ᠨᠢᠷᠤᠭᠤᠨ ᠣᠪᠣᠭ — ᠤᠯᠠᠮᠵᠢᠯᠠᠯ ᠶᠠᠷᠢᠶ᠎ᠠ ᠪᠠᠷ ᠲᠡᠮᠦᠵᠢᠨ ᠤ ᠠᠷᠪᠠᠨ ᠨᠢᠭᠡᠨ ᠦᠶ᠎ᠡ ᠶᠢᠨ ᠡᠮᠦᠨᠡᠬᠢ ᠡᠮᠡᠭᠡ ᠠᠯᠤᠨ ᠭᠤᠸ᠎ᠠ ᠶᠢᠨ ᠬᠡᠪᠡᠯᠢ ᠳᠤ ᠨᠢ | ᠭᠡᠷᠡᠯ ᠰᠢᠩᠭᠡᠭᠰᠡᠨ ᠠᠴᠠ ᠪᠣᠯᠵᠤ ᠵᠢᠷᠮᠤᠰᠤᠯᠠᠨ ᠭᠤᠷᠪᠠᠨ ᠬᠦᠦ ᠲᠠᠢ ᠪᠣᠯᠵᠠᠢ᠃ ᠡᠨᠡ ᠭᠤᠷᠪᠠᠨ ᠬᠦᠦ ᠶᠢ ᠲᠡᠭᠷᠢ ᠰᠠᠬᠢᠭᠤᠯᠰᠤᠨ ᠶᠢᠷᠲᠢᠨᠴᠦ ᠳᠤ ᠲᠤᠮᠢᠯᠠᠨ | ᠪᠠᠭᠤᠯᠭᠠᠯ᠎ᠠ ᠭᠡᠵᠦ ᠦᠵᠡᠵᠦ ᠪᠠᠶᠢᠭᠰᠠᠨ ᠪᠣᠯᠬᠤᠷ ᠲᠡᠳᠡᠨ ᠢ ︽ᠨᠢᠷᠤᠭᠤᠳ︾᠂ ︽ᠨᠢᠷᠤᠭᠤᠨ︾ ᠭᠡᠵᠦ ᠳᠠᠭᠤᠳᠠᠵᠤ᠂ ᠬᠤᠵᠢᠮ ᠨᠢ ᠡᠳᠡ ᠭᠤᠷᠪᠠᠭᠤᠯᠠ ᠶᠢᠨ | ᠦᠷᠡᠰ ᠢ ︽ᠨᠢᠷᠤᠭᠤᠨ ᠮᠤᠩᠭᠤᠯ︾ ᠭᠡᠵᠦ ᠶᠡᠷᠦᠩᠬᠡᠶᠢᠯᠡᠨ ᠳᠠᠭᠤᠳᠠᠬᠤ ᠪᠣᠯᠵᠠᠢ᠃ | ᠲᠠᠩᠭᠤᠳ ᠣᠪᠣᠭ — ᠨᠡᠶᠢᠲᠡ ᠶᠢᠨ ᠣᠨ ᠲᠤᠭᠠᠯᠠᠯ ᠤᠨ11 — 13 ᠵᠠᠭᠤᠨ ᠤ ᠡᠬᠢ ᠬᠦᠷᠲᠡᠯ᠎ᠡ᠂ ᠡᠳᠦᠭᠡᠬᠢ ᠨᠢᠩᠰᠢᠶᠠ ᠤᠷᠴᠢᠮ ᠳᠤ ︽ᠶᠡᠭᠡ | ᠰᠢᠶᠠ︾ ᠭᠡᠬᠦ ᠨᠢᠭᠡ ᠤᠯᠤᠰ ᠪᠠᠶᠢᠪᠠ᠃ ᠰᠦᠩ ᠤᠯᠤᠰ ᠤᠨ ᠪᠠᠷᠠᠭᠤᠨ ᠵᠠᠬ᠎ᠠ ᠳᠤ ᠬᠦᠷᠰᠢᠯᠡᠵᠦ ᠪᠠᠶᠢᠭᠰᠠᠨ ᠪᠣᠯᠬᠤᠷ ᠪᠠᠷᠠᠭᠤᠨ ᠰᠢᠶᠠ ᠤᠯᠤᠰ ᠭᠡᠵᠦ ᠴᠦ | ᠬᠡᠯᠡᠳᠡᠭ᠃ ᠮᠤᠩᠭᠤᠯ ᠬᠠᠭᠠᠨᠲᠤ ᠤᠯᠤᠰ ᠪᠠᠶᠢᠭᠤᠯᠤᠭᠳᠠᠭᠰᠠᠨ ᠤ ᠰᠡᠭᠦᠯᠡᠷ1227 ᠤᠨ ᠳᠤ ᠲᠤᠰ ᠤᠯᠤᠰ ᠢ ᠳᠠᠶᠢᠯᠠᠨ ᠮᠦᠬᠦᠭᠡᠭᠰᠡᠨ ᠶᠤᠮ᠃ ᠮᠤᠩᠭᠤᠯᠴᠤᠳ | ᠲᠤᠬᠠᠢ ᠶᠢᠨ ᠦᠶ᠎ᠡ ᠶᠢᠨ ᠲᠠᠩᠬᠤ ᠶᠢᠨ ᠴᠢᠶᠠᠩ ᠦᠨᠳᠦᠰᠦᠲᠡᠨ ᠪᠠ ᠬᠦᠬᠡᠨᠠᠭᠤᠷ ᠤᠨ ᠲᠦᠪᠡᠳ ᠢ ᠶᠡᠷᠦᠩᠬᠡᠢ ᠳᠤ ᠨᠢ ᠲᠠᠩᠭᠤᠳᠴᠤᠳ ᠭᠡᠳᠡᠭ ᠪᠠᠶᠢᠵᠠᠢ᠃ ᠲᠠᠩᠬᠤ | ᠶᠢᠨ ᠴᠢᠶᠠᠩ ᠦᠨᠳᠦᠰᠦᠲᠡᠨ ᠮᠤᠩᠭᠤᠯ ᠳᠤ ᠰᠢᠩᠭᠡᠭᠰᠡᠨ ᠤ ᠰᠡᠭᠦᠯᠡᠷ ᠤᠤᠯ ᠤᠨ ᠤᠯᠤᠰ ᠤᠨ ᠢᠶᠠᠨ ᠨᠡᠷ᠎ᠡ ᠪᠠᠷ ᠢᠶᠠᠨ ᠲᠠᠩᠭᠤᠳ ᠤᠪᠤᠭᠲᠠᠨ ᠪᠣᠯᠪᠠ᠃ | ᠲᠦᠪᠡᠳ ᠣᠪᠣᠭ — ᠡᠷᠲᠡᠨ ᠤ ᠦᠶ᠎ᠡ ᠳᠤ ᠲᠦᠪᠡᠳ ᠤᠷᠤᠨ ᠳᠤ ᠨᠣᠲᠣᠭᠯᠠᠳᠠᠭ ᠲᠦᠪᠡᠳᠴᠣᠳ ᠢ ᠮᠤᠩᠭᠤᠯᠴᠣᠳ ︽ᠲᠦᠪᠡᠳ︾ ᠭᠡᠵᠦ᠂ | ᠬᠦᠬᠡᠨᠠᠭᠤᠷ ᠤᠷᠤᠨ ᠳᠤ ᠨᠤᠲᠤᠭᠯᠠᠳᠠᠭ ᠲᠦᠪᠡᠳᠴᠤᠳ ᠢ ᠨᠢ ︽ᠲᠠᠩᠭᠤᠳ︾ ᠭᠡᠳᠡᠭ᠃ ᠴᠢᠩ ᠤᠯᠤᠰ ᠠᠴᠠ ᠰᠡᠬᠦᠯᠴᠢ ᠪᠠᠷ ᠲᠦᠪᠡᠳᠴᠤᠳ ᠢ ᠪᠦᠬᠦᠨ ᠢᠶᠠᠷ | ᠨᠢ ︽ᠲᠦᠪᠡᠳ︾ ᠭᠡᠵᠦ ᠳᠠᠭᠤᠳᠠᠬᠤ ᠪᠣᠯᠪᠠ᠃ ᠮᠤᠩᠭᠤᠯᠴᠤᠳ ᠤᠨ ᠲᠤᠲᠤᠷᠠᠬᠢ ᠲᠦᠪᠡᠳ ᠣᠪᠣᠭ ᠪᠣᠯ ᠲᠦᠪᠡᠳ ᠦᠨᠳᠦᠰᠦᠲᠡᠨ ᠤ ᠨᠡᠷ᠎ᠡ ᠠᠴᠠ ᠤᠯᠠᠷᠢᠵᠤ | ᠢᠷᠡᠭᠰᠡᠨ ᠶᠤᠮ᠃ | ᠲᠠᠶᠢᠵᠢ ᠣᠪᠣᠭ — ︽ᠲᠠᠶᠢᠵᠢ︾ ᠭᠡᠭᠴᠢ ᠨᠢ ︽ᠲᠠᠶᠢᠽᠢ︾ ᠶᠢᠨ ᠤᠨᠳᠤᠤᠰᠢᠭᠰᠠᠨ ᠠᠪᠢᠶ᠎ᠠ ᠮᠦᠨ᠃ ᠶᠤᠸᠠᠨ᠂ ᠮᠢᠩ᠂ ᠴᠢᠩ ᠭᠤᠷᠪᠠᠨ ᠲᠦᠷᠦ | ᠶᠢᠨ ᠦᠶ᠎ᠡ ᠳᠤ᠂ ᠴᠢᠩᠬᠢᠰ ᠬᠠᠭᠠᠨ ᠤ ︽ᠠᠯᠲᠠᠨ ᠤᠷᠤᠭᠲᠠᠨ︾ — ᠪᠣᠷᠵᠢᠬᠢᠨ ᠣᠪᠣᠭᠲᠠᠳ ᠢ ᠵᠠᠷᠢᠮ ᠭᠠᠵᠠᠷ ᠤᠳ ᠲᠤ ᠲᠠᠶᠢᠵᠢ ᠭᠡᠵᠦ ᠳᠠᠭᠤᠳᠠᠳᠠᠭ᠃ | ᠡᠨᠡᠬᠦ ᠴᠤᠯᠠ ᠶᠢ ᠬᠦᠪᠡᠭᠦᠳ ᠨᠢ ᠦᠶ᠎ᠡ ᠤᠯᠠᠷᠢᠨ ᠵᠠᠯᠭᠠᠮᠵᠢᠯᠠᠬᠤ ᠪᠣᠯᠪᠠᠴᠤ᠂ ᠬᠡᠦᠬᠡᠨ ᠨᠢ ᠪᠣᠰᠣᠳ ᠣᠪᠣᠭᠲᠠᠨ ᠳᠤ ᠮᠤᠷᠳᠠᠭᠰᠠᠨ ᠤ ᠰᠡᠭᠦᠯᠡᠷ ᠦᠪᠡᠷ ᠢᠶᠠᠨ | ᠬᠡᠷᠡᠭᠯᠡᠳᠡᠭ ᠠᠴᠠ ᠪᠢᠰᠢ᠂ ᠦᠷ᠎ᠡ ᠬᠡᠦᠬᠡᠳ ᠲᠤ ᠪᠠᠨ ᠵᠠᠯᠭᠠᠮᠵᠢᠯᠠᠳᠠᠭ ᠦᠭᠡᠢ᠂ ︽ᠲᠠᠶᠢᠵᠢ︾ ᠣᠪᠣᠭᠲᠠᠳ ᠤᠨ ᠣᠯᠠᠩᠬᠢ ᠨᠢ ᠪᠣᠷᠵᠢᠬᠢᠳ ᠣᠪᠣᠭᠲᠠᠳ ᠪᠠᠶᠢᠳᠠᠭ | ᠶᠤᠮ᠃ | ᠵᠦᠷᠴᠢᠳ ᠣᠪᠣᠭ — ᠵᠦᠷᠴᠢᠳ ᠣᠪᠣᠭ ︵女真︶ ᠶᠤᠸᠠᠨ ᠤᠯᠤᠰ ᠤᠨ ᠦᠶ᠎ᠡ ᠳᠤ ᠮᠠᠨᠵᠤ ᠶᠢᠨ ᠳᠡᠭᠡᠳᠦᠰ ᠢ ᠵᠦᠷᠴᠢᠳ ᠭᠡᠳᠡᠭ᠃ | ᠵᠦᠷᠴᠢᠳ ᠮᠤᠩᠭᠤᠯ ᠳᠤ ᠰᠢᠩᠭᠡᠭᠰᠡᠨ ᠤ ᠰᠡᠬᠦᠯᠡᠷ ᠮᠦᠨ ᠵᠦᠷᠴᠢᠳ ᠤᠪᠤᠭᠲᠠᠨ ᠪᠣᠯᠵᠠᠢ᠃ |