠪᠠᠨ ᠤᠷᠳᠤ ᠶᠢᠨ ᠭᠤᠤᠯ᠂ ᠴᠠᠷᠪᠢ ᠶᠢᠨ ᠰᠦᠮ᠎ᠡ᠂ ᠪᠠᠷᠠᠭᠤᠨ ᠡᠮᠦᠨᠡᠰᠢ ᠪᠠᠨ ᠬᠤᠨᠭ᠌ ᠲᠤᠩ ᠬᠤᠤ᠂ ᠵᠠᠶᠢᠰᠠᠩ ᠤᠨ ᠵᠤᠤ ᠪᠤᠯᠲᠠᠯᠠᠬᠢ ᠭᠠᠵᠠᠷ ᠪᠤᠯᠤᠨ᠎ᠠ᠃ ᠭᠠᠳᠠᠨ᠎ᠠ ᠶᠢᠨ ᠬᠤᠷᠢᠭ ᠲᠤ ᠲᠠᠷᠬᠠᠳ ᠤᠳ ᠮᠠᠯ ᠮᠠᠯᠵᠢᠨ ᠰᠠᠭᠤᠵᠤ ᠪᠤᠯᠳᠠᠭ᠃ ᠴᠢᠩ ᠤᠯᠤᠰ ᠤᠨ ᠰᠡᠭᠦᠯᠴᠢ ᠶᠢᠨ ᠦᠶ᠎ᠡ ᠳᠤ ᠡ᠊ᠨᠳᠡ ᠲᠠᠷᠬᠠᠳ ᠤᠳ ᠲᠠᠷᠢᠶᠠᠯᠠᠬᠤ ᠶᠢ ᠵᠦᠪᠰᠢᠶᠡᠷᠡᠵᠡᠢ᠃ ︵ᠸᠠᠩᠴᠤᠬᠰᠡᠷᠡᠩ ᠲᠠᠯᠠᠨᠪᠠᠶᠠᠷ︶
ᠢᠷᠡᠯᠲᠡ᠄ ᠬᠤᠯᠪᠤᠭ᠎ᠠ ᠰᠦᠯᠵᠢᠶ᠎ᠡ