︽ᠨᠢᠭᠡ ᠪᠦᠰᠡ ᠨᠢᠭᠡ ᠵᠠᠮ︾ ︵the Silk Road Eeonmie Belt and the21st-Centufy Maritime Silk | Road , ᠲᠣᠪᠴᠢᠯᠠᠭᠠᠳ the Relt and Road. ᠭᠡᠵᠤ ᠬᠤᠷᠢᠶᠠᠩᠭᠤᠢ ᠪᠢᠴᠢᠯᠭᠡ B&R︾ ᠪᠤᠯᠤᠨ᠎ᠠ︶ ᠪᠤᠯ ᠲᠣᠷᠭᠠᠨ ᠵᠠᠮ ᠤᠨ ᠠᠵᠤ ᠠᠬᠤᠢ | ᠶᠢᠨ ᠪᠦᠰᠡ ᠪᠠ 21 ᠳ᠋ᠤᠭᠡᠷ ᠵᠠᠭᠤᠨ ᠤ ᠳᠠᠯᠠᠢ ᠳᠡᠭᠡᠷᠡᠬᠢ ᠲᠣᠷᠭᠠᠨ ᠵᠠᠮ ᠤᠨ ᠲᠣᠪᠴᠢ ᠨᠡᠷᠡᠶᠢᠳᠦᠯ ᠪᠤᠯᠤᠨ᠎ᠠ᠃2013 ᠣᠨ ᠤ 9 ᠰᠠᠷ᠎ᠠ ᠪᠠ10 ᠰᠠᠷ᠎ᠠ ᠳᠤ | ᠳᠣᠮᠳᠠᠳᠤ ᠤᠯᠤᠰ ᠤᠨ ᠲᠡᠷᠢᠭᠦᠯᠡᠭᠴᠢ ᠰᠢ ᠶᠢᠨ ᠫᠢᠩ ᠲᠣᠷᠭᠠᠨ ᠵᠠᠮ ᠤᠨ ᠠᠵᠤ ᠠᠬᠤᠢ ᠶᠢᠨ ᠪᠦᠰᠡ ᠪᠠ21 ᠳ᠋ᠤᠭᠡᠷ ᠵᠠᠭᠤᠨ ᠤ ᠳᠠᠯᠠᠢ ᠳᠡᠭᠡᠷᠡᠬᠢ ᠲᠣᠷᠭᠠᠨ ᠵᠠᠮ ᠢ | ᠪᠦᠲᠦᠭᠡᠨ ᠪᠠᠶᠢᠭᠤᠯᠬᠤ ᠪᠠᠶᠢᠯᠳᠣᠬᠤ ᠪᠣᠳᠣᠯᠭ᠎ᠠ ᠶᠢᠨ ᠲᠦᠰᠦᠪᠯᠡᠯ ᠢ ᠲᠣᠰ ᠲᠣᠰ ᠳᠣᠷᠠᠳᠣᠭᠰᠠᠨ ᠪᠠᠶᠢᠨ᠎ᠠ᠃ | ︽ᠨᠢᠭᠡ ᠪᠦᠰᠡ ᠨᠢᠭᠡ ᠵᠠᠮ︾ ᠪᠤᠯ ᠬᠠᠮᠳᠣᠷᠠᠨ ᠠᠵᠢᠯᠯᠠᠵᠤ ᠬᠦᠭᠵᠢᠬᠦ ᠣᠨᠤᠯᠵᠢᠬᠤᠨ ᠪᠠ ᠰᠠᠨᠠᠭᠠᠴᠢᠯᠭ᠎ᠠ ᠪᠣᠯᠣᠨ᠎ᠠ᠃ ᠲᠡᠷᠡ ᠨᠢ ᠳᠣᠮᠳᠠᠳᠤ ᠤᠯᠤᠰ | ᠬᠢᠭᠡᠳ ᠬᠠᠮᠢᠶ᠎ᠠ ᠪᠦᠬᠦᠢ ᠤᠯᠤᠰ ᠤᠨ ᠨᠢᠭᠡᠨᠳᠡ ᠪᠠᠶᠢᠬᠤ ᠬᠤᠶᠠᠷ ᠲᠠᠯ᠎ᠠ ᠪᠠ ᠣᠯᠠᠨ ᠲᠠᠯᠠᠳᠤ ᠲᠣᠭᠳᠠᠯᠴᠠᠭ᠎ᠠ ᠳᠤ ᠲᠦᠰᠢᠭᠯᠡᠨ᠂ ᠣᠳᠤ ᠪᠠᠶᠢᠬᠤ᠂ ᠪᠦᠳᠦᠮᠵᠢᠳᠡᠢ | ᠶᠠᠪᠤᠭᠳᠠᠵᠤ ᠴᠢᠳᠠᠬᠤ ᠣᠷᠤᠨ ᠬᠡᠪᠴᠢᠶᠡᠨ ᠤ ᠬᠠᠮᠳᠣᠷᠠᠨ ᠠᠵᠢᠯᠯᠠᠬᠤ ᠳᠠᠪᠴᠠᠩ ᠢ ᠠᠰᠢᠭᠯᠠᠨ ᠡᠷᠳᠡᠨ ᠤ ︽ᠲᠣᠷᠭᠠᠨ ᠵᠠᠮ︾ ᠤᠨ ᠲᠡᠤᠬᠡ ᠶᠢᠨ ᠲᠡᠮᠳᠡᠭ ᠢ | ᠵᠢᠭᠡᠯᠡᠵᠤ᠂ ᠡᠩᠬᠡ ᠲᠠᠶᠢᠪᠣᠩ ᠬᠦᠭᠵᠢᠯᠳᠡ ᠶᠢᠨ ᠲᠤᠭ ᠢ ᠦᠨᠳᠦᠷ ᠡᠷᠭᠦᠨ᠂ ᠵᠠᠮ ᠳᠠᠭᠠᠤ ᠳᠠᠬᠢ ᠣᠯᠤᠰ ᠤᠳ ᠯᠤᠭ᠎ᠠ ᠶᠢᠨ ᠠᠵᠤ ᠠᠬᠤᠢ ᠶᠢᠨ ᠬᠠᠮᠳᠣᠷᠠᠨ | ᠠᠵᠢᠯᠯᠠᠬᠤ ᠬᠠᠨᠢᠳᠠᠨ ᠤ ᠬᠠᠷᠢᠴᠠᠭ᠎ᠠ ᠶᠢ ᠰᠠᠨᠠᠭᠠᠴᠢᠯᠭ᠎ᠠ ᠲᠠᠢ ᠬᠦᠭᠵᠢᠭᠦᠯᠵᠤ᠂ ᠣᠯᠤᠰ ᠲᠦᠷᠦ ᠶᠢᠨ ᠢᠳᠡᠭᠡᠯᠴᠡᠯ᠂ ᠠᠵᠤ ᠠᠬᠤᠢ ᠶᠢᠨ ᠨᠡᠶᠢᠯᠡᠯᠭᠡ᠂ ᠰᠣᠶᠤᠯ ᠤᠨ | ᠪᠠᠭᠳᠠᠭᠠᠯᠴᠠᠯ ᠪᠦᠬᠦᠢ ᠠᠰᠢᠭ ᠲᠣᠰᠠ ᠶᠢᠨ ᠬᠠᠮᠳᠤ ᠶᠢᠨ ᠴᠣᠭᠴᠠ᠂ ᠬᠤᠪᠢ ᠵᠠᠶᠠᠭᠠᠨ ᠤ ᠬᠠᠮᠳᠤ ᠶᠢᠨ ᠴᠣᠭᠴᠠ ᠪᠠ ᠬᠠᠷᠢᠭᠤᠴᠠᠯᠭ᠎ᠠ ᠶᠢᠨ ᠬᠠᠮᠳᠤ ᠶᠢᠨ ᠴᠣᠭᠴᠠ | ᠶᠢ ᠬᠠᠮᠳᠤ ᠪᠠᠷ ᠴᠣᠭᠴᠠᠯᠠᠬᠤ ᠵᠤᠷᠢᠯᠭ᠎ᠠ ᠲᠠᠢ ᠶᠤᠮ᠃ | ︽ᠨᠢᠭᠡ ᠪᠦᠰᠡ ᠨᠢᠭᠡ ᠵᠠᠮ︾ ᠨᠢ ᠡᠸᠦ᠋ᠷᠦᠫᠠ ᠠᠽᠢᠶ᠎ᠠ ᠶᠢᠨ ᠡᠬᠡ ᠭᠠᠵᠠᠷ ᠢ ᠨᠡᠪᠳᠡᠯᠵᠤ᠂ ᠵᠡᠭᠦᠨ ᠲᠠᠯ᠎ᠠ ᠨᠢ ᠠᠽᠢᠶ᠎ᠠ ᠨᠣᠮᠣᠬᠠᠨ ᠳᠠᠯᠠᠢ ᠶᠢᠨ ᠠᠵᠤ | ᠠᠬᠤᠢ ᠶᠢᠨ ᠬᠦᠷᠢᠶ᠎ᠡ ᠶᠢ ᠬᠤᠯᠪᠤᠨ᠂ ᠪᠠᠷᠠᠭᠤᠨ ᠲᠠᠯ᠎ᠠ ᠨᠢ ᠡᠸᠦ᠋ᠷᠦᠫᠠ ᠲᠢᠪ ᠤᠨ ᠠᠵᠤ ᠠᠬᠤᠢ ᠶᠢᠨ ᠬᠦᠷᠢᠶ᠎ᠡ ᠳᠤ ᠣᠷᠣᠨ᠎ᠠ᠃ | ︽ᠨᠢᠭᠡ ᠪᠦᠰᠡ ᠨᠢᠭᠡ ᠵᠠᠮ︾ ᠤᠨ ᠰᠠᠨᠠᠭᠠᠴᠢᠯᠭ᠎ᠠ ᠪᠤᠯ ᠡᠷᠳᠡᠨ ᠤ ᠲᠣᠷᠭᠠᠨ ᠵᠠᠮ ᠢ ᠣᠯᠠᠮᠵᠢᠯᠠᠨ ᠵᠠᠯᠭᠠᠮᠵᠢᠯᠠᠬᠤ ᠪᠠ ᠲᠡᠭᠡᠭᠰᠢᠯᠡᠭᠦᠯᠬᠦ ᠶᠠᠪᠣᠳᠠᠯ ᠪᠤᠯᠬᠤ | ᠶᠤᠮ᠃ ᠵᠠᠮ ᠲᠠᠭᠠᠣ ᠳᠠᠬᠢ ᠮᠠᠰᠢ ᠣᠯᠠᠨ ᠣᠯᠤᠰ ᠳᠣᠮᠳᠠᠳᠤ ᠣᠯᠤᠰ ᠲᠠᠢ ᠬᠠᠮᠳᠤ ᠶᠢᠨ ᠠᠰᠢᠭ ᠲᠣᠰᠠ ᠲᠠᠢ ᠶᠤᠮ᠃ | ᠲᠣᠷᠭᠠᠨ ᠵᠠᠮ ᠤᠨ ᠠᠵᠤ ᠠᠬᠤᠢ ᠶᠢᠨ ᠪᠦᠰᠡ—— ᠪᠦᠳᠦᠭᠡᠨ ᠪᠠᠶᠢᠭᠤᠯᠵᠤ ᠠᠵᠢᠯᠯᠠᠬᠤ ᠠᠩᠬᠠᠨ ᠤ ᠱᠠᠳᠣᠨ ᠳᠤ ᠭᠤᠤᠯᠳᠠᠭᠤ ᠳᠣᠮᠳᠠᠳᠤ | ᠤᠯᠤᠰ ᠬᠢᠭᠡᠳ ᠲᠦᠪ ᠠᠽᠢᠶ᠎ᠠ ᠶᠢᠨ ᠣᠯᠤᠰ ᠤᠳ ᠲᠠᠢ ᠬᠤᠯᠪᠤᠭᠳᠠᠨ᠎ᠠ᠃ ᠢᠷᠡᠭᠡᠳᠦᠢ ᠳᠤ ᠠᠭᠠᠵᠢᠮ ᠢᠶᠠᠷ ᠳᠣᠮᠳᠠᠳᠤ᠂ ᠵᠡᠭᠦᠨ ᠡᠸᠦ᠋ᠷᠦᠫᠠ ᠬᠢᠭᠡᠳ ᠪᠠᠷᠠᠭᠤᠨ | ᠠᠽᠢᠶ᠎ᠠ᠂ ᠣᠮᠠᠷᠠᠳᠤ ᠠᠹᠷᠢᠺᠠ ᠣᠷᠤᠨ ᠵᠡᠷᠭᠡ ᠨᠡᠩ ᠦᠷᠭᠡᠨ ᠭᠠᠵᠠᠷ ᠣᠷᠤᠨ ᠢ ᠬᠠᠮᠤᠷᠠᠬᠤ ᠪᠠ ᠨᠦᠯᠦᠭᠡᠯᠡᠬᠦ ᠪᠤᠯᠤᠨ᠎ᠠ᠃ | 21 ᠳ᠋ᠤᠭᠡᠷ ᠵᠠᠭᠤᠨ ᠤ ᠳᠠᠯᠠᠢ ᠳᠡᠭᠡᠷᠡᠬᠢ ᠲᠣᠷᠭᠠᠨ ᠵᠠᠮ—— ᠠᠩᠬᠠᠨ ᠤ ᠱᠠᠳᠣᠨ ᠳᠠᠬᠢ ᠬᠠᠮᠳᠣᠷᠠᠨ ᠠᠵᠢᠯᠯᠠᠬᠤ ᠭᠤᠣᠯ ᠴᠣᠭᠴᠠ ᠨᠢ ᠳᠣᠮᠳᠠᠳᠤ | ᠣᠯᠤᠰ ᠬᠢᠭᠡᠳ ᠵᠡᠭᠦᠨ ᠡᠮᠦᠨᠡᠳᠤ ᠠᠽᠢᠶ᠎ᠠ ᠶᠢᠨ ᠣᠯᠤᠰ ᠪᠠᠶᠢᠵᠤ᠂ ᠢᠷᠡᠭᠡᠳᠦᠢ ᠳᠤ ᠡᠨᠡᠳᠬᠡᠭ ᠳᠠᠯᠠᠢ᠂ ᠳᠣᠮᠳᠠᠳᠤ ᠳᠣᠷᠤᠨᠠᠳᠤ᠂ ᠠᠹᠷᠢᠺᠠ ᠲᠢᠪ ᠵᠡᠷᠭᠡ ᠭᠠᠵᠠᠷ ᠤᠨ | ᠣᠯᠤᠰ ᠬᠦᠷᠳᠡᠯ᠎ᠡ ᠦᠷᠭᠦᠯᠵᠢᠯᠡᠭᠦᠯᠵᠤ ᠪᠤᠯᠤᠨ᠎ᠠ᠃ | ᠲᠣᠷᠭᠠᠨ ᠵᠠᠮ ᠢ ᠲᠠᠯᠠᠢ ᠪᠠ ᠬᠠᠭᠤᠷᠠᠢ ᠭᠡᠵᠤ ᠬᠠᠶᠠᠷ ᠬᠤᠪᠢᠶᠠᠨ᠎ᠠ᠃ ᠵᠠᠩ ᠴᠢᠶᠡᠨ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ138 ᠣᠨ ᠳᠤ | ᠳᠠᠭᠠᠭᠰᠠᠳ ᠢᠶᠠᠨ ᠠᠪᠴᠣ ᠴᠠᠩ ᠠᠨ ᠠᠴᠠ ᠪᠠᠷᠠᠭᠤᠨᠰᠢ ᠮᠣᠷᠳᠠᠵᠤ ᠪᠠᠷᠠᠭᠤᠨ ᠬᠢᠵᠠᠭᠠᠷ ᠣᠷᠤᠨ ᠵᠦᠭ ᠠᠶᠠᠯᠠᠵᠡᠢ᠃ ᠵᠠᠩ ᠴᠢᠶᠡᠨ ᠪᠠᠷᠠᠭᠤᠨ ᠬᠢᠵᠠᠭᠠᠷ ᠣᠷᠤᠨ ᠳᠤ | ᠨᠡᠪᠳᠡᠷᠡᠭᠰᠡᠨ ᠤ ᠳᠠᠷᠠᠭ᠎ᠠ᠂ ᠬᠠᠨ ᠣᠯᠤᠰ ᠬᠢᠭᠡᠳ ᠪᠠᠷᠠᠭᠤᠨ ᠬᠢᠵᠠᠭᠠᠷ ᠣᠷᠤᠨ ᠤ ᠣᠯᠠᠨ ᠣᠯᠤᠰ ᠶᠠᠪᠤᠯᠴᠠᠭᠠᠨ ᠤ ᠳᠣᠮᠳᠠ ᠪᠠᠨ ᠠᠭᠠᠵᠢᠮ ᠢᠶᠠᠷ ᠲᠣᠷᠭ᠎ᠠ | ᠳᠣᠷᠳᠣᠩ ᠤᠨ ᠠᠷᠠᠯᠵᠢᠶ᠎ᠠ ᠪᠠᠷ ᠭᠤᠤᠯ ᠪᠤᠯᠭᠠᠭᠰᠠᠨ᠂ ᠳᠣᠮᠳᠠᠳᠤ ᠣᠷᠤᠨ ᠬᠢᠭᠡᠳ ᠲᠦᠪ ᠠᠽᠢᠶ᠎ᠠ᠂ ᠪᠠᠷᠠᠭᠤᠨ ᠠᠽᠢᠶ᠎ᠠ᠂ ᠡᠮᠦᠨᠡᠳᠤ ᠠᠽᠢᠶ᠎ᠠ ᠵᠢᠴᠢ ᠡᠸᠦ᠋ᠷᠦᠫᠠ | ᠲᠢᠪ ᠢ ᠬᠤᠯᠪᠤᠭᠰᠠᠨ ᠨᠢᠭᠡᠨ ᠵᠤᠷᠪᠣᠰ ᠬᠠᠭᠤᠷᠠᠢ ᠶᠢᠨ ᠵᠠᠮ ᠢ ᠪᠣᠢ ᠪᠤᠯᠭᠠᠵᠤ᠂ ᠲᠡᠷᠡ ᠨᠢ ︽ᠲᠣᠷᠭᠠᠨ ᠵᠠᠮ︾ ᠭᠡᠵᠤ ᠨᠡᠷᠡᠯᠡᠭᠳᠡᠪᠡ᠃ ᠲᠡᠯᠭᠡᠷᠡᠩᠭᠦᠢ ᠤᠳᠬ᠎ᠠ | ᠳᠡᠭᠡᠷᠡᠬᠢ ᠲᠣᠷᠭᠠᠨ ᠵᠠᠮ ᠪᠤᠯ ᠡᠷᠳᠡᠨ ᠤ ᠳᠣᠮᠳᠠᠳᠤ ᠦᠷᠦᠨᠡᠳᠤ ᠶᠢᠨ ᠬᠤᠳᠠᠯᠳᠣᠭᠠᠨ ᠤ ᠵᠠᠮ ᠤᠨ ᠶᠡᠷᠦᠩᠬᠡᠢ ᠨᠡᠷᠡᠶᠢᠳᠦᠯ ᠪᠠᠶᠢᠵᠤ᠂ ᠾᠧᠰᠢ ᠶᠢᠨ ᠬᠤᠩᠬᠢᠯ ᠢᠶᠠᠷ | ᠭᠠᠷᠴᠤ ᠲᠦᠪ ᠠᠽᠢᠶ᠎ᠠ ᠦᠩᠭᠡᠷᠡᠬᠦ ︽ᠬᠠᠭᠤᠷᠠᠢ ᠳᠡᠭᠡᠷᠡᠬᠢ ᠲᠣᠷᠭᠠᠨ ᠵᠠᠮ︾᠂ ᠵᠢᠴᠢ ᠡᠮᠦᠨᠡᠳᠤ ᠲᠠᠩᠬᠢᠰ ᠢᠶᠠᠷ ᠳᠠᠮᠵᠢᠨ ᠵᠡᠭᠦᠨ ᠡᠮᠦᠨᠡᠳᠤ ᠠᠽᠢᠶ᠎ᠠ ᠬᠦᠷᠬᠦ ︽ | ᠳᠠᠯᠠᠢ ᠳᠡᠭᠡᠷᠡᠬᠢ ᠲᠣᠷᠭᠠᠨ ᠵᠠᠮ︾ ᠢ ᠪᠠᠭᠳᠠᠭᠠᠳᠠᠭ᠃ | | |